ᠰᠦᠨᠢᠳ ᠬᠤᠷᠢᠮ
ᠨᠡᠶᠢᠲᠡᠯᠡᠭᠰᠡᠨ ᠴᠠᠭ᠄
2022/12/8
ᠨᠢᠬᠡ᠂ ᠪᠡᠷᠢ ᠭᠤᠶᠤᠬᠤ      ᠰᠦᠨᠢᠳ ᠮᠤᠩᠭᠤᠯ ᠤᠨ ᠤᠷᠤᠭ ᠬᠤᠷᠢᠮ ᠤᠨ ᠶᠤᠰᠤᠨ ᠳᠤ ᠬᠦᠪᠡᠬᠦᠨ ᠬᠡᠤᠬᠡᠨ ᠦᠪᠡᠷ ᠤᠨ ᠰᠠᠶᠢᠨ ᠳᠤᠷ᠎ᠠ ᠎ ᠠᠴᠠ ᠪᠠᠨ ᠰᠡᠳᠬᠢᠯ ᠲᠠᠭᠠᠷᠠᠭᠰᠠᠨ ᠢᠨᠠᠭ ᠠᠮᠠᠷᠠᠭ ᠢᠶᠠᠨ ᠡᠷᠢᠵᠤ ᠠᠶᠢᠯ ᠭᠡᠷ ᠪᠤᠯᠬᠤ ᠪᠢᠰᠢ᠂ ᠬᠠᠷᠢᠨ ᠠᠪᠤ ᠡᠵᠢ ᠨᠢ ᠬᠦᠪᠡᠬᠦᠨ ᠳᠡᠭᠡᠨ ᠪᠡᠷᠢ ᠭᠤᠶᠤᠵᠤ ᠦᠭᠳᠡᠭ ᠪᠠᠶᠢᠵᠠᠢ᠃ ᠭᠡᠬᠦ ᠳᠡᠭᠡᠨ ᠤᠷᠢᠳ ᠢᠶᠠᠷ ᠲᠤᠰᠬᠠᠢ ᠲᠦᠯᠭᠡᠴᠢ ᠵᠠᠯᠠᠨ᠂ ᠬᠦᠪᠡᠬᠦᠨ ᠤ ᠪᠠᠨ ᠵᠠᠶᠠᠭ᠎ᠠ ᠶᠢ ᠪᠤᠳᠤᠭᠤᠯᠵᠤ᠂ ᠶᠠᠮᠠᠷ ᠨᠢᠭᠡᠨ ᠠᠶᠢᠯ ᠤᠨ ᠦᠵᠡᠵᠤ ᠲᠤᠭᠤᠭᠰᠠᠨ ᠬᠡᠤᠬᠡᠨ ᠲᠠᠢ ᠤᠷᠤᠭ ᠪᠤᠯᠬᠤ ᠢᠪᠡᠬᠡᠯ ᠲᠠᠢ ᠡᠰᠡᠬᠦ᠂ ᠵᠠᠶᠠᠭ᠎ᠠ ᠪᠤᠶᠠᠨ ᠬᠤᠪᠢ ᠢᠷᠦᠬᠡᠯ ᠨᠢ ᠲᠠᠭᠠᠷᠠᠬᠤ ᠡᠰᠡᠬᠦ ᠶᠢ ᠪᠤᠳᠤᠭᠤᠯᠤᠨ᠎ᠠ᠃ ᠲᠦᠯᠭᠡᠴᠢ ᠠᠴᠠ ᠨᠠᠰᠤᠨ ᠤ ᠬᠤᠪᠢ ᠵᠠᠶᠠᠭ᠎ᠠ ᠲᠠᠢ ᠭᠡᠵᠤ ᠲᠦᠯᠭᠡᠳᠡᠪᠡᠯ ᠳᠠᠷᠤᠢ ᠲᠤᠭᠤᠭᠰᠠᠨ ᠲᠡᠷᠡ ᠠᠶᠢᠯ ᠤᠨ ᠬᠡᠤᠬᠡᠨ ᠢ ᠬᠦᠪᠡᠬᠦᠨ ᠳᠡᠭᠡᠨ ᠬᠡᠯᠡᠯᠴᠡᠵᠤ ᠦᠭᠬᠦ ᠪᠠᠷ ᠵᠠᠭᠤᠴᠢ ᠵᠠᠷᠤᠨ᠎ᠠ᠃ ᠵᠠᠭᠤᠴᠢ ᠬᠦᠮᠦᠨ ᠪᠤᠯ ᠲᠡᠷᠡ ᠨᠤᠲᠤᠭ ᠤᠰᠤᠨ ᠤ ᠲᠤᠮᠤᠭᠠᠲᠠᠨ ᠪᠠᠶᠢᠬᠤ ᠶᠤᠰᠤᠲᠠᠢ ᠪᠦᠬᠡᠳ ᠪᠠᠰᠠ ᠢᠪᠡᠬᠡᠯ ᠵᠢᠯ ᠲᠠᠢ᠂ ᠲᠦᠷᠦᠯ ᠰᠠᠳᠤᠨ ᠪᠤᠰᠤ ᠬᠦᠮᠦᠨ ᠪᠠᠶᠢᠬᠤ ᠶᠤᠰᠤᠲᠠᠢ᠃ ᠬᠦᠪᠡᠬᠦᠨ ᠤ ᠠᠪᠤ ᠡᠵᠢ ᠨᠢ ᠵᠠᠭᠤᠴᠢ ᠪᠤᠯᠬᠤ ᠬᠦᠮᠦᠨ ᠢ ᠭᠡᠷ ᠲᠡᠭᠡᠨ ᠵᠠᠯᠠᠵᠤ ᠬᠦᠨᠳᠦᠯᠡᠨ ᠵᠤᠴᠢᠯᠠᠬᠤ ᠶᠢᠨ ᠵᠠᠭᠤᠷ᠎ᠠ ︽ᠪᠢᠳᠡ ᠬᠦᠤ ᠶᠢᠨ ᠢᠶᠠᠨ ᠨᠢᠬᠡ ᠨᠠᠰᠤᠨ ᠤ ᠶᠠᠪᠤᠳᠠᠯ ᠢ ᠲᠠᠨ ᠳᠤ ᠨᠠᠶᠢᠳᠠᠵᠤ᠂× × ᠎ ᠤ ᠬᠡᠤᠬᠡᠨ ᠢ ᠭᠤᠶᠤᠬᠤ ᠰᠠᠨᠠᠭ᠎ᠠ ᠲᠠᠢ᠃ ᠡᠬᠦᠨ ᠳᠤ ᠨᠤᠲᠤᠭ ᠤᠨ ᠲᠤᠮᠤᠭᠠᠲᠠᠨ ᠲᠠ ᠵᠠᠭᠤᠴᠢ ᠪᠤᠯᠬᠤ ᠬᠤᠪᠢ ᠲᠠᠪᠢᠯᠠᠩ ᠲᠠᠢ ᠶᠤᠮ ᠪᠠᠶᠢᠨ᠎ᠠ︾ ᠬᠡᠬᠦ ᠳᠤ᠂ ᠲᠡᠷᠡ ᠬᠦᠮᠦᠨ ︽ᠬᠤᠪᠢ ᠤᠴᠠᠷᠠᠯ ᠡᠶᠢᠮᠤ ᠶᠤᠮ ᠴᠢᠨᠢ ᠬᠤᠳᠠ ᠬᠤᠳᠠᠭᠠᠢ ᠶᠢᠨ ᠬᠤᠭᠤᠷᠤᠨᠳᠤ ᠵᠠᠭᠤᠴᠢ ᠪᠤᠯᠤᠶ᠎ᠠ︾ ᠭᠡᠪᠡᠯ᠂ ᠳᠠᠷᠤᠢ ᠪᠡᠯᠬᠡ ᠲᠠᠢ ᠰᠠᠶᠢᠨ ᠡᠳᠦᠷ ᠢ ᠰᠤᠩᠭᠤᠵᠤ ᠬᠡᠤᠬᠡᠨ ᠤ ᠭᠡᠷ ᠲᠤ ᠤᠴᠢᠭᠤᠯᠬᠤ ᠪᠤᠯᠤᠨ᠎ᠠ᠃ ᠬᠡᠬᠦ ᠳᠡᠭᠡᠨ ᠴᠠᠭᠠᠨ ᠮᠤᠷᠢ ᠤᠨᠤᠵᠤ ︵ᠬᠦᠷᠡᠩ ᠬᠠᠯᠵᠠᠨ ᠮᠤᠷᠢ ᠶᠢ ᠴᠡᠭᠡᠷᠯᠡᠨ᠎ᠡ︶᠂ ᠪᠡᠯᠡᠭ ᠰᠡᠯᠳᠡ᠂ ᠰᠠᠶᠢᠨ ᠠᠷᠢᠬᠢ᠂ ᠰᠠᠮᠪᠠᠢ ᠬᠠᠳᠠᠭ᠂ ᠪᠤᠪᠤ ︵ᠬᠠᠭᠠᠷᠢᠭᠰᠠᠨ ᠪᠤᠪᠤ︶ ᠪᠤᠭᠤᠷᠰᠤᠭ ᠵᠡᠷᠭᠡ ᠶᠢᠨ ᠭᠠᠷ ᠤᠨ ᠴᠠᠭᠠᠨ ᠪᠡᠯᠡᠭ ᠲᠠᠢ ᠬᠦᠷᠦᠨ᠎ᠡ᠃ ᠲᠡᠭᠡᠭᠡᠳ ᠬᠡᠤᠬᠡᠨ ᠤ ᠠᠪᠤ ᠡᠵᠢ ᠲᠠᠢ ᠨᠢ ᠰᠠᠶᠢᠨ ᠰᠠᠶᠢᠬᠠᠨ ᠎ ᠢᠶᠠᠨ  ᠮᠡᠨᠳᠦᠴᠢᠯᠡᠭᠡᠳ ᠴᠠᠢ ᠤᠤᠭᠤᠵᠤ᠂ ᠨᠤᠲᠤᠭ ᠤᠰᠤ᠂ ᠡᠪᠡᠰᠤ ᠪᠡᠯᠴᠢᠬᠡᠷ᠂ ᠮᠠᠯ ᠤᠨ ᠲᠠᠷᠭᠤ ᠬᠦᠴᠦ ᠵᠡᠷᠬᠡ ᠎ ᠶᠢ ᠵᠤᠭᠤᠭᠳᠠᠵᠤ ᠰᠠᠭᠤᠬᠤ ᠶᠢᠨ ᠵᠠᠭᠤᠷ᠎ᠠ ᠢᠷᠡᠭᠰᠡᠨ ᠤᠴᠢᠷ ᠢᠶᠠᠨ ᠭᠠᠷᠭᠠᠵᠤ ︽ᠰᠤᠷᠠᠵᠤ ᠪᠤᠯᠬᠤ ᠦᠬᠡᠢ ᠰᠤᠷᠠᠭ ᠎ ᠢᠶᠠᠷ ᠡᠷᠢᠵᠤ ᠪᠤᠯᠬᠤ ᠦᠬᠡᠢ ᠡᠷᠢᠯ ᠢᠶᠠᠷ ᠶᠠᠪᠤᠵᠤ ᠪᠤᠢ︾ ᠬᠡᠬᠦ ᠳᠤ ᠬᠡᠤᠬᠡᠨ ᠤ ᠠᠪᠤ ᠡᠵᠢ ᠵᠦᠪᠰᠢᠶᠡᠷᠡᠪᠡᠯ ︽ᠬᠤᠪᠢ ᠢᠷᠦᠬᠡᠯ ᠢᠶᠠᠷ ᠢᠶᠠᠨ ᠪᠤᠯᠤᠭ ᠡ︾ ᠭᠡᠵᠤ ᠬᠡᠯᠡᠨ᠎ᠡ᠃ ᠢᠩᠭᠢᠪᠡᠯ ᠵᠠᠭᠤᠴᠢ ᠡᠪᠤᠷ ᠠᠴᠠ ᠪᠠᠨ ᠰᠠᠮᠪᠠᠢ ᠬᠠᠳᠠᠭ ᠎ ᠢᠶᠠᠨ ᠭᠠᠷᠭᠠᠵᠤ ᠨᠦᠬᠦᠬᠡ ᠠᠪᠴᠢᠷᠠᠭᠰᠠᠨ ᠪᠡᠯᠡᠭ ᠰᠡᠯᠳᠡ ᠪᠠᠨ ᠬᠡᠤᠬᠡᠨ ᠤ ᠠᠪᠤ ᠳᠤ ᠭᠠᠷᠳᠠᠭᠤᠯᠤᠨ ᠪᠠᠷᠢᠬᠤ ᠳᠤ ᠬᠡᠤᠬᠡᠨ ᠤ ᠠᠪᠤ ᠬᠠᠳᠠᠭ ᠢ ᠨᠢ ᠠᠪᠴᠤ ᠪᠤᠷᠬᠠᠨ ᠤ ᠡᠮᠦᠨ᠎ᠡ ᠲᠠᠯᠪᠢᠵᠤ ᠬᠡᠷᠡᠭ ᠶᠠᠪᠤᠳᠠᠯ ᠪᠦᠲᠦᠭᠰᠡᠨ ᠢ ᠢᠯᠡᠳᠬᠡᠨ᠎ᠡ᠃ ᠬᠡᠷᠪᠡ ᠬᠡᠤᠬᠡᠨ ᠤ ᠠᠪᠤ ᠡᠵᠢ ᠵᠦᠪᠰᠢᠶᠡᠷᠡᠬᠦ ᠦᠬᠡᠢ ᠪᠤᠯ ︽ᠮᠠᠨ ᠤ ᠬᠡᠤᠬᠡᠨ ᠠᠶᠢᠯ ᠤᠨ ᠲᠤᠭᠤᠭ᠎ᠠ ᠶᠢ ᠳᠠᠭᠠᠬᠤ ᠦᠬᠡᠢ ᠰᠢᠦ︾ ᠬᠡᠵᠦ ᠬᠡᠯᠡᠭᠡᠳ ᠵᠦᠪᠰᠢᠶᠡᠷᠡᠭᠦ ᠦᠬᠡᠢ ᠪᠠᠶᠢᠭ᠎ᠠ ᠪᠠᠨ ᠮᠡᠳᠡᠭᠳᠡᠨ᠎ᠡ᠃ ᠬᠡᠷᠪᠡ ᠬᠡᠤᠬᠡᠨ ᠤ ᠠᠪᠤ ᠡᠵᠢ ᠵᠦᠪᠰᠢᠶᠡᠷᠡᠪᠡᠯ ᠳᠠᠷᠠᠭᠠᠴᠢ ᠶᠢᠨ ᠤᠴᠢᠷ ᠶᠠᠪᠤᠳᠠᠯ ᠢ ᠨᠠᠷᠢᠨ ᠶᠠᠷᠢᠯᠴᠠᠵᠤ ᠲᠤᠭᠲᠠᠭᠠᠭᠠᠳ ᠵᠠᠭᠤᠴᠢ ᠳᠤ ᠭᠠᠷ ᠤᠨ ᠴᠠᠭᠠᠨ ᠪᠡᠯᠡᠭ ᠦᠭᠴᠦ ᠪᠤᠴᠠᠭᠠᠨ᠎ᠠ᠃       ᠰᠦᠨᠢᠳ ᠮᠤᠩᠭᠤᠯᠴᠤᠳ ᠲᠤ ᠪᠠᠰᠠ ᠦᠨᠳᠡᠭᠡᠨ ᠰᠦᠢ ᠲᠠᠯᠪᠢᠬᠤ ᠵᠠᠩᠰᠢᠯ ᠪᠤᠢ᠃ ᠬᠦᠤ ᠬᠡᠤᠬᠡᠨ ᠤ ᠠᠪᠤ ᠡᠵᠢ ᠬᠡᠤᠬᠡᠳ ᠢᠶᠠᠨ ᠨᠢᠯᠬ᠎ᠠ ᠪᠠᠯᠴᠢᠷ ᠪᠠᠶᠢᠬᠤ ᠪᠤᠶᠤ ᠨᠠᠰᠤᠨ ᠳᠤ ᠬᠦᠷᠦᠬᠡᠳᠦᠢ ᠦᠶ᠎ᠡ ᠳᠤ ᠦᠰᠦ ᠶᠢ ᠨᠢ ᠬᠤᠯᠪᠤᠵᠤ᠂ ᠭᠠᠯ ᠭᠤᠯᠤᠮᠲᠠ ᠳᠠᠭᠠᠨ ᠮᠦᠷᠭᠦᠭᠦᠯᠵᠤ ᠦᠨᠳᠡᠭᠡᠨ ᠰᠦᠢ ᠲᠠᠯᠪᠢᠬᠤ ᠶᠤᠰᠤᠨ ᠢ ᠬᠦᠢᠴᠡᠳᠬᠡᠨ᠎ᠡ᠃ ᠬᠡᠬᠦ ᠳᠡᠭᠡᠨ ᠭᠤᠤᠯᠳᠠᠭᠤ ᠨᠢᠬᠡ ᠲᠠᠯ᠎ᠠ ᠶᠢᠨ ᠬᠢᠨᠢ ᠬᠡᠤᠬᠡᠳ ᠶᠡᠭᠡ ᠡᠩᠭᠦᠷᠡᠢ ᠪᠤᠯ ᠡᠯᠢᠬᠡ ᠪᠦᠲᠦᠨ ᠲᠦᠷᠦᠯ ᠰᠠᠳᠤᠨ ᠦᠯᠡᠮᠵᠢ ᠬᠦᠮᠦᠨ ᠤ ᠬᠡᠤᠬᠡᠳ ᠲᠠᠢ ᠦᠨᠳᠡᠬᠡᠨ ᠰᠦᠢ ᠲᠠᠯᠪᠢᠳᠠᠭ ᠪᠠᠶᠢᠨ᠎ᠠ᠃ ᠶᠡᠷᠤ ᠨᠢ ᠡᠪ ᠨᠠᠶᠢᠷᠲᠠᠢ ᠰᠠᠶᠢᠨ ᠰᠠᠶᠢᠬᠠᠨ ᠶᠠᠪᠤᠯᠴᠠᠳᠠᠭ ᠬᠤᠶᠠᠷ ᠠᠶᠢᠯ ᠬᠠᠷᠢᠯᠴᠠᠨ ᠦᠨᠳᠡᠭᠡᠨ ᠰᠦᠢ ᠲᠠᠯᠪᠢᠳᠠᠭ ᠵᠠᠩᠰᠢᠯ ᠲᠠᠢ ᠪᠢᠯᠡ᠃ ᠬᠤᠵᠢᠮ ᠬᠤᠶᠠᠷ ᠬᠡᠤᠬᠡᠳ ᠨᠠᠰᠤᠨ ᠳᠤ ᠬᠦᠷᠦᠭᠰᠡᠨ ᠦᠶᠡᠰ ᠲᠤ ᠬᠤᠷᠢᠮ ᠬᠢᠵᠤ ᠠᠶᠢᠯ ᠪᠤᠯᠭᠠᠨ᠎ᠠ᠃ ᠳᠤᠮᠳᠠ ᠠᠴᠠ ᠨᠢ ᠵᠦᠷᠢᠴᠡᠵᠤ ᠤᠭᠲᠤ ᠪᠤᠯᠬᠤ ᠦᠬᠡᠢ᠃ᠬᠤᠶᠠᠷ᠂ ᠤᠷᠤᠭ ᠤᠨ ᠬᠠᠳᠠᠭ ᠲᠠᠯᠪᠢᠬᠤ      ᠬᠦᠤ ᠶᠢᠨ ᠲᠠᠯ᠎ᠠ ᠪᠡᠷᠢ ᠭᠤᠶᠤᠵᠤ ᠲᠤᠭᠲᠠᠭᠰᠠᠨ ᠤ ᠬᠤᠶᠢᠨ᠎ᠠ ᠡᠳᠦᠷ ᠤᠨ ᠰᠠᠶᠢᠨ ᠢ ᠰᠤᠩᠭᠤᠵᠤ ᠤᠷᠤᠭ ᠎ ᠤᠨ ᠬᠠᠳᠠᠭ ᠲᠠᠯᠪᠢᠬᠤ ᠶᠤᠰᠤ ᠶᠢ ᠬᠡᠤᠬᠡᠨ ᠤ ᠭᠡᠷ ᠲᠤ ᠬᠦᠢᠴᠡᠳᠬᠡᠨ᠎ᠡ᠃ ᠭᠡᠬᠦ ᠳᠡᠭᠡᠨ ᠢᠪᠡᠭᠡᠯ ᠵᠢᠯ ᠲᠠᠢ ᠨᠤᠲᠤᠭ ᠎ ᠤᠨ ᠲᠤᠮᠤᠭᠠᠲᠠᠨ ᠲᠡᠷᠢᠬᠦᠯᠡᠨ ᠲᠠᠬᠢᠯᠴᠢ ᠨᠢᠬᠡ ᠬᠦᠮᠦᠨ᠂ ᠪᠡᠯᠡᠭ ᠬᠦᠷᠬᠡᠭᠴᠢ ᠨᠢᠬᠡ ᠬᠦᠮᠦᠨ᠂ ᠠᠴᠢᠶ᠎ᠠ ᠬᠦᠲᠦᠯᠦᠭᠴᠢ ᠨᠢᠬᠡ ᠬᠦᠮᠦᠨ᠂ ᠬᠦᠤ ᠶᠢᠨ ᠲᠠᠯ᠎ᠠ ᠶᠢᠨ ᠭᠤᠤᠯ ᠬᠤᠳᠠ ᠬᠤᠶᠠᠷ ᠬᠦᠮᠦᠨ ᠬᠢᠬᠡᠳ ᠳᠠᠭᠠᠯᠲᠠ ᠵᠡᠷᠭᠡ ᠳᠤᠯᠤᠭ᠎ᠠ ᠠᠴᠠ ᠶᠢᠰᠦᠨ ᠬᠦᠮᠦᠨ ︵ᠦᠷᠦᠬᠡᠯ ᠲᠤᠭ᠎ᠠ ᠶᠢ ᠡᠷᠬᠢᠮᠯᠡᠨ᠎ᠡ︶ ᠤᠴᠢᠨ᠎ᠠ᠃ ᠤᠴᠢᠭᠰᠠᠨ ᠤ ᠳᠠᠷᠠᠭ᠎ᠠ ᠴᠠᠭᠠᠨ ᠢᠳᠡᠭᠡ ᠠᠮᠰᠠᠵᠤ ᠴᠠᠢ ᠤᠤᠭᠤᠭᠰᠠᠨ ᠦᠶ᠎ᠡ ᠳᠤ ᠳᠠᠬᠢᠯᠴᠢ ᠠᠴᠠ ᠪᠤᠷᠬᠠᠨ ᠳᠤ ᠨᠢ ᠵᠤᠯᠠ ᠬᠦᠵᠢ ᠪᠠᠷᠢᠵᠤ ᠬᠠᠳᠠᠭ ᠡᠷᠭᠦᠨ᠎ᠡ᠃ ᠵᠢᠴᠢ ᠲᠡᠷᠢᠭᠦᠯᠡᠨ ᠢᠷᠡᠭᠰᠡᠨ ᠲᠤᠮᠤᠭᠠᠲᠠᠨ ᠡᠪᠤᠷ ᠠᠴᠠ ᠪᠠᠨ ᠮᠦᠩᠬᠦᠨ ᠠᠶᠠᠭ᠎ᠠ ᠭᠠᠷᠭᠠᠵᠤ ᠰᠠᠶᠢᠨ ᠠᠷᠢᠬᠢ ᠬᠡᠮᠨᠡᠵᠤ ᠤᠷᠲᠤ ᠠᠶᠤᠰᠢ ᠬᠠᠳᠠᠭ ᠳᠡᠭᠡᠷ᠎ᠡ ᠲᠠᠯᠪᠢᠭᠠᠳ ᠬᠡᠤᠬᠡᠨ ᠤ ᠠᠪᠤ ᠡᠵᠢ ᠳᠤ ᠨᠢ ᠪᠠᠷᠢᠨ᠎ᠠ᠃ ᠬᠡᠤᠬᠡᠨ ᠤ ᠠᠪᠤ ᠡᠵᠢ ᠠᠷᠢᠬᠢ ᠬᠠᠳᠠᠭ ᠢ ᠲᠤᠰᠤᠨ ᠠᠪᠴᠤ ᠢᠳᠠᠮᠯᠠᠭᠠᠳ ᠠᠮᠰᠠᠵᠤ ᠬᠠᠷᠢᠭᠤ ᠶᠤᠰᠤ ᠭᠦᠢᠴᠡᠳᠬᠡᠨ᠎ᠡ ᠃ ᠡᠨᠡ ᠦᠶ᠎ᠡ ᠳᠤ ᠪᠡᠯᠡᠭ ᠬᠦᠷᠬᠡᠭᠴᠢ ᠠᠴᠠ ᠪᠦᠬᠦᠯᠢ ᠰᠢᠬᠦᠰᠦ᠂ ᠬᠠᠭᠠᠷᠢᠭᠰᠠᠨ ᠪᠤᠪᠤ᠂ ᠠᠷᠢᠬᠢ ᠬᠠᠳᠠᠭ ᠲᠡᠷᠢᠭᠦᠲᠡᠨ ᠢ ᠡᠷᠭᠦᠨ ᠪᠠᠷᠢᠨ᠎ᠠ᠃ ᠲᠡᠭᠦᠨᠴᠢᠯᠡᠨ ᠬᠡᠤᠬᠡᠨ ᠤ ᠠᠪᠤ ᠳᠤ ᠨᠢ ᠲᠤᠷᠭᠠᠨ ᠭᠠᠳᠠᠷ᠂ ᠳᠤᠷᠳᠤᠩ ᠪᠦᠰ᠂ ᠰᠠᠶᠢᠨ ᠠᠷᠢᠬᠢ᠂ ᠡᠵᠢ ᠳᠤ ᠨᠢ ᠲᠤᠷᠭᠠᠨ ᠭᠠᠳᠠᠷ᠂ ᠳᠤᠷᠳᠤᠩ ᠪᠦᠰ᠂ ᠠᠯᠴᠢᠭᠤᠷ ᠵᠡᠷᠭᠡ ᠶᠢᠨ ᠭᠠᠷ ᠤᠨ ᠪᠡᠯᠡᠭ ᠦᠭᠬᠦᠨ᠎ᠡ᠃ ᠲᠡᠬᠦᠨ ᠤ ᠳᠠᠷᠠᠭ᠎ᠠ ᠬᠡᠤᠬᠡᠨ ᠤ ᠲᠠᠯ᠎ᠠ ᠠᠴᠠ ᠰᠢᠷᠡᠭᠡ ᠵᠠᠰᠠᠵᠤ ᠪᠦᠬᠦᠯᠢ ᠰᠢᠭᠦᠰᠦ ᠦᠷᠦᠵᠤ᠂ ᠬᠦᠤ ᠎ ᠶᠢᠨ ᠲᠠᠯ᠎ᠠ ᠶᠢᠨ ᠤᠷᠤᠭ ᠤᠨ ᠬᠠᠳᠠᠭ ᠡᠷᠭᠦᠭᠦ ᠬᠦᠮᠦᠰ ᠢ ᠵᠤᠴᠢᠯᠠᠵᠤ᠂ ᠬᠤᠶᠠᠷ ᠬᠡᠤᠬᠡᠳ ᠤᠨ ᠬᠤᠷᠢᠮ᠂ ᠭᠡᠷ ᠤᠨ ᠶᠠᠪᠤᠳᠠᠯ ᠢ ᠶᠠᠷᠢᠯᠴᠠᠨ ᠲᠤᠭᠲᠠᠬᠤ ᠪᠤᠯᠤᠨ᠎ᠠ᠃ ᠭᠡᠭᠦ ᠳᠡᠭᠡᠨ ᠭᠤᠤᠯᠳᠠᠭᠤ ᠬᠤᠷᠢᠮ ᠬᠢᠬᠦ ᠰᠠᠶᠢᠨ ᠡᠳᠦᠷ᠂ ᠰᠢᠨ᠎ᠡ ᠭᠡᠷ ᠎ ᠤᠨ ᠡᠳ᠋ᠯᠡᠯ ᠬᠡᠷᠡᠭᠰᠡᠯ ᠡᠳ᠋ ᠠᠭᠤᠷᠰᠤᠨ᠂ ᠦᠮᠴᠢ ᠬᠦᠷᠦᠩᠭᠡ ᠪᠠ ᠬᠦᠤ ᠶᠢᠨ ᠲᠠᠯ᠎ᠠ ᠠᠴᠠ ᠬᠡᠤᠬᠡᠨ ᠤ ᠲᠠᠯ᠎ᠠ ᠳᠤ ᠦᠭᠬᠦ ᠮᠠᠯ ᠮᠦᠩᠭᠦ᠂ ᠡᠳ᠋ ᠪᠠᠷᠠᠭ᠎ᠠ ᠵᠡᠷᠭᠡ ᠶᠢ ᠶᠠᠷᠢᠯᠴᠠᠨ ᠲᠤᠭᠲᠠᠭᠠᠨ᠎ᠠ᠃ ᠢᠩᠭᠢᠵᠤ ᠶᠠᠷᠢᠯᠴᠠᠵᠤ ᠲᠤᠭᠲᠠᠭᠰᠠᠨ ᠤ ᠳᠠᠷᠠᠭ᠎ᠠ ᠨᠢᠬᠡ ᠵᠡᠷᠭᠡ ᠨᠠᠶᠢᠷᠠᠯᠳᠤᠭᠠᠳ ᠬᠦᠤ ᠶᠢᠨ ᠲᠠᠯ᠎ᠠ ᠶᠢᠨ ᠬᠢᠨ ᠶᠠᠪᠤᠬᠤ ᠦᠶ᠎ᠡ ᠳᠤ ᠬᠡᠤᠬᠡᠨ ᠤ ᠲᠠᠯ᠎ᠠ ᠠᠴᠠ ᠲᠡᠳᠡᠨᠤᠰ ᠲᠤ ᠠᠯᠴᠢᠭᠤᠷ ᠬᠠᠳᠠᠭ ᠵᠡᠷᠭᠡ ᠶᠢᠨ ᠭᠠᠷ ᠤᠨ ᠴᠠᠭᠠᠨ ᠪᠡᠯᠡᠭ ᠢ ᠲᠤᠰ ᠪᠦᠷᠢ ᠦᠭᠴᠦ ᠶᠠᠪᠤᠭᠤᠯᠳᠠᠭ ᠶᠤᠮ᠃ ᠤᠷᠤᠭ ᠤᠨ ᠬᠠᠳᠠᠭ ᠲᠠᠯᠪᠢᠬᠤ ᠬᠦᠮᠦᠰ ᠶᠠᠭ ᠮᠤᠷᠳᠠᠬᠤ ᠦᠶ᠎ᠡ ᠳᠤ ᠬᠡᠤᠬᠡᠨ ᠤ ᠲᠠᠯ᠎ᠠ ᠶᠢᠨ ᠬᠢᠨ ᠪᠦᠷ ᠭᠡᠷ ᠎ ᠠᠴᠠ ᠭᠠᠷᠴᠤ ᠢᠷᠡᠭᠡᠳ ᠦᠳᠡᠨ ᠮᠤᠷᠳᠠᠭᠤᠯᠳᠠᠭ᠃ ᠶᠡᠷᠤ ᠨᠢ ᠤᠷᠤᠭ ᠤᠨ ᠬᠠᠳᠠᠭ ᠲᠠᠯᠪᠢᠭᠰᠠᠳ ᠬᠡᠤᠬᠡᠨ ᠤ ᠭᠡᠷ ᠎ ᠲᠤ ᠬᠤᠨᠤᠭᠯᠠᠬᠤ ᠶᠤᠰᠤ ᠦᠬᠡᠢ ᠪᠢᠯᠡ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号