ᠮᠤᠩᠭᠤᠯ ᠰᠢᠲᠠᠷ᠎ᠠ
ᠨᠡᠶᠢᠲᠡᠯᠡᠭᠰᠡᠨ ᠴᠠᠭ᠄
2022/12/8
     ᠮᠤᠩᠭᠤᠯ ᠰᠢᠲᠠᠷ᠎ᠠ ᠪᠤᠯ ᠽᠠᠨᠳᠠᠨ ᠮᠤᠳᠤ᠂ ᠰᠤᠮᠤᠨ ᠮᠤᠳᠤ᠂ ᠳᠤᠰᠤ ᠮᠤᠳᠤ᠂ ᠶᠠᠰᠤ᠂ ᠡᠪᠡᠷ ᠢᠶᠠᠷ ᠤᠷᠠᠯᠠᠵᠤ ᠬᠢᠭᠰᠡᠨ ᠲᠤᠭᠯᠠᠭᠠᠮ ᠶᠤᠮ᠃ ᠰᠦᠨᠢᠳ ᠤᠷᠠᠴᠤᠳ ᠦᠪᠡᠷᠰᠡᠳ ᠢᠶᠠᠨ ᠤᠷᠠᠯᠠᠵᠤ ᠰᠡᠶᠢᠯᠵᠤ ᠭᠤᠶᠤ ᠰᠠᠶᠢᠬᠠᠨ ᠬᠢᠳᠡᠭ᠃ ᠰᠢᠲᠠᠷ᠎ᠠ ᠶᠢᠨ ᠨᠤᠶᠠᠨ ᠢ ᠰᠡᠤᠬᠡ ᠲᠡᠷᠭᠡ ᠪᠤᠶᠤ ᠰᠠᠨᠳᠠᠯᠢ ᠳᠡᠭᠡᠷ᠎ᠡ ᠰᠠᠭᠤᠭ᠎ᠠ ᠬᠦᠮᠦᠨ᠂ ᠪᠠᠷᠰᠠ ᠎ ᠶᠢ ᠠᠷᠰᠯᠠᠨ ᠪᠠᠷᠰ ᠤᠨ ᠳᠦᠷᠰᠦ ᠪᠠᠷ᠂ ᠲᠡᠮᠡᠭᠡ ᠶᠢ ᠰᠢᠷᠡᠭᠡ ᠪᠦᠬᠦ ᠲᠠᠢ ᠪᠤᠤᠷ᠎ᠠ᠂ ᠮᠤᠷᠢ ᠶᠢ ᠠᠵᠢᠷᠭ᠎ᠠ ᠪᠤᠶᠤ ᠤᠨᠠᠭ᠎ᠠ ᠲᠠᠢ ᠬᠡᠬᠦᠤ᠂ ᠬᠦᠤ ᠶᠢ ᠲᠠᠪᠢᠵᠤ ᠪᠠᠶᠢᠭ᠎ᠠ ᠪᠦᠬᠡᠴᠢᠨ ᠢᠶᠠᠷ ᠲᠤᠰ ᠲᠤᠰ ᠠᠮᠢᠳᠤ ᠴᠤᠪᠤᠭᠤᠯᠢᠭ ᠤᠷᠠᠨ ᠳᠦᠷᠰᠦᠯᠢᠭ ᠰᠡᠶᠢᠯᠵᠤ ᠤᠷᠠᠯᠠᠨ ᠪᠤᠳᠤᠭ ᠢᠶᠠᠷ ᠪᠤᠳᠤᠵᠤ ᠶᠡᠭᠡ ᠰᠠᠶᠢᠬᠠᠨ ᠬᠢᠳᠡᠭ ᠪᠠᠶᠢᠵᠠᠢ᠃      ᠡᠨᠡ ᠬᠦ ᠮᠤᠩᠭᠤᠯ ᠬᠦᠮᠦᠨ ᠤ ᠤᠷ᠎ᠠ ᠤᠬᠠᠭᠠᠨ ᠬᠤᠤᠰᠯᠠᠭᠰᠠᠨ ᠰᠢᠲᠠᠷ᠎ᠠ ᠨᠢ ᠨᠤᠶᠠᠨ᠂ ᠪᠠᠷᠰᠠ᠂ ᠬᠠᠩᠭᠠᠢ᠂ ᠲᠡᠮᠡᠭᠡ᠂ ᠮᠤᠷᠢ᠂ ᠬᠦᠤ ᠵᠡᠷᠭᠡ ᠭᠤᠴᠢᠨ ᠬᠤᠶᠠᠷ ᠪᠠᠶᠢᠵᠤ᠂ ᠵᠢᠷᠠᠨ ᠳᠦᠷᠪᠡᠨ ᠰᠠᠭᠤᠳᠠᠯ ᠲᠠᠢ᠃ ᠬᠠᠷ᠎ᠠ ᠴᠠᠭᠠᠨ ᠬᠤᠶᠠᠷ ᠦᠩᠭᠡ ᠪᠠᠷ ᠢᠯᠭᠠᠨ ᠪᠤᠳᠤᠵᠤ᠂ ᠬᠤᠶᠠᠷ ᠲᠠᠯ᠎ᠠ ᠨᠢ ᠲᠤᠰ ᠪᠦᠷᠢ ᠨᠢᠬᠡ ᠨᠤᠶᠠᠨ᠂ ᠨᠢᠬᠡ ᠪᠠᠷᠰᠠ᠂ ᠬᠤᠶᠠᠷ ᠬᠠᠩᠭᠠᠢ᠂ ᠬᠤᠶᠠᠷ ᠲᠡᠮᠡᠭᠡ᠂ ᠬᠤᠶᠠᠷ ᠮᠤᠷᠢ ᠨᠠᠢᠮᠠᠨ ᠬᠦᠤ ᠲᠠᠢ ᠪᠠᠶᠢᠳᠠᠭ᠃ ᠰᠢᠲᠠᠷ᠎ᠠ ᠶᠢᠨ ᠬᠦᠯᠭᠡ ᠨᠢ ᠬᠦᠨᠳᠡᠯᠡᠨ ᠭᠤᠯᠳᠤ ᠶᠢᠰᠤᠨ ᠰᠢᠯᠤᠭᠤᠨ ᠵᠢᠷᠤᠭᠠᠰᠤ ᠪᠠᠷ ᠬᠠᠷ᠎ᠠ ᠴᠠᠭᠠᠨ ᠪᠤᠳᠤᠭ ᠤᠷᠤᠭᠤᠯᠤᠨ ᠰᠦᠯᠵᠢᠭᠰᠡᠨ ᠵᠢᠷᠠᠨ ᠳᠦᠷᠪᠡᠨ ᠰᠠᠭᠤᠳᠠᠯ ᠲᠠᠢ᠃      ᠰᠢᠲᠠᠷ᠎ᠠ ᠶᠢᠨ ᠦᠷᠦᠯᠲᠡ ᠨᠢ ᠲᠠᠯ᠎ᠠ ᠲᠠᠯ᠎ᠠ ᠶᠢᠨ ᠰᠠᠭᠤᠳᠠᠯ ᠤᠨ ᠭᠤᠤᠯ ᠤᠨ ᠬᠤᠶᠠᠷ ᠰᠠᠭᠤᠳᠠᠯ ᠳᠤ ᠨᠤᠶᠠᠨ ᠪᠠᠷᠰᠠ ᠰᠠᠭᠠᠲᠠᠵᠤ᠂ ᠬᠤᠶᠠᠷ ᠬᠠᠵᠠᠭᠤ ᠪᠠᠷ ᠨᠢ ᠲᠡᠮᠡᠭᠡ᠂ ᠮᠤᠷᠢ᠂ ᠬᠠᠩᠭᠠᠢ ᠲᠤᠰ ᠲᠤᠰ ᠪᠠᠶᠢᠷᠢᠯᠠᠵᠤ᠂ ᠪᠤᠳᠠ ᠪᠦᠬᠦᠳᠡ ᠶᠢᠨ ᠡᠮᠦᠨ᠎ᠡ ᠰᠠᠭᠤᠳᠠᠯ ᠢ ᠨᠠᠢᠮᠠᠨ ᠬᠦᠤ ᠡᠵᠡᠯᠡᠳᠡᠭ᠃ ᠰᠢᠲᠠᠷ᠎ᠠ ᠶᠢᠨ ᠲᠤᠭᠲᠠᠭᠰᠠᠨ ᠶᠤᠰᠤ ᠭᠤᠷᠢᠮ ᠲᠠᠢ      ᠰᠢᠲᠠᠷ᠎ᠠ ᠨᠡᠬᠦᠬᠦ ᠳᠡᠭᠡᠨ ᠨᠤᠶᠠᠨ ᠤ ᠡᠮᠦᠨ᠎ᠡ ᠪᠠᠶᠢᠭ᠎ᠠ ᠬᠦᠤ ᠠᠴᠠ ᠡᠬᠢᠯᠡᠨ ᠠᠩᠬᠠᠨ ᠤ ᠨᠡᠬᠦᠳᠡᠯ ᠳᠡᠭᠡᠨ ᠵᠠᠪᠠᠯ ᠤᠷᠤᠭᠰᠢ ᠰᠢᠭᠤᠳ ᠬᠤᠶᠠᠷ ᠪᠠᠭᠤᠳᠠᠯ ᠳᠤ ᠨᠡᠬᠦᠨ᠎ᠡ᠃ ᠢᠩᠭᠢᠭᠰᠡᠨ ᠤ ᠰᠡᠭᠦᠯᠡᠷ ᠰᠢᠲᠠᠷᠠᠴᠤᠳ ᠦᠪᠡᠷ ᠤᠨ ᠠᠯᠢ ᠠᠰᠢᠭᠲᠠᠢ ᠬᠡᠵᠤ ᠦᠵᠡᠭᠰᠡᠨ ᠲᠠᠰᠢ ᠨᠡᠬᠦᠳᠡᠯ ᠡᠬᠡᠯᠵᠢᠯᠡᠨ ᠨᠠᠭᠠᠳᠬᠤ ᠶᠤᠰᠤᠲᠠᠢ᠃      ᠮᠠᠨ ᠤ ᠰᠦᠨᠢᠳ ᠲᠤ ᠰᠢᠲᠠᠷ᠎ᠠ ᠨᠠᠭᠠᠳᠬᠤ ᠶᠢ ᠶᠡᠷᠤ ᠨᠢ ᠰᠢᠲᠠᠷ᠎ᠠ ᠦᠷᠦᠨ᠎ᠡ ᠬᠡᠵᠤ ᠬᠡᠯᠡᠳᠡᠭ᠃ ᠰᠢᠲᠠᠷ᠎ᠠ ᠎ ᠶᠢᠨ ᠨᠤᠶᠠᠨ᠂ ᠪᠠᠷᠰᠠ᠂ ᠲᠡᠮᠡᠭᠡ᠂ ᠬᠠᠩᠭᠠᠢ᠂ ᠮᠤᠷᠢ ᠬᠦᠤ ᠨᠢ ᠪᠦᠷ ᠦᠪᠡᠷ ᠤᠨ ᠲᠤᠭᠲᠠᠭᠰᠠᠨ ᠨᠡᠭᠦᠳᠡᠯ ᠤᠨ ᠶᠤᠰᠤᠲᠠᠢ ᠪᠠᠶᠢᠳᠠᠭ᠃      ᠰᠦᠨᠢᠳ ᠲᠤ ᠰᠢᠲᠠᠷ᠎ᠠ ᠨᠠᠭᠠᠳᠬᠤ ᠳᠠᠭᠠᠨ ᠴᠢᠯᠤᠬᠡ ᠴᠠᠭ ᠲᠠᠭᠠᠨ ᠬᠡᠳᠦᠬᠦᠯᠡ ᠨᠡᠶᠢᠯᠡᠵᠤ ᠤᠶᠤᠨ ᠢᠶᠠᠨ ᠰᠡᠷᠭᠦᠭᠡᠵᠤ᠂ ᠴᠡᠩᠭᠡᠯ ᠵᠤᠭ᠎ᠠ ᠶᠢᠨ ᠬᠤᠪᠢ ᠳᠤ ᠨᠠᠭᠠᠳᠬᠤ᠂ ᠨᠠᠶᠢᠷ ᠨᠠᠭᠠᠳᠤᠮ᠂ ᠪᠠᠶ᠋ᠷ ᠬᠤᠷᠢᠮ ᠳᠤ ᠨᠠᠭᠠᠳᠬᠤ᠂ ᠤᠷᠤᠯᠳᠤᠭᠠᠨ ᠶᠠᠪᠤᠭᠤᠯᠵᠤ ᠨᠠᠭᠠᠳᠬᠤ ᠵᠡᠷᠭᠡ ᠤᠯᠠᠨ ᠶᠠᠩᠵᠤ ᠪᠠᠷ ᠨᠠᠭᠠᠳᠤᠨ᠎ᠠ᠃ ᠡᠷᠡᠭᠲᠡᠢ ᠡᠮᠡᠭᠲᠡᠢ᠂ ᠬᠡᠤᠬᠡᠳ ᠬᠡᠰᠡᠨ ᠦᠬᠡᠢ ᠪᠦᠷ ᠰᠢᠲᠠᠷ᠎ᠠ ᠨᠠᠭᠠᠳᠬᠤ ᠳᠤ ᠳᠤᠷ᠎ᠠ ᠪᠠᠭ᠋ᠠᠲᠠᠢ ᠪᠠᠶᠢᠳᠠᠭ᠃ ᠪᠠᠶᠠᠷ ᠨᠠᠭᠠᠳᠤᠮ ᠳᠤ ᠤᠷᠤᠯᠳᠤᠭᠠᠨ ᠶᠠᠪᠤᠭᠤᠯᠵᠤ ᠨᠠᠭᠠᠳᠪᠠᠯ ᠲᠡᠷᠢᠭᠦᠯᠡᠭᠰᠡᠨ ᠬᠦᠮᠦᠨ ᠳᠤ ᠨᠢ ᠱᠠᠩ ᠦᠭᠳᠡᠭ ᠶᠤᠰᠤᠲᠠᠢ᠃      ᠰᠢᠲᠠᠷ᠎ᠠ ᠶᠢᠨ ᠱᠦᠬᠦᠯᠲᠡ ᠳᠤ ᠤᠯᠠᠨ ᠶᠠᠩᠵᠤ ᠶᠢᠨ ᠱᠦᠬᠦᠯᠲᠠ ᠪᠠᠶᠢᠳᠠᠭ ᠪᠦᠬᠡᠳ ᠰᠦᠨᠢᠳ ᠲᠤ ᠮᠦᠨ ᠦᠪᠡᠷᠮᠢᠴᠡ ᠤᠨᠴᠠᠯᠢᠭ ᠲᠠᠢ ᠳᠠᠭᠤᠳᠠᠯᠭ᠎ᠠ ᠪᠦᠬᠦᠢ ᠱᠦᠬᠦᠯᠲᠡ ᠪᠤᠢ᠃ ᠪᠠᠶᠠᠨ ᠮᠠᠳ ᠢ ᠰᠢᠲᠠᠷ᠎ᠠ ᠦᠷᠦᠬᠡᠳ ᠡᠰᠡᠷᠬᠦᠤ ᠲᠠᠯ᠎ᠠ ᠠᠴᠠ ᠪᠠᠨ ᠨᠢᠬᠡ ᠶᠢ ᠴᠦ ᠢᠳᠡᠭᠡ ᠦᠬᠡᠢ ᠪᠠᠶᠢᠳᠠᠯ ᠳᠤᠤᠷ᠎ᠠ ᠬᠤᠶᠠᠷᠬᠠᠨ ᠨᠡᠭᠦᠳᠡᠯ ᠢᠶᠠᠷ ᠨᠤᠶᠠᠨ ᠢ ᠱᠠᠯᠠᠵᠤ᠂ ᠶᠠᠪᠤᠬᠤ ᠵᠠᠮ ᠦᠬᠡᠢ ᠪᠤᠯᠭᠠᠵᠤ ᠱᠦᠬᠦᠳᠡᠭ᠃ ᠡᠶᠢᠮᠤ ᠱᠦᠬᠦᠯᠲᠡ ᠲᠤᠩ ᠴᠦᠬᠡᠬᠡᠨ ᠳᠤᠬᠢᠶᠠᠯᠳᠤᠨ᠎ᠠ᠃ ᠮᠤᠷᠢᠨ ᠤ ᠱᠦᠬᠦᠯᠲᠡ ᠳᠤ ᠠᠯᠠᠭ ᠠᠷᠪᠠ᠂ ᠠᠯᠠᠭ ᠨᠠᠢᠮᠠ᠂ ᠮᠤᠷᠢᠨ ᠳᠦᠷᠪᠡ ᠭᠡᠵᠤ ᠰᠤᠨᠢᠨ ᠨᠡᠷ᠎ᠡ ᠳᠠᠭᠤᠳᠠᠯᠭ᠎ᠠ ᠎ ᠲᠠᠢ ᠱᠦᠬᠦᠯᠲᠡ ᠪᠠᠶᠢᠳᠠᠭ ᠪᠦᠬᠡᠳ ᠰᠠᠶᠢᠨ ᠰᠢᠲᠠᠷᠴᠤᠳ ᠪᠤᠯ ᠮᠤᠷᠢᠨ ᠱᠦᠬᠦᠯᠲᠡ ᠬᠢᠳᠡᠭ᠃ ᠰᠦᠨᠢᠳᠴᠤᠳ ᠰᠢᠲᠠᠷ᠎ᠠ ᠨᠠᠭᠠᠳᠬᠤ ᠳᠠᠭᠠᠨ ᠮᠤᠷᠢᠨ ᠱᠦᠬᠦᠯᠲᠠ ᠶᠢ ᠬᠠᠮᠤᠭ ᠤᠨ  ᠰᠠᠶᠢᠨ ᠱᠦᠬᠦᠯᠲᠠ ᠬᠡᠵᠤ ᠦᠵᠡᠳᠡᠭ᠃ ᠡᠬᠦᠨ ᠎ ᠠᠴᠠ ᠭᠠᠳᠠᠨ᠎ᠠ᠂ ᠬᠦᠤ ᠶᠢᠨ ᠲᠦᠬᠦᠬᠡᠢ᠂ ᠲᠦᠮᠡᠨ ᠲᠦᠬᠦᠬᠡᠢ ᠬᠡᠬᠦ ᠮᠡᠲᠦ ᠤᠯᠠᠨ ᠱᠦᠬᠦᠯᠲᠠ ᠱᠦᠭᠦᠳᠡᠯ ᠪᠠᠶᠢᠳᠠᠭ᠃ ᠭᠠᠳᠠᠨ᠎ᠠ ᠬᠤᠰᠢᠭᠤ ᠪᠤᠶᠤ ᠦᠬᠡᠷ᠎ᠡ ᠭᠠᠵᠠᠷ ᠤᠨ ᠬᠦᠮᠦᠨ ᠲᠠᠢ ᠨᠠᠭᠠᠳᠪᠠᠯ ᠲᠠᠪᠤᠨ ᠢᠷᠸ᠎ᠠ ᠶᠢᠨ ᠱᠦᠬᠦᠯᠲᠡ ᠬᠢᠵᠤ      ᠠᠷᠭᠠᠲᠤ ᠪᠠᠷᠰᠠ ᠶᠢᠨ ᠤᠷᠠᠨ ᠱᠠᠭ      ᠬᠠᠵᠠᠳᠠᠭ ᠪᠤᠤᠷ᠎ᠠ ᠶᠢᠨ ᠳᠠᠭᠠᠷᠢᠨ ᠳ᠋ᠤᠭ      ᠬᠠᠩᠭᠠᠢ ᠲᠡᠷᠭᠡᠨ ᠤ ᠬᠠᠯᠠᠭ᠎ᠠ ᠱᠠᠭ      ᠦᠷᠦᠬᠡᠯ ᠲᠠᠢ ᠮᠤᠷᠢᠨ ᠤ ᠢᠰᠬᠦᠯᠦᠬᠡ ᠱᠠᠭ      ᠦᠨᠦᠴᠢᠨ ᠬᠦᠤ ᠶᠢᠨ ᠦᠯᠦᠨ ᠴᠤᠳ ᠬᠡᠵᠤ ᠱᠦᠬᠦᠯᠲᠡ ᠬᠢᠳᠡᠭ ᠪᠠᠶᠢᠵᠠᠢ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号