ᠴ᠊᠂ ᠴᠤᠯᠮᠤᠨ
ᠨᠡᠶᠢᠲᠡᠯᠡᠭᠰᠡᠨ ᠴᠠᠭ᠄
2022/12/14
     ᠴᠡᠳᠡᠨᠵᠠᠪ ᠤᠨ ᠴᠤᠯᠮᠤᠨ᠂ ᠡᠷᠡᠭᠲᠡᠢ᠂ ᠮᠤᠩᠭᠤᠯ ᠦᠨᠳᠦᠰᠦᠲᠡᠨ᠂ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠪᠠᠶᠠᠠᠭᠤᠯᠠ ᠰᠤᠮᠤ ᠶᠢᠨ ᠪᠠᠶᠠᠨᠲᠠᠯ᠎ᠠ ᠭᠠᠴᠠᠭᠠᠨ ᠳᠤ ᠲᠦᠷᠦᠭᠰᠡᠨ᠃ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠭᠡᠳᠤ ᠰᠤᠷᠭᠠᠭᠤᠯᠢ ᠶᠢᠨ ᠫᠷᠤᠹᠧᠰᠰᠤᠷ᠂ ᠠᠰᠫᠢᠷᠠᠨᠲ ᠤᠨ ᠵᠢᠯᠤᠭᠤᠲᠤᠭᠴᠢ᠃     2005 ᠤᠨ ᠳᠤ ᠳ᠋ᠤᠺᠲ᠋ᠤᠷ ᠴᠤᠯᠠ ᠬᠠᠮᠠᠭᠠᠯᠠᠵᠤ᠂ 2008 —2009 ᠤᠨ ᠳᠤ ᠲᠤᠺᠢᠤ᠋ ᠶᠢᠨ ᠭᠠᠳᠠᠭᠠᠳᠤ ᠰᠤᠳᠤᠯᠤᠯ ᠤᠨ ᠶᠡᠭᠡ ᠰᠤᠷᠭᠠᠭᠤᠢ ᠳᠤ ᠭᠠᠳᠠᠭᠠᠳᠤ ᠶᠢᠨ ᠡᠷᠳᠡᠮᠲᠡᠨ ᠢᠶᠠᠷ ᠠᠵᠢᠯᠯᠠᠪᠠ᠃     ︽ᠰᠤᠶᠤᠯ ᠤᠨ ᠬᠤᠪᠢᠰᠤᠯ ᠳᠤᠮᠳᠠᠬᠢ ᠮᠤᠩᠭᠤᠯ ᠤᠷᠠᠨ ᠵᠤᠬᠢᠶᠠᠯ ᠤᠨ ᠰᠤᠳᠤᠯᠤᠯ︾ ︵2006︶᠂ ︽ᠬᠤᠷᠢᠳᠤᠭᠠᠷ ᠵᠠᠭᠤᠨ ᠤ ᠰᠡᠭᠦᠯᠴᠢ ᠶᠢᠨ ᠬᠤᠷᠢᠨ ᠵᠢᠯ ᠳᠠᠬᠢ ᠮᠤᠩᠭᠤᠯ ᠲᠤᠭᠤᠵᠢᠰ ᠤᠨ ᠤᠳᠤᠬᠢᠴᠢ ᠬᠡᠯᠪᠡᠷᠢᠯ︾ ︵2007︶ ᠵᠡᠷᠬᠡ ᠡᠷᠳᠡᠮ ᠰᠢᠨᠵᠢᠯᠡᠬᠡᠨ ᠤ ᠨᠤᠮ ᠬᠡᠪᠯᠡᠬᠦᠯᠵᠤ᠂ ︽ᠮᠤᠩᠭᠤᠯ ᠰᠤᠶᠤᠯ ᠤᠨ ᠲᠤᠪᠴᠢ ᠲᠡᠤᠬᠡ︾ ︵2012︶᠂ ︽ᠰᠦᠨᠢᠳ ᠰᠤᠳᠤᠯᠤᠯ︾ ︵2008︶ ᠵᠡᠷᠭᠡ ᠨᠤᠮ ᠢ ᠡᠷᠬᠢᠯᠡᠨ ᠨᠠᠶᠢᠷᠠᠭᠤᠯᠵᠤ᠂ ︽ᠮᠤᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ︵2011᠂ ᠨᠠᠶᠢᠷᠠᠭᠤᠯᠬᠤ ᠵᠦᠪᠯᠡᠯ ᠤᠨ ᠬᠡᠰᠢᠬᠦᠨ︶᠂ ︽ᠮᠤᠩᠭᠤᠯ ᠤᠷᠠᠨ ᠵᠤᠬᠢᠶᠠᠯ ᠤᠨ ᠰᠤᠳᠤᠨ ᠪᠦᠲᠦᠬᠡᠯ ᠤᠨ ᠲᠠᠶᠢᠯᠤᠮᠵᠢ︾ ︵2010᠂ ᠬᠠᠮᠲᠤ ᠶᠢᠨ ᠪᠦᠲᠦᠬᠡᠯ︶ ᠂ ︽20 ᠳ᠋ᠤᠭᠠᠷ ᠵᠠᠭᠤᠨ ᠤ ᠨᠠᠶᠠ᠂ ᠶᠡᠷᠡᠭᠡᠳ ᠤᠨ ᠤ ᠮᠤᠩᠭᠤᠯ ᠤᠷᠠᠨ ᠵᠤᠬᠢᠶᠠᠯ ᠤᠨ ᠰᠤᠳᠤᠯᠤᠯ︾ ︵2007 ᠂ ᠬᠠᠮᠲᠤ ᠶᠢᠨ ᠪᠦᠲᠦᠬᠡᠯ︶ ᠨᠤᠮ ᠢᠶᠠᠨ ᠬᠡᠪᠯᠡᠬᠦᠯᠵᠤ᠂ ︽ᠪᠷᠲ᠋ᠢᠨᠢᠺ ᠰᠢᠷᠡᠬᠡᠨ ᠤ ᠲᠤᠯᠢ ︵ᠨᠠᠢᠮᠠᠨ ᠪᠤᠳᠢ︶︾ ︵2010᠂ ᠤᠯᠠᠭᠠᠨᠪᠠᠭᠠᠲᠤᠷ︶᠂ ︽ᠪᠷᠲ᠋ᠢᠨᠢᠺ ᠲᠠᠶᠢᠯᠪᠤᠷᠢ ᠮᠤᠩᠭᠤᠯ ᠬᠤᠷᠢᠶᠠᠩᠭᠤᠢ ᠲᠤᠯᠢ ︵ᠬᠤᠶᠠᠷ ᠪᠤᠳᠢ︶︾ ︵2010᠂ ᠤᠯᠠᠭᠠᠨᠪᠠᠭᠠᠲᠤᠷ︶ ᠶᠢᠨ ᠨᠠᠶᠢᠷᠠᠭᠤᠯᠬᠤ ᠺᠤᠮᠢᠰ ᠤᠨ ᠪᠦᠷᠢᠯᠳᠦᠬᠦᠨ ᠢᠶᠠᠷ ᠪᠡᠶᠡᠴᠢᠯᠡᠨ ᠤᠷᠤᠯᠴᠠᠵᠠᠢ᠃ ︽ᠮᠢᠨᠤ ᠬᠠᠶᠢᠷᠠᠲᠠᠢ ᠦᠪᠦᠷ ᠮᠤᠩᠭᠤᠯ —— ᠦᠪᠦᠷ ᠮᠤᠩᠭᠤᠯ ᠤᠨ ᠤᠳᠤ ᠦᠶ᠎ᠡ ᠶᠢᠨ ᠰᠢᠯᠦᠭ ᠤᠨ ᠰᠤᠩᠭᠤᠮᠠᠯ︾ ︵2013᠂ ᠤᠯᠠᠭᠠᠨᠪᠠᠭᠠᠲᠤᠷ︶᠂ ︽ᠲᠤᠤᠯᠢᠰ ᠤᠨ ᠴᠡᠩᠭᠡᠷ ᠲᠠᠯ᠎ᠠ︾ ᠵᠡᠷᠭᠡ ᠢᠷᠠᠭᠤ ᠨᠠᠶᠢᠷᠠᠭ  ᠤᠨ ᠲᠡᠭᠦᠪᠦᠷᠢ ᠶᠢ ᠪᠤᠰᠤᠳ ᠲᠠᠢ ᠬᠠᠮᠲᠤᠷᠠᠨ ᠨᠠᠶᠢᠷᠠᠭᠤᠯᠵᠤ ᠬᠡᠪᠯᠡᠬᠦᠯᠪᠡ᠃     ︽ᠶᠡᠭᠡ ᠲᠠᠮᠤᠴᠢ ᠶᠢᠨ ᠲᠡᠭᠷᠢ︾ ︵1996᠂ ᠬᠠᠮᠲᠤ ᠶᠢᠨ ᠲᠡᠭᠦᠪᠤᠷᠢ︶᠂ ︽ᠠᠨᠢᠷ ᠦᠬᠡᠢ ᠶᠢᠨ ᠳᠤᠮᠳᠠ︾ ︵2006︶᠂ ︽ᠴᠡᠴᠡᠭ ᠤᠨ ᠰᠠᠯᠬᠢ︾ ︵2011᠂ ᠤᠯᠠᠭᠠᠨᠪᠠᠭᠠᠲᠤᠷ︶᠂ ︽ᠴᠡᠴᠡᠭ ᠤᠨ ᠰᠠᠯᠬᠢ︾ ︵2015᠂ ᠠᠩᠭ᠍ᠯᠢ ᠬᠡᠯᠡ ᠪᠠᠷ︶᠂ ︽ᠠᠭᠤᠯᠠᠰ ᠮᠢᠨᠢ ᠳᠠᠩᠲᠠ ᠨᠡᠬᠦᠳᠡᠭ ᠶᠤᠮ︾ ︵2016᠂ ᠬᠠᠮᠲᠤ ᠶᠢᠨ ᠲᠡᠭᠦᠪᠦᠷᠢ᠂ ᠬᠢᠲᠠᠳ ᠬᠡᠯᠡ ᠪᠠᠷ︶᠂ ︽ᠪᠤᠷᠬᠠᠨ ᠤ ᠵᠢᠷᠤᠭᠰᠠᠨ ᠠᠭᠤᠯᠠᠰ︾ ︵2017᠂ ᠤᠯᠠᠭᠠᠨᠪᠠᠭᠠᠲᠤᠷ︶᠂ ︽ᠨᠡᠬᠦᠳᠡᠯ ᠤᠨ ᠵᠢᠷᠤᠬᠠᠢ︾ ︵2017︶ ᠵᠡᠷᠭᠡ ᠢᠷᠠᠭᠤ ᠨᠠᠶᠢᠷᠠᠭ ᠤᠨ ᠲᠡᠭᠦᠪᠤᠷᠢ ᠪᠠᠨ ᠬᠡᠪᠯᠡᠬᠦᠯᠵᠤ᠂ ᠽᠦᠩ ᠷᠦᠩ ᠤᠨ ︽ᠨᠢᠭᠤᠴᠠᠭᠠᠢ ᠪᠠᠳᠮ᠎ᠠ ᠴᠡᠴᠡᠭ︾ ︵2015᠂ ᠤᠯᠠᠭᠠᠨᠪᠠᠭᠠᠲᠤᠷ︶ ᠬᠡᠮᠡᠬᠦ ᠰᠢᠯᠦᠭ ᠤᠨ ᠲᠡᠭᠦᠪᠤᠷᠢ  ᠶᠢ ᠤᠷᠴᠢᠭᠤᠯᠤᠨ ᠬᠡᠪᠯᠡᠬᠦᠯᠪᠡ᠃     ᠲᠡᠭᠦᠨ ᠤ ᠤᠷᠠᠨ ᠪᠦᠲᠦᠬᠡᠯ 2002 ᠳᠤ ᠪᠦᠬᠦ ᠤᠯᠤᠰ ᠤᠨ ︽ᠮᠦᠩᠭᠡ ᠲᠡᠭᠷᠢ︾ ᠢᠷᠠᠭᠤ ᠨᠠᠶᠢᠷᠠᠭ ᠤᠨ ᠨᠠᠭᠠᠳᠤᠮ ᠳᠤ ᠳᠦᠷᠪᠡᠳᠤᠭᠡᠷ ᠪᠠᠶᠢᠷᠢ ᠳᠤ ᠲᠤᠳᠤᠷᠠᠵᠤ᠂ 2005 ᠤᠨ ᠳᠤ ᠦᠪᠡᠷᠲᠡᠬᠡᠨ ᠵᠠᠰᠠᠬᠤ ᠤᠷᠤᠨ ᠤ ᠤᠳᠬ᠎ᠠ ᠵᠤᠬᠢᠶᠠᠯ ᠵᠤᠬᠢᠶᠠᠨ ᠪᠦᠲᠦᠬᠡᠯᠬᠡ ᠶᠢᠨ ︽ᠰᠤᠯᠤᠩᠭ᠎ᠠ︾ ᠱᠠᠩᠨᠠᠯ ᠬᠦᠷᠲᠡᠵᠤ᠂ 2006 ᠤᠨ ᠳᠤ ᠪᠦᠬᠦ ᠤᠯᠤᠰ ᠤᠨ ︽ᠬᠢᠯᠤᠭᠡᠨ ᠤᠶᠠᠩᠭ᠎ᠠ︾ ᠠᠯᠲᠠᠨ ᠤᠳᠤᠨ ᠱᠠᠩᠨᠠᠯᠲᠤ ᠤᠷᠤᠯᠳᠤᠭᠠᠨ ᠤ ᠠᠯᠲᠠᠨ ᠮᠧᠳᠠᠯ ᠲᠤᠰᠴᠠᠢ᠃ 2012 ᠤᠨ᠂ 2017 ᠤᠨ ᠳᠤ ᠦᠪᠡᠷᠲᠡᠬᠡᠨ ᠵᠠᠰᠠᠬᠤ ᠤᠷᠤᠨ ᠤ ︽ᠲᠠᠪᠤᠨ ᠨᠢᠬᠡ ᠢᠨᠵᠧᠨᠧᠷᠢᠩ ᠤᠨ ᠱᠠᠩᠨᠠᠯ ︾ ᠢ ᠬᠤᠶᠠᠷᠳᠠ ᠬᠦᠷᠲᠡᠭᠰᠡᠨ ᠪᠠᠶᠢᠨ᠎ᠠ᠃ ᠢᠷᠠᠭᠤ ᠨᠠᠶᠢᠷᠠᠭ ᠤᠨ ᠰᠤᠳᠤᠨ ᠪᠦᠲᠦᠬᠡᠯ ᠢᠶᠠᠷ ᠢᠶᠠᠨ 2006 ᠤᠨ ᠳᠤ ︽ᠳᠡᠯᠡᠬᠡᠢ ᠶᠢᠨ ᠢᠷᠠᠭᠤ ᠨᠠᠶᠢᠷᠠᠭ ᠤᠨ ᠬᠤᠷᠢᠨ ᠵᠢᠷᠭᠤᠳᠤᠭᠠᠷ ᠬᠤᠷᠠᠯ︾ ᠢᠶᠠᠷ ᠮᠤᠩᠭᠤᠯ ᠤᠯᠤᠰ ᠤᠨ ᠴᠢᠯᠤᠭᠡᠳᠤ ᠵᠤᠬᠢᠶᠠᠯᠴᠢᠳ ᠤᠨ ᠬᠤᠯᠪᠤᠭᠠᠨ ᠤ ᠰᠢᠯᠢᠳᠡᠭ ᠤᠷᠠᠨ ᠪᠦᠲᠦᠬᠡᠯᠴᠢ ᠶᠢᠨ ᠡᠷᠭᠦᠮᠵᠢᠯᠡᠯ ᠢ ᠭᠠᠷᠳᠠᠵᠤ᠂ ᠮᠦᠨ ᠵᠢᠯ ᠤᠨ 11 ᠰᠠᠷ᠎ᠠ ᠳᠤ ᠤᠯᠠᠭᠠᠨᠪᠠᠭᠠᠲᠤᠷ ᠲᠤ ᠪᠤᠯᠤᠭᠰᠠᠨ ︽ᠳᠡᠯᠡᠬᠡᠢ ᠶᠢᠨ ᠮᠤᠩᠭᠤᠯ ᠬᠡᠯᠡᠲᠡᠨ ᠤ ᠢᠷᠠᠭᠤ ᠨᠠᠶᠢᠷᠠᠭ ᠤᠨ ᠨᠠᠭᠠᠳᠤᠮ︾ ᠤᠨ ᠱᠠᠩᠨᠠᠯ ᠬᠦᠷᠲᠡᠵᠡᠢ᠃     2012 ᠤᠨ ᠳᠤ ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ︽ᠦᠨᠳᠦᠰᠦᠲᠡᠨ ᠤ ᠤᠳᠬ᠎ᠠ ᠵᠤᠬᠢᠶᠠᠯ︾ ᠰᠡᠳᠬᠦᠯ ᠤᠨ 2012 ᠤᠨ ᠤ ᠤᠷᠴᠢᠭᠤᠯᠭ᠎ᠠ ᠶᠢᠨ ᠱᠠᠩᠨᠠᠯ ᠢ ᠭᠦᠷᠲᠡᠪᠡ᠃     ᠦᠪᠦᠷ ᠮᠤᠩᠭᠤᠯ ᠤᠨ ᠤᠷᠠᠨ ᠵᠤᠬᠢᠶᠠᠯ ᠤᠷᠴᠢᠭᠤᠯᠤᠭᠴᠢᠳ ᠤᠨ ᠨᠡᠶᠢᠬᠡᠮᠯᠢᠭ ᠤᠨ ᠳᠡᠳ᠋ ᠲᠡᠷᠢᠭᠦᠯᠡᠭᠴᠢ᠂ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠵᠦᠪᠯᠡᠯ ᠤᠨ ᠬᠡᠰᠢᠬᠦᠨ᠂ ᠳᠤᠮᠳᠠᠳᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠰᠤᠳᠤᠯᠭᠠᠨ ᠤ ᠨᠡᠶᠢᠬᠡᠮᠯᠢᠭ ᠤᠨ ᠪᠠᠶᠢᠩᠭᠤ ᠶᠢᠨ ᠬᠡᠷᠡᠭ ᠡᠷᠬᠢᠯᠡᠭᠴᠢ᠂ ᠳᠡᠳ᠋ ᠨᠠᠷᠢᠨ ᠪᠢᠴᠢᠭ  ᠤᠨ ᠳᠠᠷᠤᠭ᠎ᠠ᠂ ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠬᠡᠰᠢᠬᠦᠨ ᠵᠡᠷᠬᠡ ᠨᠡᠶᠢᠬᠡᠮ ᠤᠨ ᠲᠤᠰᠢᠶᠠᠯ  ᠲᠠᠢ᠃
 
ᠢᠷᠡᠯᠲᠡ᠄ ᠬᠤᠰᠢᠭᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号