ᠪᠢᠲᠡᠬᠦᠨ ᠤ ᠰᠢᠬᠦᠰᠤ
ᠨᠡᠶᠢᠲᠡᠯᠡᠭᠰᠡᠨ ᠴᠠᠭ᠄
2022/12/8
     ᠰᠦᠨᠢᠳ ᠨᠤᠲᠤᠭ ᠲᠤ ᠰᠢᠨᠡᠯᠡᠬᠦ ᠦᠶ᠎ᠡ ᠳᠤ ᠪᠢᠲᠡᠭᠦᠨ ᠤ ᠰᠢᠬᠦᠰᠦ ᠲᠠᠯᠪᠢᠳᠠᠭ᠃ ᠪᠢᠲᠡᠬᠦᠨ ᠳᠤ ᠠᠶᠢᠯ ᠪᠤᠯᠭᠠᠨ ᠦᠳᠡ ᠶᠢᠨ ᠬᠤᠶᠢᠨ᠎ᠠ ᠠᠴᠠ ᠡᠬᠢᠯᠡᠵᠤ ᠪᠢᠲᠡᠬᠦᠨ ᠤ ᠰᠢᠬᠦᠰᠦ᠂ ᠮᠢᠬ᠎ᠠ ᠪᠠᠨ ᠴᠢᠨᠠᠵᠤ ᠭᠠᠷᠭᠠᠭᠠᠳ ᠬᠦᠷᠦᠬᠡᠭᠰᠡᠨ ᠤ ᠬᠤᠶᠢᠨ᠎ᠠ ᠤᠷᠤᠢ ᠪᠢᠲᠡᠬᠦᠨ ᠤ ᠰᠢᠭᠦᠰᠦ ᠵᠠᠰᠠᠨ᠎ᠠ᠃ ᠪᠢᠲᠡᠭᠦᠨ ᠤ ᠰᠢᠬᠦᠰᠦᠨ ᠳᠤ ᠪᠦᠬᠦᠯᠢ ᠤᠭᠤᠴᠠ᠂ ᠪᠢᠲᠡᠭᠦᠤ ᠴᠢᠨᠠᠭᠰᠠᠨ ᠲᠤᠯᠤᠭᠠᠢ ᠪᠤᠯᠤᠨ ᠳᠠᠭᠠᠯᠲᠠ ᠮᠢᠬ᠎ᠠ ᠱᠠᠭᠠᠨᠲᠤ ᠤᠷᠤᠨ᠎ᠠ᠃ ᠡᠳᠡᠭᠡᠷ ᠤᠭᠤᠴᠠ᠂ ᠲᠤᠯᠤᠭᠠᠢ᠂ ᠱᠠᠭᠠᠨᠲᠤ ᠶᠢ ᠦᠷᠦᠬᠦ ᠳᠤ ᠵᠢᠵᠢᠭ ᠮᠤᠳᠤᠨ ᠳᠡᠪᠰᠢ ᠪᠤᠶᠤ ᠭᠤᠯᠢᠨ ᠴᠠᠷ᠎ᠠ ᠳᠤ ᠤᠭᠤᠴᠠ ᠪᠠᠨ ᠲᠠᠯᠪᠢᠵᠤ᠂ ᠳᠡᠭᠡᠷ᠎ᠡ ᠨᠢ ᠲᠤᠯᠤᠭᠠᠢ ᠶᠢ ᠨᠢ ᠲᠠᠯᠪᠢᠵᠤ ᠬᠠᠵᠠᠭᠤ ᠪᠠᠷ ᠨᠢ ᠱᠠᠭᠠᠨᠲᠤ ᠪᠠᠷ ᠬᠠᠰᠢᠵᠤ ᠦᠭᠬᠦᠨ᠎ᠡ᠃ ᠲᠤᠯᠤᠭᠠᠢ ᠶᠢᠨ ᠳᠡᠭᠡᠷ᠎ᠡ ᠨᠢ ᠬᠠᠲᠠᠭᠠᠭᠰᠠᠨ ᠦᠷᠦᠮ᠎ᠡ᠂ ᠴᠠᠭᠠᠨ ᠲᠤᠰᠤ ᠲᠠᠯᠪᠢᠨ ᠵᠠᠰᠠᠵᠤ ᠴᠢᠮᠡᠳᠡᠭ ᠶᠤᠰᠤᠲᠠᠢ᠃ ᠢᠩᠭᠢᠭᠡᠳ ᠪᠢᠲᠡᠬᠦᠯᠡᠬᠦ ᠪᠠᠷ ᠢᠷᠡᠭᠰᠡᠨ ᠬᠦᠮᠦᠨ ᠳᠤ ᠲᠠᠯᠪᠢᠵᠤ ᠬᠦᠨᠳᠦᠳᠬᠡᠨ ᠵᠤᠴᠢᠯᠠᠨ᠎ᠠ᠃ ᠪᠢᠲᠡᠬᠦᠯᠡᠬᠦ ᠪᠠᠷ ᠢᠷᠡᠭᠰᠡᠨ ᠬᠦᠮᠦᠨ ᠨᠢ ᠰᠢᠬᠦᠰᠦᠨ ᠳᠡᠭᠡᠷᠡᠬᠢ ᠴᠠᠭᠠᠨ ᠢᠳᠡᠬᠡᠨ ᠠᠴᠠ ᠨᠢ ᠤᠷᠢᠳ ᠢᠶᠠᠷ ᠠᠮᠰᠠᠵᠤ ᠬᠢᠲᠤᠭ᠎ᠠ ᠠᠪᠴᠤ ᠪᠠᠭ᠎ᠠ ᠬᠦᠨᠳᠡᠵᠤ᠂ ᠢᠩᠭᠢᠭᠡᠳ ᠤᠭᠤᠴᠠᠨ ᠤ ᠲᠠᠯ᠎ᠠ ᠠᠴᠠ ᠨᠢ ᠵᠦᠰᠦᠵᠤ ᠭᠠᠯ ᠳᠤ ᠡᠷᠭᠦᠭᠡᠳ ᠰᠠᠶ᠋ᠢ ᠠᠮᠰᠠᠨ᠎ᠠ᠃      ᠪᠢᠲᠡᠬᠦᠯᠡᠬᠦ ᠰᠢᠬᠦᠰᠦᠨ ᠳᠤ ᠭᠡᠷ ᠲᠡᠭᠡᠨ ᠪᠢᠲᠡᠬᠦᠯᠡᠬᠦ ᠦᠶ᠎ᠡ ᠳᠤ ᠬᠠᠮᠤᠭ ᠤᠨ ᠦᠨᠳᠦᠷ ᠨᠠᠰᠤᠲᠠᠨ᠂ ᠳᠡᠭᠡᠷ᠎ᠡ ᠦᠶ᠎ᠡ ᠪᠤᠯᠬᠤ ᠬᠦᠮᠦᠨ ᠳᠡᠭᠡᠨ ᠵᠠᠰᠠᠭᠰᠠᠨ ᠤᠭᠤᠴᠠ ᠦᠭᠳᠡᠭ᠃ ᠡᠮᠡᠭᠲᠡᠢ ᠬᠦᠮᠦᠨ ᠳᠤ ᠪᠤᠯ ᠪᠦᠳᠦᠷᠬᠡᠢ ᠶᠢ ᠨᠢ ᠠᠪᠤᠭᠰᠠᠨ ᠪᠦᠬᠦᠯᠢ ᠡᠪᠴᠢᠬᠦᠤ ᠰᠡᠭᠡᠷ ᠳᠠᠭᠠᠯᠲᠠ ᠮᠦᠴᠢ ᠲᠠᠢ᠂ ᠬᠡᠤᠬᠡᠳ ᠤᠳ ᠳᠤ ᠮᠦᠴᠢ᠂ ᠵᠢᠷᠤᠬᠡ᠂ ᠪᠦᠬᠡᠷ᠎ᠡ ᠵᠡᠷᠬᠡ ᠳᠠᠭᠠᠯᠲᠠ ᠮᠢᠬ᠎ᠠ ᠲᠠᠢ ᠬᠤᠪᠢᠳᠠᠵᠤ ᠦᠭᠬᠦ ᠴᠦ ᠪᠤᠢ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号