ᠥᠯᠥᠨ ᠢᠶᠠᠷ ᠥᠳᠬᠡᠨ ᠴᠠᠶ ᠶᠡᠭᠡ ᠤᠤᠭᠤᠬᠤ ᠪᠤᠶᠤ ᠺᠣᠹᠧ ᠬᠡᠲᠦᠷᠬᠡᠶ ᠠᠷᠪᠢᠨ ᠤᠤᠭᠤᠪᠠᠯ᠂ ᠵᠢᠷᠦᠬᠡᠨ ᠴᠣᠬᠢᠯᠭ᠎ᠠ | ᠲᠦᠷᠭᠡᠰᠴᠦ᠂ ᠴᠡᠭᠡᠵᠢ ᠪᠠᠭᠲᠠᠷᠠᠬᠤ᠂ ᠵᠢᠷᠦᠬᠡ ᠲᠦᠭᠰᠢᠬᠦ ᠵᠡᠷᠭᠡ ᠡᠪ ᠥᠬᠡᠶ ᠪᠠᠶᠢᠳᠠᠯ ᠢ ᠪᠣᠶ ᠪᠣᠯᠭᠠᠵᠤ ᠮᠡᠳᠡᠨ᠎ᠡ︔ | ᠥᠯᠥᠨ ᠢᠶᠠᠷ ᠠᠷᠢᠬᠢ ᠤᠤᠭᠤᠪᠠᠯ ᠠᠮᠠᠷᠬᠠᠨ ᠴᠢᠰᠤᠨ ᠰᠢᠬᠢᠷ ᠳᠣᠣᠷ᠎ᠠ ᠪᠣᠯᠵᠤ᠂ ᠲᠣᠯᠣᠭᠠᠢ ᠡᠷᠭᠢᠬᠦ᠂ ᠬᠦᠢᠲᠡᠨ ᠬᠥᠯᠥᠰᠥ | ᠭᠠᠷᠬᠤ ᠵᠡᠷᠭᠡ ᠡᠪ ᠦᠭᠡᠢ ᠰᠢᠨᠵᠢ ᠲᠡᠮᠳᠡᠭ ᠢᠯᠡᠷᠡᠨ᠎ᠡ᠃ ᠥᠯᠥᠨ ᠢᠶᠠᠷ ᠬᠦᠢᠲᠡᠨ ᠢᠳᠡᠭᠡᠨ ᠢᠳᠡᠬᠦ ᠦᠬᠡᠢ ᠪᠣᠯ ᠰᠠᠶᠢᠨ᠃ | ᠲᠡᠷᠡ ᠨᠢ ᠬᠤᠳᠣᠭᠤᠳᠣ ᠭᠡᠳᠡᠰᠦᠨ ᠳᠤ ᠰᠡᠳᠦᠯᠲᠡ ᠥᠭᠴᠦ᠂ ᠤᠳᠠᠭᠠᠨ ᠳᠠᠭᠠᠨ ᠬᠤᠳᠣᠭᠤᠳᠣ ᠭᠡᠳᠡᠰᠦᠨ ᠤ ᠡᠪᠡᠳᠴᠢᠨ ᠢ | ᠡᠭᠦᠰᠭᠡᠳᠡᠭ᠃ ᠬᠤᠳᠣᠭᠤᠳᠣ ᠭᠡᠨᠡᠳᠲᠡ ᠬᠦᠢᠲᠡᠨ ᠪᠣᠯᠬᠤ ᠨᠢ ᠵᠢᠷᠦᠬᠡᠨ ᠳᠤ ᠰᠡᠳᠦᠯᠲᠡ ᠥᠭᠴᠦ ᠮᠡᠳᠡᠨ᠎ᠡ᠃ ᠡᠶᠢᠮᠦ ᠠᠴᠠ | ᠬᠦᠢᠲᠡᠨ ᠤᠮᠳᠠᠭᠠᠨ ᠢ ᠬᠠᠮᠤᠭ ᠰᠠᠶᠢᠨ ᠨᠢ ᠬᠤᠭᠤᠯᠠᠨ ᠤ ᠳᠤᠮᠳᠠ ᠤᠤᠭᠤᠨ᠎ᠠ᠂ ᠥᠯᠥᠨ ᠦᠶ᠎ᠡ ᠳᠤ᠂ ᠴᠠᠳᠲᠠᠯ᠎ᠠ | ᠢᠳᠡᠭᠰᠡᠨ ᠤ ᠳᠠᠷᠠᠭ᠎ᠠ ᠪᠠ ᠶᠡᠭᠡ ᠬᠥᠯᠥᠰᠥ ᠭᠠᠷᠬᠤ ᠦᠶ᠎ᠡ ᠳᠤ ᠪᠦᠷ ᠤᠤᠭᠤᠵᠤ ᠪᠣᠯᠬᠤ ᠦᠭᠡᠢ᠃ ᠥᠯᠥᠨ ᠢᠶᠠᠷ ᠲᠥᠪᠡᠳ | ᠬᠠᠰᠢ ᠢᠳᠡᠵᠦ ᠪᠣᠯᠤᠨ᠎ᠠ᠃ ᠲᠦᠬᠦᠬᠡᠢ ᠲᠥᠪᠡᠳ ᠬᠠᠰᠢ ᠢᠳᠡᠬᠦ ᠦᠭᠡᠢ ᠪᠣᠶᠣ ᠡᠰᠡᠬᠦᠯ᠎ᠡ ᠨᠢᠭᠡ ᠯᠡ ᠳᠡᠭᠡᠷ᠎ᠡ ᠠᠷᠪᠢᠨ | ᠢᠳᠡᠬᠦ ᠦᠬᠡᠢ ᠪᠣᠯ ᠰᠠᠶᠢᠨ᠃ ᠭᠡᠪᠡᠴᠦ ᠬᠤᠳᠣᠭᠤᠳᠣ ᠭᠡᠳᠡᠰᠦᠨ ᠤ ᠠᠵᠢᠯᠯᠠᠭ᠎ᠠ ᠮᠠᠭᠤ ᠵᠠᠷᠢᠮ ᠬᠥᠮᠦᠰ᠂ ᠵᠢᠱᠢᠶᠡᠯᠡᠪᠡᠯ | ᠥᠲᠡᠯᠦᠭᠡ ᠬᠥᠮᠦᠰ ᠥᠯᠥᠨ ᠢᠶᠠᠷ ᠲᠥᠪᠡᠳ ᠬᠠᠰᠢ ᠶᠢ ᠠᠷᠪᠢᠨ ᠢᠳᠡᠵᠦ ᠪᠣᠯᠬᠤ ᠥᠬᠡᠶ᠃ ᠶᠡᠭᠡ ᠦᠯᠦᠰᠦᠭᠡᠳ ᠬᠤᠭᠤᠯᠠ | ᠢᠳᠡᠬᠦ ᠳᠤ ᠪᠠᠰᠠ ᠡᠮᠦᠨ᠎ᠡ ᠬᠤᠶᠢᠨ᠎ᠠ ᠳᠡᠰ ᠳᠠᠷᠠᠭ᠎ᠠ ᠲᠠᠢ ᠪᠠᠶᠢᠪᠠᠯ ᠵᠤᠬᠢᠨ᠎ᠠ᠃ ᠤᠷᠢᠳ ᠢᠶᠠᠷ ᠨᠣᠭᠤᠭ᠎ᠠ ᠵᠠᠭᠤᠰᠢ ᠢᠳᠡᠵᠦ᠂ | ᠳᠠᠷᠠᠭ᠎ᠠ ᠨᠢ ᠮᠢᠬ᠎ᠠ ᠵᠡᠷᠭᠡ ᠤᠭᠤᠷᠠᠭ ᠲᠠᠢ ᠵᠥᠢᠯᠡᠰ ᠢᠳᠡᠨ᠎ᠡ᠃ ᠬᠡᠷᠪᠡ ᠡᠬᠢᠯᠡᠩᠭᠦᠳᠡ ᠮᠠᠰᠢ ᠣᠯᠠᠨ ᠲᠤᠲᠤᠷᠭᠠᠨ | ᠭᠤᠯᠢᠷ ᠤᠨ ᠴᠠᠷᠳᠠᠭᠤᠯ ᠤᠨ ᠲᠥᠷᠥᠯ ᠤᠨ ᠢᠳᠡᠭᠡᠨ ᠢ ᠢᠳᠡᠪᠡᠯ ᠪᠠᠰᠠ ᠠᠮᠠᠷᠬᠠᠨ ᠴᠢᠰᠤᠨ ᠰᠢᠬᠢᠷ ᠢ ᠲᠦᠷᠭᠡᠨ | ᠳᠡᠭᠡᠭᠰᠢᠯᠡᠭᠦᠯᠵᠦ᠂ ᠪᠡᠶ᠎ᠡ ᠶᠢᠨ ᠳᠣᠲᠣᠭᠠᠳᠤ ᠶᠢᠨ ᠨᠦᠢᠷ ᠤᠨ ᠠᠷᠠᠯ ᠳᠤ ᠰᠡᠳᠦᠯᠲᠡ ᠥᠭᠭᠦᠨ᠎ᠡ᠃ ᠬᠠᠮᠤᠭ ᠰᠡᠭᠦᠯ ᠳᠤ ᠵᠢᠮᠢᠰ | ᠢᠳᠡᠪᠡᠯ ᠵᠤᠬᠢᠨ᠎ᠠ᠂ ᠤᠴᠢᠷ ᠨᠢ ᠵᠢᠮᠢᠰ ᠤᠨ ᠰᠢᠬᠢᠷᠯᠢᠭ ᠤᠨ ᠬᠡᠮᠵᠢᠶ᠎ᠡ ᠶᠡᠭᠡ ᠮᠥᠷᠲᠡᠭᠡᠨ ᠪᠦᠷ ᠠᠮᠠᠷᠬᠠᠨ ᠰᠢᠩᠭᠡᠭᠡᠳᠡᠭ᠂ | ᠬᠡᠷᠪᠡ ᠥᠯᠥᠨ ᠢᠶᠠᠷ ᠢᠳᠡᠪᠡᠯ ᠴᠢᠰᠤᠨ ᠰᠢᠬᠢᠷ ᠢ ᠪᠠᠰᠠ ᠠᠮᠠᠷᠬᠠᠨ ᠨᠡᠮᠡᠭᠳᠡᠭᠦᠯᠦᠨ᠎ᠡ᠃ ᠰᠢᠬᠢᠷᠯᠢᠭ ᠢᠳᠡᠭᠡᠨ ᠠᠴᠠ ᠬᠠᠮᠤᠭ | ᠰᠠᠶᠢᠨ ᠨᠢ ᠬᠤᠯᠠᠬᠠᠨ ᠪᠤᠢ᠂ ᠬᠡᠷᠪᠡ ᠢᠳᠡᠶ᠎ᠡ ᠭᠡᠪᠡᠯ ᠬᠤᠭᠤᠯᠠᠨ ᠤ ᠲᠠᠷᠠᠭ᠎ᠠ ᠢᠳᠡᠭᠡᠷᠡᠢ᠃ |