ᠪᠦᠬᠦᠯᠢ ᠰᠢᠬᠦᠰᠦ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2022/12/8
     ᠪᠦᠬᠦᠯᠢ ᠬᠤᠨᠢᠨ ᠰᠢᠭᠦᠰᠤ ᠪᠤᠯ ᠬᠦᠨᠳᠦᠳᠦ ᠵᠤᠴᠢᠨ ᠳᠠᠶᠢᠯᠠᠵᠤ ᠵᠤᠴᠢᠯᠠᠬᠤ ᠳᠤ ᠵᠤᠷᠢᠭᠤᠯᠤᠭᠳᠠᠭᠰᠠᠨ ᠬᠠᠮᠤᠭ ᠳᠡᠭᠡᠳᠤ ᠬᠦᠨᠳᠦᠳᠬᠡᠯ ᠤᠨ ᠢᠳᠡᠬᠡᠨ ᠪᠤᠯᠤᠨ᠎ᠠ᠃      ᠪᠦᠬᠦᠯᠢ ᠰᠢᠬᠦᠰᠦ ᠨᠢ ᠲᠤᠯᠤᠭᠠᠢ᠂ ᠰᠡᠭᠡᠷ᠂ ᠬᠤᠶᠠᠷ ᠬᠠ᠂ ᠤᠭᠤᠴᠠ᠂ ᠬᠤᠶᠠᠷ ᠭᠤᠶ᠎ᠠ ᠪᠠᠷ ᠪᠦᠷᠢᠯᠳᠦᠨ᠎ᠡ ᠃ ᠪᠦᠬᠦᠯᠢ ᠰᠢᠬᠦᠰᠦᠨ ᠳᠤ ᠬᠦᠵᠦᠬᠦᠤ᠂ ᠡᠪᠴᠢᠬᠦᠤ᠂ ᠭᠡᠳᠡᠰᠤ ᠳᠤᠲᠤᠷ ᠤᠷᠤᠭᠤᠯᠬᠤ ᠦᠬᠡᠢ᠃ ᠡᠳᠡᠭᠡᠷ ᠮᠢᠬ᠎ᠠ ᠎ ᠪᠠᠨ ᠴᠢᠨᠠᠵᠤ ᠪᠦᠳᠦᠬᠦᠨ ᠭᠠᠤᠯᠢᠨ ᠴᠠᠷ᠎ᠠ ᠪᠤᠶᠤ ᠮᠤᠳᠤᠨ ᠳᠡᠪᠰᠢ ᠳᠤ ᠠᠮᠢᠳᠤ ᠬᠤᠨᠢᠨ ᠤ ᠪᠠᠶᠢᠷᠢᠰᠢᠯ ᠢᠶᠠᠷ ᠦᠷᠦᠵᠤ ᠵᠠᠰᠠᠨ᠎ᠠ᠃ ᠡᠮᠦᠨ᠎ᠡ ᠨᠢ ᠬᠤᠶᠠᠷ ᠬᠠ᠂ ᠠᠷᠤ ᠳᠤ ᠨᠢ ᠬᠤᠶᠠᠷ ᠭᠤᠶ᠎ᠠ᠂ ᠳᠤᠮᠳᠠ ᠨᠢ ᠰᠡᠭᠡᠷ ᠤᠷᠤᠭᠤᠯᠵᠤ ᠂ ᠳᠡᠭᠡᠷ᠎ᠡ ᠨᠢ ᠤᠭᠤᠴᠠ ᠶᠢ ᠨᠢ ᠳᠤᠷᠤᠭᠰᠢ ᠬᠦᠮᠦᠷᠴᠦ ᠲᠠᠯᠪᠢᠭᠠᠳ ᠳᠠᠬᠢᠨ ᠳᠡᠭᠡᠷ᠎ᠡ ᠨᠢ ᠲᠤᠯᠤᠭᠠᠢ ᠶᠢ ᠨᠢ ᠲᠠᠯᠪᠢᠵᠤ᠂ ᠬᠠᠪᠲᠠᠭᠠᠢ ᠦᠷᠦᠮ᠎ᠡ᠂ ᠰᠢᠷ᠎ᠠ ᠲᠤᠰᠤ ᠲᠠᠯᠪᠢᠬᠤ ᠪᠦᠭᠡᠳ ᠳᠦᠷᠪᠡᠨ ᠮᠦᠴᠢ ᠶᠢᠨ ᠦᠶ᠎ᠡ ᠪᠤᠯᠭᠠᠨ ᠳᠤ ᠦᠷᠦᠮ᠎ᠡ ᠲᠠᠯᠪᠢᠵᠤ ᠵᠠᠰᠠᠨ᠎ᠠ᠃      ᠰᠢᠬᠦᠰᠦ ᠶᠢ ᠬᠦᠨᠳᠦᠳᠦ ᠵᠤᠴᠢᠨ ᠤ ᠭᠤᠤᠯ ᠰᠢᠷᠡᠭᠡᠨ ᠳᠤ ᠤᠷᠤᠭᠤᠯᠤᠨ᠎ᠠ᠃ ᠰᠢᠬᠦᠰᠦ ᠶᠢ ᠬᠤᠶᠠᠷ ᠬᠦᠮᠦᠨ ᠳᠠᠮᠨᠠᠵᠤ᠂ ᠪᠦᠬᠦᠯᠢ ᠰᠢᠬᠦᠰᠦᠨ ᠤ ᠲᠤᠯᠤᠭᠠᠢ ᠪᠠᠷ ᠨᠢ ᠡᠬᠦᠳᠡ ᠤᠷᠤᠭᠤᠯᠬᠤ ᠶᠤᠰᠤᠲᠠᠢ᠃ ᠸᠠᠩ ᠨᠤᠶᠠᠨ ᠳᠤ ᠰᠢᠭᠦᠰᠦ ᠤᠷᠤᠭᠤᠯᠬᠤ ᠳᠤ ᠤᠯᠠᠭᠠᠨ ᠦᠩᠭᠡ ᠲᠠᠢ ᠲᠤᠷᠭ᠎ᠠ ᠪᠤᠶᠤ ᠳᠤᠷᠳᠤᠩ ᠢᠶᠠᠷ ᠪᠦᠲᠡᠬᠡᠵᠤ ᠤᠷᠤᠭᠤᠯᠤᠨ᠎ᠠ᠃ ᠭᠡᠭᠡᠨ ᠬᠤᠪᠢᠯᠭᠠᠨ ᠪᠠ ᠶᠡᠬᠡᠰ ᠯᠠᠮᠠ ᠨᠠᠷ ᠲᠤ ᠬᠠᠳᠠᠭ ᠤᠨᠵᠢᠭᠤᠯᠤᠨ ᠳᠤᠬᠤᠵᠤ ᠤᠷᠤᠭᠤᠯᠬᠤ ᠵᠡᠷᠭᠡ ᠶᠢᠨ ᠨᠠᠷᠢᠨ ᠢᠯᠭᠠᠭ᠎ᠠ ᠲᠠᠢ᠃ ᠪᠦᠬᠦᠯᠢ ᠰᠢᠬᠦᠰᠦ ᠪᠠᠨ ᠵᠤᠴᠢᠨ ᠤ ᠡᠮᠦᠨ᠎ᠡ ᠶᠤᠰᠤᠴᠢᠯᠠᠨ ᠵᠠᠰᠠᠭᠠᠳ ᠰᠢᠬᠦᠰᠦ ᠬᠦᠨᠳᠡᠬᠦ ᠬᠦᠮᠦᠨ ᠪᠤᠶᠤ ᠢᠷᠦᠬᠡᠯᠴᠢ ᠠᠴᠠ ᠰᠢᠬᠦᠰᠤ ᠳᠡᠭᠡᠳᠤᠯᠡᠬᠦ ᠢᠷᠦᠬᠡᠯ ᠬᠡᠯᠡᠨ᠎ᠡ᠃      ᠰᠢᠬᠦᠰᠦ ᠪᠠᠷᠢᠬᠤ ︵ᠳᠡᠭᠡᠳᠦᠯᠡᠬᠦ ᠶᠤᠰᠤ︶ ᠶᠤᠰᠤᠨ ᠪᠤᠯ ᠰᠢᠬᠦᠰᠦ ᠲᠠᠯᠪᠢᠬᠤ ᠬᠦᠮᠦᠨ ᠤ ᠪᠠᠨ ᠡᠮᠦᠨ᠎ᠡ ᠰᠢᠷᠡᠭᠡᠨ ᠳᠡᠭᠡᠷ᠎ᠡ ᠳᠡᠪᠰᠢ ᠲᠠᠢ ᠰᠢᠬᠦᠰᠦ ᠪᠠᠨ ᠲᠤᠯᠤᠭᠠᠢ ᠶᠢ ᠨᠢ ᠵᠤᠴᠢᠨ ᠤᠷᠤᠭᠤ ᠪᠠᠨ ᠬᠠᠨᠳᠤᠭᠤᠯᠤᠨ ᠲᠠᠯᠪᠢᠨ᠎ᠠ᠃ ᠵᠤᠴᠢᠨ ᠬᠦᠮᠦᠨ ᠨᠢ ᠰᠢᠬᠦᠰᠦ ᠳᠡᠭᠡᠷᠡᠬᠢ ᠴᠠᠭᠠᠨ ᠢᠳᠡᠭᠡ ᠠᠴᠠ ᠨᠢ ᠠᠮᠰᠠᠵᠤ᠂ ᠤᠭᠤᠴᠠ ᠶᠢᠨ ᠬᠠᠵᠠᠭᠤ ᠠᠴᠠ ᠎ ᠨᠢ ᠪᠠᠭ᠎ᠠ ᠦᠬᠡᠬᠦᠯᠡᠨ ᠠᠪᠤᠭᠠᠳ ᠭᠠᠯ ᠲᠡᠭᠷᠢ ᠳᠤ ᠡᠷᠬᠦᠬᠡᠳ ᠳᠠᠷᠠᠭ᠎ᠠ ᠨᠢ ᠦᠪᠡᠷ ᠢᠶᠠᠨ ᠠᠮᠰᠠᠵᠤ᠂ ᠳᠡᠷᠭᠡᠳᠡ ᠨᠢ ᠠᠬᠠᠮᠠᠳ ᠨᠠᠰᠤᠲᠠᠢ ᠬᠦᠮᠦᠨ ᠪᠠᠶᠢᠪᠠᠯ ᠲᠠᠯ᠎ᠠ ᠦᠭᠴᠦ ᠠᠮᠰᠠᠭᠤᠯᠤᠨ ᠰᠢᠭᠦᠰᠦ ᠠᠮᠰᠠᠭᠰᠠᠨ ᠢᠶᠠᠨ ᠮᠡᠳᠡᠭᠳᠡᠨ᠎ᠡ᠃      ᠢᠩᠭᠢᠭᠡᠳ ᠰᠢᠬᠦᠰᠦ ᠲᠠᠯᠪᠢᠭᠰᠠᠨ ᠬᠦᠮᠦᠨ ᠨᠢ ᠦᠪᠡᠷ ᠢᠶᠠᠨ ᠬᠢᠲᠤᠭ᠎ᠠ ᠪᠠᠨ ᠭᠠᠷᠭᠠᠵᠤ ᠰᠢᠭᠦᠰᠦ ᠶᠢ ᠬᠦᠨᠳᠡᠵᠤ᠂ ᠰᠡᠭᠦᠯ ᠢ ᠨᠢ ᠤᠭᠲᠤᠯᠤᠨ ᠠᠪᠴᠤ ᠪᠤᠷᠬᠠᠨ ᠳᠤ ᠨᠢ ᠲᠠᠯᠪᠢᠵᠤ᠂ ᠲᠤᠯᠤᠭᠠᠢ ᠶᠢ ᠨᠢ ᠴᠠᠷ᠎ᠠ ᠳᠤ ᠬᠢᠵᠤ ᠪᠤᠷᠬᠠᠨ ᠤ ᠠᠪᠳᠠᠷ᠎ᠠ ᠳᠡᠭᠡᠷ᠎ᠡ ᠲᠠᠯᠪᠢᠵᠤ᠂ ᠤᠭᠤᠴᠠ ᠶᠢ ᠨᠢ ᠵᠦᠪ ᠲᠠᠯ᠎ᠠ ᠠᠴᠠ ᠨᠢ ᠲᠠᠯᠠᠯᠠᠵᠤ ᠬᠤᠶᠠᠷ ᠬᠠᠵᠠᠭᠤ ᠎ ᠪᠠᠷ ᠨᠢ ᠵᠦᠷᠢᠬᠦᠯᠦᠨ ᠲᠠᠯᠪᠢᠬᠤ ᠪᠦᠬᠡᠳ ᠬᠠ ᠭᠤᠶ᠎ᠠ ᠶᠢᠨ ᠦᠶ᠎ᠡ ᠶᠢ ᠬᠦᠨᠳᠡᠵᠤ ᠤᠷᠬᠢᠨ᠎ᠠ᠃ ᠸᠠᠩ ᠨᠤᠶᠠᠳ ᠤᠨ ᠡᠮᠦᠨᠡᠬᠢ ᠰᠢᠭᠦᠰᠦᠨ ᠤ ᠲᠤᠯᠤᠭᠠᠢ ᠶᠢ ᠪᠠᠷᠠᠭᠤᠨ ᠬᠤᠶᠢᠲᠦ ᠠᠪᠳᠠᠷ᠎ᠠ ᠳᠡᠭᠡᠷ᠎ᠡ ᠲᠠᠯᠪᠢᠵᠤ ᠦᠭᠳᠡᠭ᠃ ᠢᠩᠭᠢᠵᠤ ᠬᠦᠨᠳᠡᠭᠰᠡᠨ ᠤ ᠰᠡᠭᠦᠯᠡᠷ ᠵᠤᠴᠢᠨ ᠰᠢᠬᠦᠰᠦ ᠠᠮᠰᠠ ᠭᠡᠵᠤ ᠬᠡᠯᠡᠪᠡᠯ ᠰᠠᠶ᠋ᠢ ᠪᠤᠴᠠᠭᠠᠨ ᠠᠪᠴᠢᠷᠠᠭᠠᠳ ᠮᠦᠴᠢᠯᠡᠨ ᠡᠪᠳᠡᠵᠤ᠂ ᠳᠠᠬᠢᠵᠤ ᠰᠠᠶᠢᠲᠤᠷ ᠴᠢᠨᠠᠵᠤ ᠪᠤᠯᠭᠤᠭᠠᠳ ᠶᠡᠭᠡ ᠦᠷᠦᠬᠡᠯ᠂ ᠪᠠᠭ᠎ᠠ ᠦᠷᠦᠬᠡᠯ ᠭᠡᠵᠤ ᠬᠤᠶᠠᠷ ᠶᠠᠩᠵᠤ ᠪᠠᠷ ᠰᠢᠭᠦᠰᠦ ᠵᠠᠰᠠᠵᠤ ᠵᠤᠴᠢᠨ ᠳᠤ ᠠᠪᠴᠢᠷᠠᠨ ᠦᠭᠴᠦ ᠢᠳᠡᠭᠦᠯᠦᠨ᠎ᠡ᠃ ᠶᠡᠭᠡ ᠦᠷᠦᠬᠡᠯ ᠰᠢᠭᠦᠰᠦᠨ ᠳᠤ ᠨᠢᠬᠡ ᠬᠠ᠂ ᠨᠢᠬᠡ ᠭᠤᠶ᠎ᠠ᠂ ᠰᠡᠭᠡᠷ᠂ ᠤᠭᠤᠴᠠ᠂ ᠲᠤᠯᠤᠭᠠᠢ ᠤᠷᠤᠬᠤ ᠶᠤᠰᠤᠲᠠᠢ᠃ ᠪᠠᠭ᠎ᠠ ᠦᠷᠦᠭᠡᠯ ᠰᠢᠬᠦᠰᠦᠨ ᠳᠤ ᠰᠡᠭᠡᠷ᠂ ᠱᠠᠭᠠᠨᠲᠤ᠂ ᠳᠦᠷᠪᠡᠨ ᠦᠨᠳᠦᠷ᠂ ᠤᠭᠤᠴᠠ ᠤᠷᠤᠬᠤ ᠶᠤᠰᠤᠲᠠᠢ᠃ ᠬᠦᠮᠦᠨ ᠤ ᠬᠢᠨᠢ ᠤᠯᠠᠨ ᠴᠦᠬᠡᠨ᠂ ᠵᠡᠷᠭᠡ ᠬᠡᠷᠬᠡᠮ ᠤᠨ ᠬᠢᠨᠢ ᠶᠡᠭᠡ ᠪᠠᠭ᠎ᠠ ᠶᠢ ᠦᠵᠡᠵᠤ ᠶᠡᠭᠡ ᠦᠷᠦᠬᠡᠯ ᠪᠤᠶᠤ ᠪᠠᠭ᠎ᠠ ᠦᠷᠦᠬᠡᠯ ᠰᠢᠬᠦᠰᠦ ᠵᠠᠰᠠᠵᠤ᠂ ᠮᠦᠴᠢᠯᠡᠨ ᠲᠠᠯᠪᠢᠵᠤ ᠦᠭᠬᠦᠭᠡᠳ ᠵᠤᠴᠢᠨ ᠢᠶᠠᠨ ᠳᠠᠶᠢᠯᠠᠵᠤ ᠤᠯᠠᠨ ᠢᠶᠠᠷ ᠰᠢᠭᠦᠰᠦ ᠢᠳᠡᠳᠡᠭ ᠵᠠᠩᠰᠢᠯ ᠲᠠᠢ᠃ ᠲᠤᠰᠠᠯᠠᠭᠴᠢ ᠎ ᠠᠴᠠ ᠳᠡᠭᠡᠭᠰᠢ ᠬᠡᠷᠬᠡᠮ ᠲᠠᠢ ᠪᠤᠯ ᠶᠡᠭᠡ ᠦᠷᠦᠬᠡᠯ ᠲᠠᠯᠪᠢᠵᠤ᠂ ᠲᠡᠭᠦᠨ ᠠᠴᠠ ᠪᠠᠭ᠎ᠠ ᠬᠡᠷᠬᠡᠮᠲᠡᠨ ᠳᠤ ᠪᠠᠭ᠎ᠠ ᠦᠷᠦᠬᠡᠯ ᠲᠠᠯᠪᠢᠳᠠᠭ ᠶᠤᠰᠤ ᠭᠤᠷᠢᠮ ᠲᠠᠢ ᠶᠤᠮ᠃      ᠰᠢᠭᠦᠰᠦ ᠬᠦᠨᠳᠡᠵᠤ ᠳᠠᠬᠢᠵᠤ ᠤᠷᠤᠭᠤᠯᠬᠤ ᠳᠤ ᠶᠡᠭᠡ ᠦᠷᠦᠬᠡᠯ᠂ ᠪᠠᠭ᠎ᠠ ᠦᠷᠦᠬᠡᠯ ᠠᠴᠠ ᠭᠠᠳᠠᠨ᠎ᠠ ᠶᠢᠰᠤᠨ ᠴᠠᠭᠠᠨ ᠰᠢᠭᠦᠰᠦ᠂ ᠭᠤᠷᠪᠠᠨ ᠴᠠᠭᠠᠨ ᠰᠢᠬᠦᠰᠦ ᠬᠡᠵᠤ ᠪᠠᠶᠢᠳᠠᠭ᠃ ᠵᠤᠴᠢᠨ ᠤᠯᠠᠨ ᠪᠤᠯ ᠰᠢᠭᠦᠰᠦ ᠶᠢ ᠮᠦᠴᠢᠯᠡᠨ ᠶᠢᠰᠤᠨ ᠴᠠᠷ᠎ᠠ ᠳᠤ ᠲᠤᠭ᠎ᠠ ᠡᠷᠡᠮᠪᠠ ᠲᠠᠢ ᠶᠰᠤᠨ ᠬᠤᠪᠢ ᠬᠤᠪᠢᠶᠠᠨ ᠬᠤᠪᠢᠳᠠᠵᠤ᠂ ᠭᠤᠤᠯ ᠵᠤᠴᠢᠨ ᠤ ᠡᠮᠦᠨ᠎ᠡ ᠲᠤᠯᠤᠭᠠᠢ᠂ ᠰᠡᠭᠦᠯ᠂ ᠱᠠᠭᠠᠨᠲᠤ᠂ ᠳᠠᠭᠠᠯᠲᠠ ᠮᠢᠬ᠎ᠠ ᠲᠠᠢ ᠨᠢᠬᠡ ᠴᠠᠷ᠎ᠠ ᠭᠡᠬᠦ ᠮᠡᠲᠦ ᠤᠷᠤᠭᠤᠯᠵᠤ ᠤᠯᠠᠨ ᠢᠶᠠᠷ ᠢᠶᠠᠨ ᠢᠳᠡᠳᠡᠭ᠃ ᠶᠢᠰᠤᠨ ᠴᠠᠭᠠᠨ ᠰᠢᠬᠦᠰᠦ ᠵᠠᠰᠠᠬᠤ ᠳᠤ ᠡᠪᠴᠢᠬᠦᠤ᠂ ᠬᠦᠵᠦᠬᠦᠤ᠂ ᠵᠢᠷᠭᠤᠭᠠᠨ ᠪᠤᠭᠤᠨᠢ᠂ ᠬᠠᠷᠢᠲᠤ᠂ ᠪᠤᠭᠲᠤᠰ ᠵᠡᠷᠭᠡ ᠮᠦᠴᠢ ᠤᠷᠤᠵᠤ ᠪᠤᠯᠬᠤ ᠦᠬᠡᠢ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号