ᠵᠠᠭᠳᠠᠰᠦ᠋ᠷᠦᠩ
ᠨᠡᠶᠢᠲᠡᠯᠡᠭᠰᠡᠨ ᠴᠠᠭ᠄
2023/11/14
     ᠵᠠᠭᠳᠠᠰᠦ᠋ᠷᠦᠩ᠂ ᠮᠤᠩᠭᠤᠯ ᠦᠨᠳᠦᠰᠦᠲᠡᠨ᠂ ᠠᠯᠳᠠᠷᠲᠤ ᠤᠷᠲᠤ ᠶᠢᠨ ᠳᠠᠭᠤᠴᠢᠨ᠂ ᠤᠯᠤᠰ ᠤᠨ ᠨᠢᠭᠡᠳᠤᠭᠡᠷ ᠳᠡᠰ ᠤᠨ ᠲᠤᠭᠯᠠᠭᠴᠢ᠂ ᠳᠤᠮᠳᠠᠳᠤ ᠤᠯᠤᠰ ᠤᠨ ᠳᠠᠭᠤᠤ ᠬᠦᠭᠵᠢᠮᠴᠢᠳ ᠤᠨ ᠨᠡᠶᠢᠭᠡᠮᠯᠢᠭ ᠤᠨ ᠬᠡᠰᠢᠬᠦᠨ᠂ ᠤᠯᠤᠰ  ᠤᠨ ᠳᠡᠰ ᠤᠨ ᠤᠷᠲᠤ ᠶᠢᠨ ᠳᠠᠭᠤᠤ ᠶᠢᠨ ᠦᠪᠯᠡᠨ ᠤᠯᠠᠮᠵᠢᠯᠠᠭᠴᠢ᠂ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠳᠠᠯᠠᠢ ᠰᠤᠮᠤ ᠶᠢᠨ ᠪᠠᠶ᠋ᠬᠠᠷᠳᠡᠨᠢ ᠭᠠᠴᠠᠭ᠎ᠠ ᠪᠠᠷ ᠨᠤᠲᠤᠭ ᠲᠠᠢ᠃ ᠵᠠᠭᠳᠠᠰᠦ᠋ᠷᠦᠩ ᠬᠠᠷᠠᠬᠠᠨ ᠪᠠᠭ᠎ᠠ ᠠᠴᠠ ᠪᠠᠨ ᠤᠷᠲᠤ ᠶᠢᠨ ᠳᠠᠭᠤᠤ ᠳᠤ ᠤᠷᠮ᠎ᠠ ᠪᠠᠬ᠎ᠠ ᠲᠠᠢ᠂ ᠲᠤᠮᠤᠴᠤᠤᠯ ᠤᠨ ᠨᠠᠶᠢᠷᠯᠠᠨ ᠳᠠᠭᠤᠯᠠᠬᠤ ᠶᠢ ᠶᠡᠬᠡᠳᠡ ᠰᠤᠨᠢᠷᠬᠠᠨ᠂ ᠨᠤᠲᠤᠭ ᠤᠨ ᠢᠶᠠᠨ ᠠᠷᠢᠭᠤᠨ ᠰᠤᠶᠤᠯ ᠠᠴᠠ ᠰᠢᠮ᠎ᠡ ᠬᠦᠷᠲᠡᠵᠤ᠂ 1974 ᠤᠨ ᠳᠤ ᠤᠯᠠᠭᠠᠨᠮᠦ᠋ᠴᠢᠷ ᠤᠨ ᠳᠠᠭᠤᠴᠢᠨ ᠢᠶᠠᠷ ᠡᠯᠰᠡᠭᠳᠡᠭᠰᠡᠨ ᠠᠴᠠ ᠵᠢᠩᠭᠢᠨᠢ ᠪᠠᠷ ᠤᠷᠠᠯᠢᠭ ᠤᠨ ᠵᠠᠨᠮ ᠢᠶᠠᠨ ᠡᠯᠭᠦᠵᠤ᠂ 1976 ᠤᠨ ᠳᠤ ᠤᠷᠲᠤ ᠶᠢᠨ ᠳᠠᠭᠤᠤ ᠶᠢᠨ ᠳᠠᠷᠬᠠᠨ ᠳᠠᠭᠤᠴᠢᠨ ᠵᠠᠭᠤᠨᠠᠰᠤᠲᠤ᠂ ᠯᠾᠠᠵᠠᠪ ᠵᠡᠷᠭᠡ ᠪᠠᠭᠰᠢ ᠳᠤ ᠱᠠᠪᠢᠯᠠᠵᠤ᠂ ᠤᠷᠲᠤ ᠶᠢᠨ ᠳᠠᠭᠤᠤ ᠰᠤᠷᠴᠤ ᠡᠬᠢᠯᠡᠪᠡ᠃ 1988 ᠤᠨ ᠳᠤ ︽ᠵᠢᠷᠭᠤᠳᠤᠭᠠᠷ ᠬᠤᠭᠤᠴᠠᠭᠠᠨ ᠤ ᠤᠮᠠᠷᠠᠲᠤ ᠤᠷᠤᠨ ᠤ ᠤᠷᠠᠯᠢᠭ ᠤᠨ ᠨᠠᠶᠢᠷ ︿ᠬᠠᠢ ᠡᠾᠧ ᠶᠢᠨ ᠬᠠᠪᠤᠷ﹀ ᠤᠨ ᠵᠠᠯᠠᠭᠤᠴᠤᠳ ᠤᠨ ᠳᠠᠭᠤᠨ ᠤ ᠤᠷᠤᠯᠳᠣᠭᠠᠨ︾ ᠳᠤ ᠦᠨᠳᠦᠰᠦᠲᠡᠨ ᠤ ᠳᠠᠭᠤᠯᠠᠯᠲᠠ ᠶᠢᠨ ᠲᠤᠭᠤᠶᠢᠯᠠᠩ ᠤᠨ ᠬᠤᠶᠠᠳᠤᠭᠠᠷ ᠳᠡᠰ᠂ 1990 ᠤᠨ  ᠤ ︽︿ᠲᠠᠪᠤᠨ ᠲᠢᠪ ᠬᠤᠨᠳᠠᠭᠠᠲᠤ﹀ ᠳᠦᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠵᠠᠯᠠᠭᠤ ᠳᠠᠭᠤᠴᠢᠳ ᠤᠨ ᠲᠧᠯᠸᠢᠰ ᠱᠠᠩᠨᠠᠯᠲᠤ ᠤᠷᠤᠯᠳᠤᠭᠠᠨ︾ ᠤ ︽ᠴᠡᠬᠡᠨ ᠭᠦᠰᠢᠬᠡᠨ ᠱᠠᠩᠨᠠᠯ︾᠂ 1992 ᠤᠨ ᠳᠤ ︽ᠪᠦᠬᠦ ᠤᠷᠤᠨ  ᠤ ᠬᠤᠶᠠᠳᠤᠭᠠᠷ ᠬᠤᠭᠤᠴᠠᠭᠠᠨ ᠤ ᠮᠤᠩᠭᠤᠯ ᠳᠠᠭᠤᠴᠢᠳ ᠤᠨ ᠲᠧᠯᠸᠢᠰ ᠱᠠᠩᠨᠠᠯᠲᠤ ᠤᠷᠤᠯᠳᠤᠭᠠᠨ︾ ᠤ ᠤᠷᠲᠤ  ᠶᠢᠨ ᠳᠠᠭᠤᠤ ᠶᠢᠨ ᠮᠡᠷᠭᠡᠵᠢᠯ ᠤᠨ ᠳᠤᠭᠤᠶᠢᠯᠠᠩ ᠤᠨ ᠬᠤᠶᠠᠳᠤᠭᠠᠷ ᠨᠡᠷᠡᠰ᠂ 2004 ᠤᠨ ᠳᠤ ᠲᠦᠪ ᠤᠨ ᠲᠧᠯᠸᠢᠰ ᠬᠤᠷᠢᠶᠠᠨ ᠠᠴᠠ ᠡᠷᠬᠢᠯᠡᠨ ᠶᠠᠪᠤᠭᠳᠠᠭᠤᠯᠤᠭᠰᠠᠨ ︽CCTV ᠪᠠᠷᠠᠭᠤᠨ ᠤᠷᠤᠨ ᠤ ᠠᠷᠠᠳ ᠤᠨ ᠳᠠᠭᠤᠤ  ᠶᠢᠨ ᠲᠧᠯᠸᠢᠰ ᠱᠠᠩᠨᠠᠯᠲᠤ ᠤᠷᠤᠯᠳᠤᠭᠠᠨ︾ ᠤ ︽ᠰᠤᠳᠤᠨ ᠳᠠᠭᠤᠴᠢᠨ ᠤ ᠲᠤᠰᠬᠠᠢ ᠪᠠᠶᠢᠷᠢ ᠶᠢᠨ ᠱᠠᠩᠨᠠᠯ︾᠂ ︽ᠭᠤᠴᠤᠯᠠᠯ ᠳᠠᠭᠤᠤ ᠶᠢᠨ ᠳᠤᠭᠤᠶᠢᠯᠠᠩ ᠤᠨ ᠠᠯᠲᠠᠨ ᠮᠧᠳᠠᠯ︾ ᠪᠠ ᠢᠵᠠᠭᠤᠷ ᠤᠯᠠᠨ ᠮᠦᠷᠲᠦ ᠴᠤᠭᠤᠷ ᠤᠨ ᠳᠠᠭᠤᠤ ᠶᠢᠨ ᠠᠯᠲᠠᠨ ᠮᠧᠳᠠᠯ ᠵᠡᠷᠭᠡ ᠤᠷᠤᠨ ᠤᠯᠤᠰ ᠤᠨ ᠬᠡᠪᠴᠢᠶᠡᠨ ᠤ ᠤᠯᠠᠨ ᠰᠠᠶᠢᠬᠠᠨ ᠱᠠᠩᠨᠠᠯ ᠲᠤᠰᠴᠤ ᠪᠠᠶᠢᠵᠠᠢ᠃     ᠵᠠᠭᠳᠠᠰᠦ᠋ᠷᠦᠩ ᠭᠤᠸᠠᠢ 1994 ᠤᠨ ᠠᠴᠠ ᠤᠷᠲᠤ ᠶᠢᠨ ᠳᠠᠭᠤᠤ ᠶᠢᠨ ᠵᠢᠭᠠᠨ ᠰᠤᠷᠭᠠᠯᠲᠠ ᠶᠢᠨ ᠠᠶᠠᠨ  ᠢᠶᠠᠨ ᠡᠬᠢᠯᠡᠬᠦᠯᠦᠨ᠂ 2004 ᠤᠨ ᠳᠤ ᠳᠡᠳᠮ᠎ᠠ ᠤᠷᠠᠯᠢᠭ ᠤᠨ ᠰᠤᠷᠭᠠᠭᠤᠯᠢ ᠳᠤ ᠤᠷᠲᠤ ᠶᠢᠨ ᠳᠠᠭᠤᠤ ᠶᠢᠨ ᠪᠠᠭᠰᠢ ᠪᠠᠷ ᠤᠷᠢᠭᠳᠠᠨ ᠪᠠᠭᠰᠢᠯᠠᠵᠤ᠂ ᠪᠠᠶᠠᠷ᠂ ᠨᠠᠶᠢᠷᠠᠮᠳᠠᠯ᠂ ᠰᠡᠴᠡᠨᠴᠢᠮᠡᠭ᠂ ᠬᠠᠳᠠᠨᠴᠡᠴᠡᠭ᠂ ᠪᠦᠷᠢᠨᠵᠢᠷᠭᠠᠯ᠂ ᠮᠦᠩᠭᠦᠨᠴᠡᠴᠡᠭ᠂ ᠡᠷᠳᠡᠨᠢᠪᠢᠯᠢᠭ ᠵᠡᠷᠭᠡ ᠤᠷᠠᠯᠢᠭ ᠤᠨ ᠹᠷᠤᠨᠲ ᠤᠨ ᠵᠠᠯᠠᠭᠤ ᠳᠠᠭᠤᠴᠢᠳ ᠢ ᠬᠦᠮᠦᠵᠢᠬᠦᠯᠦᠨ ᠦᠨᠦᠳᠦᠷ ᠪᠤᠯᠲᠠᠯ᠎ᠠ 200 ᠭᠠᠷᠤᠢ ᠱᠠᠪᠢ ᠲᠠᠢ ᠪᠤᠯᠵᠠᠢ᠃ 2014 ᠤᠨ ᠠᠴᠠ ᠡᠬᠢᠯᠡᠨ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠳᠡᠭᠡᠳᠤ ᠰᠤᠷᠭᠠᠭᠤᠯᠢ ᠶᠢᠨ ᠰᠢᠯᠢ ᠶᠢᠨ ᠭᠤᠤᠯ ᠤᠨ ᠠᠷᠠᠳ ᠤᠨ ᠳᠠᠭᠤᠤ  ᠶᠢᠨ ᠤᠯᠠᠮᠵᠢᠯᠠᠯ ᠤᠨ ᠠᠩᠭᠢ ᠶᠢᠨ ᠵᠢᠯᠤᠭᠤᠳᠤᠭᠴᠢ ᠪᠠᠭᠰᠢ ᠪᠠᠷ ᠠᠵᠢᠯᠯᠠᠵᠤ᠂ ᠰᠤᠷᠤᠭᠴᠢᠳ ᠲᠤ ᠪᠠᠨ ᠰᠢᠯᠢ ᠶᠢᠨ ᠭᠤᠤᠯ ᠤᠨ ᠬᠡᠪ ᠨᠠᠮᠪᠠᠭᠠᠲᠤ ᠤᠷᠲᠤ ᠶᠢᠨ ᠳᠠᠭᠤᠤ ᠶᠢ ᠰᠢᠰᠲ᠋ᠧᠮ ᠲᠠᠢ ᠤᠯᠠᠮᠵᠢᠯᠠᠨ ᠵᠢᠭᠠᠭᠰᠠᠨ ᠮᠦᠷᠲᠡᠬᠡᠨ ᠮᠠᠰᠢ ᠤᠯᠠᠨ ᠨᠢᠭᠡᠨᠲᠡ ᠮᠠᠷᠲᠠᠭᠲᠠᠵᠤ ᠤᠷᠬᠢᠭᠳᠠᠭᠰᠠᠨ ᠤᠷᠲᠤ ᠶᠢᠨ ᠳᠠᠭᠤᠤ ᠨᠤᠭᠤᠳ ᠢ ᠰᠤᠷᠤᠭᠴᠢᠳ ᠲᠤ ᠪᠠᠨ ᠵᠠᠯᠭᠠᠮᠵᠢᠯᠠᠵᠤ ᠰᠡᠷᠭᠦᠭᠡᠨ ᠳᠠᠭᠤᠯᠠᠭᠤᠯᠵᠤ ᠪᠠᠶᠢᠨ᠎ᠠ᠃ ᠨᠠᠢᠮᠠᠨ ᠮᠤᠵᠢ ᠤᠷᠤᠨ᠂ ᠠᠶᠢᠮᠠᠭ ᠬᠤᠲᠠ ᠶᠢᠨ ᠤᠷᠲᠤ ᠶᠢᠨ ᠳᠠᠭᠤᠤ ᠶᠢᠨ ᠤᠷᠤᠯᠳᠤᠭᠠᠨ ᠳᠤ ᠮᠠᠰᠢ ᠤᠯᠠᠨ ᠤᠳᠠᠭ᠎ᠠ ᠬᠢᠨᠠᠭᠴᠢ ᠪᠠᠷ ᠠᠵᠢᠯᠯᠠᠵᠤ᠂ ᠵᠠᠯᠠᠭᠤ ᠨᠢᠬᠡ ᠦᠶ᠎ᠡ ᠶᠢᠨ ᠤᠷᠠᠯᠢᠭᠴᠢᠳ ᠲᠠᠭᠠᠨ ᠰᠠᠨᠠᠯ ᠵᠦᠪᠯᠡᠯᠭᠡ ᠪᠠᠨ ᠦᠭᠴᠦ ᠪᠠᠶᠢᠯ᠎ᠠ᠃ 2006 ᠤᠨ ᠳᠤ ᠳᠤᠮᠳᠠᠳᠤ ᠤᠯᠤᠰ ᠤᠨ ᠳᠠᠭᠤᠤ ᠬᠦᠭᠵᠢᠮ ᠤᠨ ᠳᠡᠭᠡᠳᠤ ᠰᠤᠷᠭᠠᠭᠤᠯᠢ ᠳᠤ ᠴᠤᠭᠤᠷ ᠤᠨ ᠳᠠᠭᠤᠤ ᠶᠢᠨ ᠲᠤᠰᠬᠠᠢ ᠲᠤᠭᠯᠠᠯᠲᠠ ᠭᠠᠷᠭᠠᠵᠤ᠂ ᠯᠾᠠᠵᠠᠪ ᠱᠠᠨᠵᠢᠮᠢᠳᠤᠪ ᠨᠠᠷ ᠤᠨ ᠳᠠᠭᠤᠯᠠᠵᠤ ᠰᠢᠩᠭᠡᠭᠡᠭᠰᠡᠨ ᠴᠤᠭᠤᠷ ᠤᠨ ᠳᠠᠭᠤᠤ ᠶᠢ ᠬᠠᠭᠠᠰ ᠵᠠᠭᠤᠨ ᠤ ᠳᠠᠷᠠᠭ᠎ᠠ ᠠᠩᠬᠠᠳᠤᠭᠠᠷ ᠤᠳᠠᠭ᠎ᠠ ᠤᠷᠠᠯᠢᠭ ᠤᠨ ᠲᠠᠶᠢᠰᠠᠨ᠎ᠠ ᠪᠦᠬᠦᠨ ᠢ ᠰᠡᠷᠭᠦᠭᠡᠨ ᠳᠠᠭᠤᠯᠠᠵᠤ ᠴᠤᠭᠤᠷ ᠳᠠᠭᠤᠤ ᠶᠢᠨ ᠢᠯᠡᠷᠡᠬᠦᠯᠦᠯᠲᠡ ᠤᠯᠠᠮᠵᠢᠯᠠᠯ ᠬᠢᠭᠡᠳ ᠬᠠᠮᠠᠭᠠᠯᠠᠯᠲᠠ ᠳᠤ ᠠᠯᠤᠰ ᠬᠡᠳᠤ ᠶᠢᠨ ᠬᠤᠪᠢ ᠨᠡᠮᠡᠷᠢ ᠦᠵᠡᠬᠦᠯᠵᠡᠢ᠃     ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠬᠡᠢ ᠭᠡᠳᠡᠭ ᠢᠶᠠᠷ᠂ ᠰᠢᠨᠲᠠᠷᠠᠰᠢ ᠦᠬᠡᠢ ᠵᠤᠷᠢᠭ ᠰᠢᠷᠭᠠᠭᠤ ᠴᠢᠷᠮᠠᠶᠢᠯᠭ᠎ᠠ ᠪᠠᠷ ᠢᠶᠠᠨ ᠳᠠᠮᠵᠢᠨ ᠰᠦᠨᠢᠳ ᠠᠷᠠᠳ ᠤᠨ ᠤᠷᠲᠤ ᠶᠢᠨ ᠳᠠᠭᠤᠤ ᠶᠢᠨ ᠢᠷᠠᠭᠤ ᠤᠶᠠᠩᠭᠠᠯᠢᠭ ᠬᠡᠪ ᠨᠠᠮᠪᠠ᠂ ᠠᠪᠠᠭ᠎ᠠ ᠠᠪᠠᠭ᠋ᠠᠨᠠᠷ ᠤᠨ ᠤᠷᠲᠤ ᠶᠢᠨ ᠳᠠᠭᠤᠤ ᠶᠢᠨ ᠤᠷᠠᠨ ᠨᠠᠷᠢᠯᠢᠭ ᠭᠤᠸ᠎ᠠ ᠡᠷᠬᠢᠮᠰᠦᠭ᠂ ᠦᠵᠮᠦᠴᠢᠨ ᠠᠷᠠᠳ ᠤᠨ ᠳᠠᠭᠤᠤ ᠶᠢᠨ ᠭᠡᠭᠡᠨᠴᠢᠷ ᠰᠠᠶᠢᠬᠠᠨ ᠠᠭᠤᠵᠢᠮ ᠴᠢᠯᠦᠬᠡᠲᠡᠢ ᠤᠨᠴᠠᠯᠢᠭ ᠢ ᠲᠡᠭᠦᠯᠳᠡᠷ ᠰᠢᠩᠭᠡᠭᠡᠨ᠂ ᠭᠤᠴᠤ ᠦᠪᠡᠷᠮᠢᠴᠡ ᠳᠠᠭᠤᠯᠠᠯᠲᠠ ᠶᠢᠨ ᠬᠡᠪ ᠨᠠᠮᠪᠠ ᠶᠢ ᠪᠦᠷᠢᠯᠳᠦᠬᠦᠯᠵᠤ᠂ ᠮᠤᠩᠭᠤᠯ ᠦᠨᠳᠦᠰᠦᠲᠡᠨ ᠤ ᠤᠷᠲᠤ ᠶᠢᠨ ᠳᠠᠭᠤᠤ ᠶᠢᠨ ᠰᠢᠯᠢ ᠶᠢᠨ ᠭᠤᠤᠯ ᠤᠷᠤᠰᠬᠠᠯ ᠪᠦᠯᠦᠭ ᠤᠨ ᠤᠳᠤ ᠦᠶ᠎ᠡ ᠶᠢᠨ ᠬᠠᠮᠤᠭ ᠤᠨ ᠰᠢᠯᠭᠠᠷᠠᠭᠰᠠᠨ ᠲᠦᠯᠦᠬᠡᠯᠡᠭᠴᠢ ᠶᠢᠨ ᠨᠢᠬᠡ ᠪᠤᠯᠤᠭᠰᠠᠨ ᠮᠦᠷᠲᠡᠬᠡᠨ᠂ ᠬᠤᠶᠠᠷ ᠵᠠᠭᠤ ᠭᠠᠷᠤᠢ ᠮᠤᠩᠭᠤᠯ ᠦᠨᠳᠦᠰᠦᠲᠡᠨ ᠤ ᠤᠷᠲᠤ  ᠶᠢᠨ ᠳᠠᠭᠤᠤ ᠶᠢ ᠦᠪᠯᠡᠨ᠂ ᠵᠠᠯᠠᠭᠤ ᠬᠤᠶᠢᠴᠢᠰ ᠳᠠᠭᠠᠨ ᠤᠯᠠᠮᠵᠢᠯᠠᠨ ᠵᠠᠯᠭᠠᠮᠵᠢᠯᠠᠭᠤᠯᠵᠤ᠂ ᠦᠨᠳᠦᠰᠦᠲᠡᠨ ᠤ ᠰᠤᠶᠤᠯ ᠤᠨ ᠢᠶᠠᠨ ᠲᠦᠯᠦᠬᠡ ᠵᠢᠳᠬᠦᠵᠤ ᠶᠠᠪᠤᠭ᠎ᠠ ᠭᠠᠷᠮᠠᠭᠠᠢ ᠤᠷᠠᠯᠢᠭᠴᠢᠨ ᠪᠢᠯᠡ᠃
 
ᠢᠷᠡᠯᠲᠡ᠄ ᠬᠤᠰᠢᠭᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号