70 ᠨᠠᠰᠤ ᠶᠢ ᠵᠤᠭᠤᠭᠯᠠᠭᠰᠠᠨ ᠷᠤᠮᠠᠨᠲ᠋ᠢᠭ ᠠᠪᠤ ᠡᠵᠢ
ᠨᠡᠶᠢᠲᠡᠯᠡᠭᠰᠡᠨ ᠴᠠᠭ᠄
2023/11/27
       ︽ᠵᠠ᠂ ᠮᠢᠨᠤ ᠬᠡᠤᠬᠡᠨ ᠠᠶᠢᠮᠠᠭ ᠤᠷᠤᠪᠠᠯ ᠡᠮᠡᠭᠡ ᠳᠤ ᠪᠠᠨ ᠨᠢᠬᠡ ᠵᠠᠬ᠎ᠠ ᠨᠢᠽᠢᠨ ᠬᠦᠷᠮ᠎ᠡ ᠠᠪᠤᠭᠠᠳ ᠢᠷ᠎ᠠ︾ ᠬᠡᠵᠤ 79 ᠨᠠᠰᠤᠲᠠᠢ ᠴᠢᠯᠠᠭᠤ ᠨᠠᠰᠤᠲᠠᠨ ᠤᠮᠪᠤᠯᠤ ᠦᠬᠢᠨ ᠲᠤᠷᠰᠢᠮ᠎ᠠ ᠳᠤ ᠪᠠᠨ ᠮᠦᠩᠭᠦ ᠭᠠᠷᠳᠠᠭᠤᠯᠵᠤ ᠪᠡᠯᠡᠭ ᠵᠠᠬᠢᠯ᠎ᠠ᠃ ᠡᠴᠢᠨᠡᠬᠡᠨ ᠵᠢᠯ ᠬᠠᠮᠲᠤ ᠠᠮᠢᠳᠤᠷᠠᠭᠰᠠᠨ ᠴᠦ ᠬᠠᠨᠢ ᠢᠵᠢᠯᠢ ᠪᠠᠨ ᠠᠩᠬᠠᠨ ᠤ ᠬᠢ ᠰᠢᠭ ᠢᠶᠠᠨ ᠬᠠᠶᠢᠷᠠᠯᠠᠵᠤ ᠪᠤᠳᠤᠵᠤ ᠶᠠᠪᠤᠭ᠎ᠠ ᠨᠠᠰᠤᠲᠠᠨ ᠤ ᠡᠨᠡᠬᠦ ᠷᠤᠮᠠᠨᠲ᠋ᠢᠭ ᠦᠢᠯᠡ ᠶᠠᠪᠤᠳᠠᠯ ᠨᠢ ᠴᠤᠤᠷᠢᠶ᠎ᠠ ᠲᠠᠪᠴᠠᠩ ᠢᠶᠠᠷ ᠳᠠᠮᠵᠢᠨ ᠬᠦᠮᠦᠰ ᠤᠨ ᠠᠩᠬᠠᠷᠤᠯ ᠳᠤ ᠬᠦᠷᠴᠤ᠂ ᠬᠠᠷᠠᠭᠰᠠᠨ ᠰᠤᠨᠤᠰᠤᠭᠰᠠᠨ ᠪᠦᠬᠦᠨ ᠳᠤ ᠠᠮᠢᠳᠤᠷᠠᠯ ᠬᠠᠶᠢᠷ᠎ᠠ ᠳᠡᠭᠡᠷ᠎ᠡ ᠲᠤᠭᠲᠠᠲᠠᠭ ᠬᠡᠬᠦ ᠶᠤᠰᠤ ᠤᠴᠢᠷ ᠢ ᠮᠡᠳᠡᠷᠡᠭᠦᠯᠵᠤ ᠪᠠᠶᠢᠨ᠎ᠠ᠃        ᠴᠢᠯᠠᠭᠤ ᠨᠠᠰᠤᠲᠠᠨ ᠪᠠ ᠵᠢᠩᠵᠤᠤᠷ ᠨᠠᠰᠤᠲᠠᠨ ᠪᠤᠯ ᠰᠦᠨᠢᠳ ᠵᠡᠬᠦᠨ ᠬᠤᠰᠢᠭᠤᠨ ᠪᠠᠶ᠋ᠬᠠᠭᠤᠯᠠ ᠰᠤᠮᠤᠨ ᠤ ᠷᠠᠰᠢᠶᠠᠨᠪᠤᠯᠠᠭ ᠭᠠᠴᠠᠭ᠎ᠠ ᠪᠠᠷ ᠨᠤᠲᠤᠭᠲᠠᠢ ᠮᠠᠯᠴᠢᠨ᠃ ᠴᠢᠯᠠᠭᠤ ᠨᠠᠰᠤᠲᠠᠨ ᠡᠨᠡ ᠵᠢᠯ 79 ᠨᠠᠰᠤ᠂ ᠵᠢᠩᠵᠤᠤᠷ ᠨᠠᠰᠤᠲᠠᠨ 74 ᠨᠠᠰᠤ ᠶᠢ ᠵᠤᠭᠤᠭᠯᠠᠵᠤ ᠶᠠᠪᠤᠨ᠎ᠠ᠃ ᠬᠤᠶᠠᠷ ᠨᠠᠰᠤᠲᠠᠨ ᠬᠤᠪᠢ ᠵᠠᠶᠠᠭ᠎ᠠ ᠪᠠᠨ ᠬᠤᠯᠪᠤᠨ ᠠᠶᠢᠯ ᠭᠡᠷ ᠪᠤᠰᠬᠠᠭᠠᠳ ᠨᠢᠭᠡᠨᠲᠡ 55 ᠵᠢᠯ ᠤᠨ ᠨᠢᠭᠤᠷ ᠦᠵᠡᠵᠤ᠂ ᠳᠦᠷᠪᠡᠨ ᠬᠦᠤ ᠪᠠᠨ ᠠᠶᠢᠯ ᠭᠡᠷ ᠪᠤᠯᠭᠠᠨ ᠳᠦᠪᠬᠢᠨᠡᠬᠦᠯᠵᠤ ᠂ ᠡᠳᠦᠬᠡ 6 ᠤᠮᠪᠤᠯᠤ 1 ᠳᠤᠮᠪᠤᠯᠤ ᠲᠠᠢ᠃ ᠨᠠᠰᠤᠲᠠᠨ ᠤ ᠬᠤᠶᠠᠷ ᠬᠦᠤ ᠨᠢ ᠬᠦᠳᠡᠭᠡ ᠳᠤ ᠪᠠᠨ ᠮᠠᠯᠴᠢᠨ ᠵᠠᠶᠠᠭ᠎ᠠ ᠲᠦᠰᠢᠵᠤ᠂ ᠬᠤᠶᠠᠷ ᠬᠦᠤ ᠨᠢ ᠬᠤᠲᠠ ᠳᠤ ᠠᠵᠢᠯ ᠠᠯᠪᠠ ᠲᠠᠢ ᠭᠢᠯᠠᠷᠠᠭᠤᠯᠵᠤ ᠶᠠᠪᠤᠨ᠎ᠠ᠃
       ᠡᠴᠢᠨᠡᠬᠡᠨ ᠵᠢᠯ ᠤᠨ ᠵᠢᠷᠭᠠᠯ ᠵᠤᠪᠠᠯᠠᠩ ᠢ ᠬᠠᠮᠲᠤ ᠲᠤᠭᠤᠯᠤᠭᠰᠠᠨ ᠬᠤᠶᠠᠷ ᠨᠠᠰᠤᠲᠠᠨ ᠭᠡᠷ ᠪᠦᠯᠢ ᠶᠢᠨ ᠡᠶ᠎ᠡ ᠨᠠᠶᠢᠷ ᠢ ᠳᠡᠭᠡᠳᠤᠯᠡᠨ᠂ ᠨᠢᠬᠡ ᠨᠢᠬᠡᠨ ᠢᠶᠠᠨ ᠦᠷᠬᠦᠯᠵᠢ ᠬᠠᠷᠠᠵᠤ ᠬᠠᠷᠠᠭᠠᠯᠵᠠᠨ᠂ ᠦᠷ᠎ᠡ ᠬᠡᠤᠬᠡᠳ ᠤᠳ ᠲᠤ  ᠪᠠᠨ ᠳᠠᠭᠤᠷᠢᠶᠠᠯ ᠪᠤᠯᠵᠤ ᠶᠠᠪᠤᠭᠰᠠᠨ ᠠᠴᠠ ᠦᠷ᠎ᠡ ᠬᠡᠤᠬᠡᠳ ᠤᠳ ᠨᠢ ᠴᠦ ᠠᠴᠢᠯᠠᠯ ᠡᠨᠡᠷᠢᠯ ᠢ ᠳᠡᠭᠡᠳᠤᠯᠡᠨ᠂ ᠬᠤᠶᠠᠷ ᠨᠠᠰᠤᠲᠠᠨ ᠢᠶᠠᠨ ᠦᠲᠡᠯᠦᠬᠡ ᠨᠠᠰᠤᠨ ᠳᠤ ᠨᠢ ᠵᠢᠷᠭᠠᠭᠤᠯᠵᠤ ᠶᠠᠪᠤᠨ᠎ᠠ᠃ ᠴᠢᠯᠠᠭᠤ ᠨᠠᠰᠤᠲᠠᠨ ᠬᠠᠨᠢ ᠳᠤ ᠪᠠᠨ ᠵᠢᠯ ᠪᠤᠯᠭᠠᠨ ᠲᠦᠷᠦᠭᠰᠡᠨ ᠡᠳᠦᠷ ᠢ ᠨᠢ ᠪᠡᠯᠬᠡᠯᠡᠨ ᠦᠭᠴᠦ᠂ ᠬᠠᠨᠢ ᠪᠠᠨ ᠪᠠᠶᠠᠰᠬᠠᠳᠠᠭ᠃ ᠵᠢᠩᠵᠤᠤᠷ ᠨᠠᠰᠤᠲᠠᠨ ᠴᠦ ᠬᠠᠨᠢ ᠪᠠᠨ ᠡᠪᠡᠳᠴᠤ ᠵᠤᠪᠠᠵᠤ ᠪᠠᠶᠢᠬᠤ ᠳᠤ ᠨᠢ ᠬᠠᠵᠠᠭᠤ ᠠᠴᠠ ᠨᠢ ᠲᠦᠬᠡ ᠰᠠᠯᠤᠯ ᠦᠬᠡᠢ᠂ ᠨᠤᠶᠢᠷ ᠬᠤᠭᠤᠯᠠ  ᠪᠠᠨ ᠤᠮᠠᠷᠳᠠᠨ ᠬᠠᠷᠠᠭᠠᠯᠵᠠᠵᠤ ᠪᠠᠶᠢᠪᠠ᠃ ᠵᠢᠩᠵᠤᠤᠷ ᠨᠠᠰᠤᠲᠠᠨ ᠬᠠᠨᠢ ᠪᠠᠨ ᠬᠡᠳᠤᠨ ᠴᠠᠭ ᠲᠤ ᠶᠠᠮᠠᠷ ᠡᠮ ᠤᠤᠭᠤᠬᠤ ᠶᠢ ᠨᠢ ᠶᠡᠷᠤ ᠠᠴᠠ ᠠᠨᠳᠠᠳᠠᠭ ᠦᠬᠡᠢ᠂ ᠦᠪᠡᠷ ᠤᠨ ᠪᠡᠶ᠎ᠡ ᠠᠴᠠ ᠪᠠᠨ ᠢᠯᠡᠬᠦᠤ ᠪᠤᠳᠤᠵᠤ ᠶᠠᠪᠤᠳᠠᠭ ᠲᠤ  ᠨᠢ ᠴᠢᠯᠠᠭᠤ ᠨᠠᠰᠤᠲᠠᠨ ᠦᠷᠬᠦᠯᠵᠢ ᠪᠠᠶᠠᠷᠯᠠᠵᠤ ᠲᠠᠯᠠᠷᠬᠠᠳᠠᠭ᠃
       ᠤᠶᠢᠯᠠᠭᠠᠭᠰᠠᠨ ᠢᠶᠠᠷ᠂ ᠴᠢᠯᠠᠭᠤ ᠨᠠᠰᠤᠲᠠᠨ ᠵᠠᠯᠠᠭᠤ ᠭᠠᠩᠭᠠᠩ ᠨᠠᠰᠤᠨ ᠠᠴᠠ ᠪᠠᠨ ᠨᠤᠲᠤᠭ ᠤᠰᠤᠨ ᠳᠤ  ᠪᠠᠨ ᠨᠡᠷᠡᠲᠡᠢ ᠰᠠᠶᠢᠨ ᠠᠳᠤᠭᠤᠴᠢᠨ ᠪᠠᠶᠢᠭᠰᠠᠨ ᠭᠡᠯᠲᠡᠢ᠂ ᠤᠳᠤ ᠨᠠᠰᠤᠲᠠᠨ ᠬᠡᠳᠤᠶᠢᠪᠡᠷ ᠡᠪᠡᠳᠴᠢᠨ ᠤ ᠰᠢᠯᠲᠠᠭᠠᠨ  ᠠᠴᠠ ᠪᠤᠯᠵᠤ ᠬᠦᠷᠳᠦᠳᠦ ᠰᠠᠨᠳᠠᠯᠢ ᠳᠤ ᠰᠠᠭᠤᠬᠤ ᠪᠤᠯᠤᠭᠰᠠᠨ ᠴᠦ ᠮᠦᠨ ᠯᠡ ᠠᠮᠢᠳᠤᠷᠠᠯ ᠢᠶᠠᠨ ᠬᠠᠶᠢᠷᠠᠯᠠᠨ ᠨᠠᠨᠳᠢᠩᠨᠠᠵᠤ ᠶᠠᠪᠤᠳᠠᠭ ᠤᠷᠬᠢᠯᠤᠮ᠎ᠠ ᠬᠠᠯᠠᠭᠤᠨ ᠰᠡᠳᠬᠢᠯ ᠲᠠᠢ ᠨᠢᠬᠡᠨ ᠪᠢᠯᠡ᠃        ᠠᠮᠢᠳᠤᠷᠠᠯ ᠬᠠᠶᠢᠷ᠎ᠠ ᠳᠡᠭᠡᠷ᠎ᠡ ᠲᠤᠭᠲᠠᠲᠠᠭ ᠭᠡᠳᠡᠭᠴᠢᠯᠡᠨ᠂ ᠬᠤᠶᠠᠷ ᠨᠠᠰᠤᠲᠠᠨ ᠮᠠᠨᠢ ᠡᠴᠢᠨᠡᠬᠡᠨ ᠵᠢᠯ ᠤᠨ ᠲᠤᠷᠰᠢ ᠬᠠᠷᠢᠯᠴᠠᠨ ᠪᠡᠶ᠎ᠡ ᠪᠡᠶᠡᠨ ᠢᠶᠠᠨ ᠬᠦᠨᠳᠦᠯᠡᠵᠤ ᠬᠠᠶᠢᠷᠠᠯᠠᠵᠤ ᠶᠠᠪᠤᠭᠰᠠᠨ ᠢᠶᠠᠷ ᠦᠨᠦᠳᠦᠷ ᠤᠨ ᠵᠢᠷᠭᠠᠯᠲᠤ ᠠᠮᠢᠳᠤᠷᠠᠯ ᠢᠶᠠᠨ ᠪᠤᠰᠬᠠᠵᠤ ᠴᠢᠳᠠᠭᠰᠠᠨ ᠪᠠᠶᠢᠨ᠎ᠠ᠃ ᠦᠷ᠎ᠡ ᠬᠡᠤᠬᠡᠳ ‍ᠤᠳ‌‍ᠲ᠋ᠣ ᠪᠠᠨ ᠳᠠᠭᠤᠷᠢᠶᠠᠯ ᠪᠤᠯᠵᠤ᠂ ᠦᠲᠡᠯᠦᠬᠡ ᠨᠠᠰᠤ ᠪᠠᠨ ᠪᠠᠶᠠᠷ ᠵᠢᠷᠭᠠᠯ ᠲᠠᠢ ᠦᠩᠭᠡᠷᠡᠭᠦᠯᠵᠤ ᠶᠠᠪᠤᠭ᠎ᠠ ᠬᠤᠶᠠᠷ ᠪᠤᠭᠤᠷᠤᠯ ᠳᠤ ᠪᠠᠨ ᠡᠷᠡᠭᠦᠯ ᠡᠩᠭᠡ ᠰᠠᠶᠢᠨ ᠰᠠᠶᠢᠬᠠᠨ ᠪᠦᠬᠦᠨ ᠢ ᠬᠦᠰᠡᠨ ᠵᠦᠩᠨᠡᠶ᠎ᠡ︕
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号