ᠤᠭᠤᠴᠠ ᠲᠠᠯᠪᠢᠬᠤ
ᠨᠡᠶᠢᠲᠡᠯᠡᠭᠰᠡᠨ ᠴᠠᠭ᠄
2022/12/8
     ᠮᠠᠨ ᠤ ᠰᠦᠨᠢᠳ ᠲᠤ ᠬᠦᠨᠳᠦᠳᠦ ᠵᠤᠴᠢᠨ ᠢᠶᠠᠨ ᠵᠤᠴᠢᠯᠠᠬᠤ ᠳᠤ ᠪᠦᠬᠦᠯᠢ ᠰᠢᠬᠦᠰᠦ ᠲᠠᠯᠪᠢᠬᠤ ᠠᠴᠠ ᠭᠠᠳᠠᠨ᠎ᠠ ᠤᠭᠤᠴᠠ ᠲᠠᠯᠪᠢᠬᠤ ᠵᠤᠴᠢᠯᠠᠬᠤ ᠶᠤᠰᠤᠨ ᠲᠦᠭᠡᠮᠡᠯ ᠪᠠᠶᠢᠳᠠᠭ᠃ ᠡᠶᠢᠮᠤ ᠠᠴᠠ ᠤᠭᠤᠴᠠ ᠲᠠᠯᠪᠢᠬᠤ ᠪᠤᠯ ᠰᠢᠬᠦᠰᠦᠨ ᠤ ᠳᠠᠷᠠᠭ᠎ᠠ ᠤᠷᠤᠬᠤ ᠬᠦᠨᠳᠦᠳᠬᠡᠯ ᠢᠳᠡᠬᠡᠨ ᠪᠤᠯᠳᠠᠭ᠃      ᠤᠭᠤᠴᠠᠨ ᠳᠤ ᠬᠤᠶᠠᠷ ᠵᠤᠶᠢᠯ ᠤᠨ ᠢᠯᠭᠠᠭ᠎ᠠ ᠲᠠᠢ᠃ ᠨᠢᠬᠡ ᠨᠢ ᠬᠦᠳᠦᠴᠡ ᠤᠭᠤᠴᠠ᠂ ᠨᠦᠬᠦᠬᠡ ᠨᠢ ᠲᠠᠪᠬᠢᠭᠴᠠᠩ ᠤᠭᠤᠴᠠ ᠬᠡᠵᠤ ᠪᠤᠢ᠃ ᠬᠦᠲᠦᠴᠡ ᠤᠭᠤᠴᠠ ᠶᠢ ᠵᠡᠷᠭᠡ ᠬᠡᠷᠬᠡᠮ ᠲᠠᠢ ᠬᠦᠨᠳᠦᠳᠦ ᠵᠤᠴᠢᠨ᠂ ᠨᠠᠭᠠᠴᠤ ᠠᠪᠠᠭ᠎ᠠ ᠶᠢᠨ ᠦᠶ᠎ᠡ ᠲᠠᠢ ᠲᠦᠷᠦᠯ ᠰᠠᠳᠤᠨ ᠳᠤ ᠭᠤᠤᠯᠳᠠᠭᠤ ᠲᠠᠯᠪᠢᠵᠤ ᠵᠤᠴᠢᠯᠠᠳᠠᠭ᠃ ᠲᠠᠪᠬᠢᠭᠴᠠᠩ ᠤᠭᠤᠴᠠ ᠪᠤᠯ ᠮᠦᠨ ᠳᠡᠭᠡᠷ᠎ᠡ ᠦᠶ᠎ᠡ ᠲᠠᠢ ᠠᠬᠠᠮᠠᠳ ᠨᠠᠰᠤᠲᠠᠨ᠂ ᠵᠡᠷᠬᠡ ᠬᠡᠷᠬᠡᠮ ᠦᠬᠡᠢ ᠪᠤᠯᠪᠠᠴᠤ ᠢᠲᠡᠬᠡᠯ ᠬᠦᠨᠳᠦᠲᠠᠢ ᠤᠰᠤ ᠨᠤᠲᠤᠭ ᠤᠨ ᠲᠤᠮᠤᠭᠠᠲᠠᠳ ᠳᠤ ᠲᠠᠯᠪᠢᠵᠤ ᠵᠤᠴᠢᠯᠠᠬᠤ ᠢᠳᠡᠬᠡᠨ ᠤ ᠨᠢᠬᠡ ᠪᠤᠯᠤᠨ᠎ᠠ᠃      ᠬᠦᠲᠦᠴᠡ ᠤᠭᠤᠴᠠ ᠨᠢ ᠲᠤᠯᠤᠭᠠᠢ᠂ ᠰᠡᠭᠡᠷ᠂ ᠤᠭᠤᠴᠠ᠂ ᠪᠠᠷᠠᠭᠤᠨ ᠭᠤᠶ᠎ᠠ ᠶᠢᠨ ᠱᠠᠭᠠᠨᠲᠤ ᠵᠡᠷᠭᠡ ᠮᠦᠴᠢ ᠪᠠᠷ ᠪᠦᠷᠢᠯᠳᠦᠨ᠎ᠡ᠃ ᠤᠭᠤᠴᠠ ᠶᠢ ᠦᠷᠦᠬᠦ ᠳᠡᠭᠡᠨ ᠭᠤᠤᠯ ᠳᠤ ᠨᠢ ᠤᠭᠤᠴᠠ ᠪᠠᠨ ᠲᠠᠯᠪᠢᠵᠤ᠂ ᠰᠡᠭᠡᠷ᠂ ᠱᠠᠭᠠᠨᠲᠤ ᠪᠠᠷ ᠬᠤᠶᠠᠷ ᠲᠠᠯ᠎ᠠ ᠶᠢ ᠨᠢ ᠬᠠᠰᠢᠵᠤ᠂ ᠤᠭᠤᠴᠠ ᠳᠡᠭᠡᠷ᠎ᠡ ᠪᠠᠨ ᠲᠤᠯᠤᠭᠠᠢ ᠶᠢ ᠨᠢ ᠲᠠᠯᠪᠢᠵᠤ᠂ ᠴᠠᠭᠠᠨ ᠢᠳᠡᠭᠡ ᠪᠠᠷ ᠵᠠᠰᠠᠬᠤ ᠶᠤᠰᠤᠲᠠᠢ᠃ ᠤᠭᠤᠴᠠ ᠪᠠᠨ ᠮᠤᠳᠤᠨ ᠳᠡᠪᠰᠢ ᠳᠤ ᠶᠤᠰᠤᠴᠢᠯᠠᠨ ᠦᠷᠦᠬᠡᠳ ᠭᠤᠤᠯ ᠵᠤᠴᠢᠨ ᠎ ᠤ ᠪᠠᠨ ᠡᠮᠦᠨ᠎ᠡ ᠬᠤᠨᠢᠨ ᠤ ᠲᠤᠯᠤᠭᠠᠢ ᠶᠢ ᠬᠠᠨᠳᠤᠭᠤᠯᠤᠨ ᠲᠠᠯᠪᠢᠵᠤ ᠦᠭᠬᠦᠨ᠎ᠡ᠃ ᠵᠤᠴᠢᠨ ᠨᠢ ᠤᠭᠤᠴᠠᠨ ᠳᠡᠭᠡᠷᠡᠬᠢ ᠴᠠᠭᠠᠨ ᠢᠳᠡᠭᠡ ᠠᠴᠠ ᠨᠢ ᠠᠮᠰᠠᠨ᠂ ᠲᠤᠯᠤᠭᠠᠢ᠂ ᠰᠡᠭᠦᠯ ᠢ ᠨᠢ ᠠᠪᠴᠤ ᠴᠠᠷ᠎ᠠ ᠳᠤ ᠬᠢᠵᠤ ᠪᠤᠷᠬᠠᠨ ᠳᠤ ᠎ ᠨᠢ ᠲᠠᠯᠪᠢᠵᠤ᠂ ᠤᠭᠤᠴᠠ ᠠᠴᠠ ᠦᠬᠡᠭᠦᠯᠡᠵᠤ ᠭᠠᠯ ᠲᠡᠭᠷᠢ ᠳᠤ ᠡᠷᠭᠦᠭᠡᠳ ᠤᠭᠤᠴᠠ ᠪᠠᠨ ᠳᠠᠯᠠᠯᠠᠵᠤ ᠤᠯᠠᠨ ᠳᠤ ᠲᠦᠬᠡᠬᠡᠨ ᠦᠭᠴᠦ ᠠᠮᠰᠠᠭᠤᠯᠤᠭᠠᠳ ᠢᠳᠡᠵᠡᠬᠡᠨ᠎ᠡ᠃ ᠬᠡᠬᠦ ᠳᠡᠭᠡᠨ ᠱᠠᠭᠠᠨᠲᠤ ᠶᠢ ᠨᠢ ᠤᠷᠢᠳ ᠢᠶᠠᠷ ᠢᠳᠡᠵᠤ᠂ ᠪᠤᠷᠪᠢ ᠱᠠᠭ᠎ᠠ ᠶᠢ ᠨᠢ ᠰᠠᠯᠭᠠᠨ ᠮᠦᠯᠵᠢᠭᠡᠳ ᠱᠠᠭ᠎ᠠ ᠶᠢ ᠨᠢ ᠬᠠᠶᠠᠵᠤ ᠮᠤᠷᠢ ᠪᠤᠰᠬᠠᠭᠠᠳ ᠰᠢᠷᠡᠬᠡᠨ ᠳᠡᠭᠡᠷ᠎ᠡ ᠲᠠᠯᠪᠢᠬᠤ ᠶᠤᠰᠤᠨ ᠪᠤᠢ᠃      ᠳᠠᠪᠬᠢᠭᠴᠠᠩ ᠤᠭᠤᠴᠠ ᠭᠡᠵᠤ ᠵᠠᠰᠠᠭᠰᠠᠨ ᠤᠭᠤᠴᠠ ᠶᠢ ᠬᠡᠯᠡᠨ᠎ᠡ᠃ ᠰᠦᠪᠡᠬᠡᠨ ᠤ ᠬᠠᠪᠢᠷᠭ᠎ᠠ᠂ ᠮᠤᠬᠤᠭ᠎ᠠ ᠨᠢᠷᠤᠭᠤ᠂ ᠰᠡᠭᠦᠯ ᠢ ᠨᠢ ᠠᠪᠤᠭᠰᠠᠨ ᠤᠭᠤᠴᠠ᠂ ᠰᠡᠭᠡᠷ᠂ ᠱᠠᠭᠠᠨᠲᠤ ᠪᠤᠯᠤᠨ ᠳᠠᠭᠠᠯᠲᠠ ᠮᠢᠬ᠎ᠠ ᠮᠦᠴᠢ ᠪᠠᠷ ᠪᠦᠷᠢᠯᠳᠦᠨ᠎ᠡ᠃ ᠤᠭᠤᠴᠠ ᠲᠠᠯᠪᠢᠬᠤ᠂ ᠵᠠᠰᠬᠠᠤ᠂ ᠳᠠᠯᠠᠯᠠᠬᠤ ᠶᠢᠨ ᠢᠳᠡᠬᠦ ᠶᠤᠰᠤᠨ ᠨᠢ ᠬᠦᠲᠦᠴᠡ ᠤᠭᠤᠴᠠ ᠲᠠᠢ ᠠᠳᠠᠯᠢᠬᠠᠨ ᠪᠠᠶᠢᠳᠠᠭ᠃ ᠶᠡᠷᠤ ᠨᠢ ᠤᠭᠤᠴᠠ ᠳᠠᠯᠠᠯᠠᠬᠤ ᠳᠠᠭᠠᠨ ᠬᠤᠷᠴᠠ ᠬᠢᠲᠤᠭ᠎ᠠ ᠪᠠᠷ ᠨᠢᠮᠬᠡᠨ ᠵᠦᠰᠦᠵᠤ ᠬᠦᠮᠦᠨ ᠪᠤᠯᠭᠠᠨ ᠳᠤ ᠠᠮᠰᠠᠭᠤᠯᠵᠤ᠂ ᠬᠡᠤᠬᠡᠳ ᠤᠨ ᠬᠤᠪᠢ ᠬᠡᠵᠤ ᠤᠭᠤᠴᠠ ᠶᠢᠨ ᠬᠠᠵᠠᠭᠤ ᠦᠭᠳᠡᠭ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号