ᠰᠤᠷᠤᠭᠴᠢᠳ ᠢᠶᠠᠷ ᠢᠶᠠᠨ ᠪᠠᠭ᠋ᠠᠷᠬᠠᠰᠤᠭᠠᠢ
ᠨᠡᠶᠢᠲᠡᠯᠡᠭᠰᠡᠨ ᠴᠠᠭ᠄
2023/11/30
         ᠬᠠᠶᠢᠷ᠎ᠠ ᠪᠠᠭ᠋ᠠᠷᠬᠠᠯ ᠭᠡᠭᠴᠢ ᠨᠢᠭᠡ ᠬᠦᠮᠦᠨ ᠤ ᠤᠷᠤᠬᠰᠢ ᠲᠠᠪᠰᠢᠬᠤ ᠬᠦᠴᠦᠨ ᠮᠦᠨ᠂ ᠬᠡᠤᠬᠡᠳ ᠲᠤ ᠠᠪᠴᠤ ᠬᠡᠯᠡᠪᠡᠯ ᠨᠡᠩ ᠴᠤ ᠡᠶᠢᠮᠦ᠃ ᠡᠶᠢᠮᠦ ᠠᠴᠠ ᠰᠤᠷᠤᠭᠴᠢ ᠬᠡᠦᠬᠡᠳ ᠢᠶᠠᠨ ᠦᠨᠡᠨ ᠰᠡᠳᠬᠢᠯ ᠠᠴᠠ ᠪᠠᠨ ᠬᠠᠶᠢᠷᠠᠯᠠᠨ ᠪᠠᠭ᠋ᠠᠷᠬᠠᠬᠤ ᠪᠣᠯ ᠬᠡᠦᠬᠡᠳ ᠤᠨ ᠡᠷᠡᠭᠦᠯ ᠰᠠᠷᠠᠭᠤᠯ ᠦᠰᠦᠨ ᠪᠤᠶᠢᠵᠢᠯᠳᠠ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠳᠡᠭ ᠲᠡᠳᠦᠢ ᠦᠭᠡᠢ᠂ ᠠᠩᠭᠢ ᠶᠢᠨ ᠡᠷᠬᠢᠯᠡᠭᠴᠢ ᠪᠣᠯᠣᠭᠰᠠᠳ ᠤᠨ ᠵᠠᠪᠠᠯ ᠠᠩᠬᠠᠷᠴᠤ ᠰᠤᠷᠤᠯᠴᠠᠭᠤᠰᠢᠳᠠᠢ ᠬᠢᠴᠢᠶᠡᠯ ᠪᠤᠯᠪᠠᠰᠤᠷᠠᠯ ᠶᠤᠮ᠃ ᠰᠤᠷᠭᠠᠭᠤᠯᠢ ᠳᠤ ᠠᠩᠭᠢ ᠶᠢᠨ ᠡᠷᠬᠢᠯᠡᠭᠴᠢ ᠪᠤᠯ ᠬᠡᠦᠬᠡᠳ ᠤᠨ ᠠᠪᠢᠶᠠᠰ ᠠᠷᠠᠨᠰᠢᠨ᠂ ᠲᠤᠳᠠᠭᠳᠠᠯ ᠲᠠᠪᠠᠭᠤᠯᠢᠭ ᠢ ᠰᠡᠷᠡᠵᠦ ᠮᠡᠳᠡᠬᠦ ᠬᠠᠮᠤᠭ ᠤᠨ ᠳᠣᠲᠣᠨᠣ ᠶᠢᠨ ᠬᠥᠮᠥᠨ ᠪᠤᠯᠤᠨ᠎ᠠ᠃ ᠶᠠᠭ ᠡᠶᠢᠮᠦ ᠠᠴᠠ ︽ᠤᠨᠳᠠᠬᠰᠠᠨ ᠢ ᠨᠢ ᠰᠡᠷᠢᠭᠡᠵᠦ ᠤᠮᠠᠷᠳᠠᠬᠰᠠᠨ ᠢ ᠨᠢ ᠰᠠᠨᠠᠭᠤᠯᠬᠤ︾ ᠪᠤᠯ ᠠᠩᠬᠢ ᠶᠢᠨ ᠡᠷᠬᠢᠯᠡᠭᠴᠢ ᠶᠢᠨ ᠬᠢᠪᠡᠰᠦ ᠵᠤᠬᠢᠬᠤ ᠵᠦᠢᠯ᠃ ᠭᠡᠪᠡᠴᠦ ᠤᠳᠤᠬᠠᠨ ᠳᠤ ᠣᠯᠠᠩᠬᠢ ᠠᠩᠭᠢ ᠶᠢᠨ ᠡᠷᠬᠢᠯᠡᠭᠴᠢ ᠶᠢᠨ ᠪᠠᠶᠢᠩᠭᠤ ᠭᠠᠷᠭᠠᠳᠠᠭ ᠲᠦᠭᠡᠮᠡᠯ ᠠᠯᠳᠠᠭ᠎ᠠ ᠪᠣᠯ ᠬᠡᠦᠬᠡᠳ ᠠᠯᠢᠶᠠᠷᠬᠠᠬᠤ ᠦᠶᠡᠰ ᠲᠤ ᠲᠡᠩᠳᠡᠭᠦᠦ ᠵᠢᠮᠡᠯᠡᠵᠦ ᠨᠤᠮᠤᠬᠠᠨ ᠪᠠᠶᠢᠯᠭᠠᠬᠤ ᠶᠢ ᠯᠠ ᠤᠷᠤᠯᠳᠤᠳᠠᠭ ᠪᠤᠶᠤ ᠬᠡᠦᠬᠡᠳ ᠤᠨ ᠡᠷᠬᠡ ᠴᠢᠯᠦᠭᠡ ᠶᠢ ᠬᠡᠲᠦ ᠬᠢᠵᠠᠭᠠᠷᠯᠠᠬᠤ ᠪᠤᠳᠤᠯ ᠬᠢᠳᠡᠯ ᠪᠤᠯᠤᠨ᠎ᠠ᠃ ᠡᠨᠡ ᠨᠢ ᠬᠡᠦᠬᠡᠳ ᠤᠨ ᠥᠪᠡᠷᠮᠢᠴᠡ ᠪᠤᠳᠤᠯ ᠰᠡᠳᠬᠢᠬᠦᠢ ᠶᠢᠨ ᠬᠦᠭᠵᠢᠯᠳᠡ ᠳᠤ ᠮᠠᠭᠤ ᠨᠥᠯᠥᠭᠡ ᠠᠪᠴᠢᠷᠠᠳᠠᠭ᠃ ᠪᠠᠰᠠ ᠵᠠᠷᠢᠮ ᠠᠩᠭᠢ ᠶᠢᠨ ᠡᠷᠬᠢᠯᠡᠭᠴᠢ ᠪᠠᠭᠰᠢ ᠨᠠᠷ ᠰᠤᠷᠤᠭᠴᠢᠳ ᠢᠶᠠᠨ ᠬᠤᠭᠤᠷᠣᠨᠳᠤ ᠨᠢ ᠠᠳᠠᠯᠢᠳᠬᠠᠵᠤ᠂ ︽ᠴᠢ ᠬᠡᠨ ᠬᠡᠨ ᠢ ᠦᠵᠡ᠂ ᠬᠦᠮᠦᠨ ᠬᠡᠳᠦᠢ ᠰᠢᠯᠢᠳᠡᠭ ᠪᠤᠢ︖︾ ᠭᠡᠬᠦ ᠮᠡᠲᠦ ᠪᠠᠷ ᠬᠡᠯᠡᠬᠦ ᠨᠢ ᠬᠡᠦᠬᠡᠳ ᠤᠨ ᠨᠢᠯᠬᠠᠰᠠᠭ ᠪᠤᠳᠤᠯ ᠰᠡᠳᠭᠢᠯ ᠳᠤ ᠳᠠᠭᠠᠷᠢᠯᠲᠠ ᠴᠤᠬᠢᠯᠳᠠ ᠪᠤᠯᠵᠤ ᠮᠡᠳᠡᠨ᠎ᠡ᠃ ᠡᠨᠡ ᠦᠶᠡᠰ ᠬᠡᠦᠬᠡᠳ ᠤᠨ ᠰᠡᠳᠬᠢᠯ ᠳᠤ ᠪᠠᠭᠰᠢ ᠮᠢᠨᠢ ᠨᠠᠮᠠᠢᠢ ᠲᠣᠭᠤᠬᠤ ᠦᠭᠡᠢ᠂ ᠪᠠᠭ᠋ᠠᠷᠬᠠᠬᠤ ᠦᠭᠡᠢ ᠪᠠᠶᠢᠨ᠎ᠠ ᠭᠡᠰᠡᠨ ᠲᠥᠷᠥᠭᠳᠡᠯ ᠣᠷᠣᠵᠤ᠂ ᠢᠩᠭᠢᠵᠦ ᠬᠡᠯᠡᠭᠰᠡᠨ ᠪᠠᠭᠰᠢ ᠳᠠᠭᠠᠨ ᠭᠤᠮᠣᠳᠠᠬᠤ᠂ ᠪᠠᠭᠰᠢ ᠠᠴᠠ ᠪᠠᠨ ᠵᠠᠶᠢᠳᠠᠬᠤ᠂ ᠴᠢᠨᠠᠭᠰᠢᠯᠠᠪᠠᠯ ᠰᠤᠷᠭᠠᠭᠤᠯᠢ ᠶᠢᠨ ᠠᠮᠢᠳᠤᠷᠠᠯ ᠠᠴᠠ ᠠᠭᠠᠵᠢᠮ ᠢᠶᠠᠷ ᠳᠤᠷ᠎ᠠ ᠦᠭᠡᠶᠢᠴᠡᠬᠦ ᠰᠡᠳᠬᠢᠯ ᠲᠥᠷᠥᠵᠦ ᠮᠡᠳᠡᠨ᠎ᠡ᠃ ᠡᠨᠡ ᠲᠤᠬᠠᠢ ᠨᠢᠭᠡ ᠵᠢᠱᠢᠶ᠎ᠠ ᠶᠠᠷᠢᠶ᠎ᠠ᠃ ᠠ᠊ ᠪᠣᠯ ᠮᠢᠨᠤ ᠥᠩᠭᠡᠷᠡᠭᠰᠡᠨ ᠤ ᠲᠡᠭᠦᠰᠬᠡᠭᠰᠡᠨ ᠰᠤᠷᠤᠭᠴᠢ᠃ ᠮᠢᠨᠦ ᠴᠡᠭᠡᠵᠢᠯᠡᠵᠦ ᠪᠠᠶᠢᠬᠤ ᠪᠠᠷ ᠲᠡᠭᠦᠨ ᠤ ᠲᠣᠭᠠᠨ ᠤ ᠤᠬᠠᠭᠠᠨ ᠤ ᠬᠢᠷᠢ ᠪᠦᠳᠤᠮᠵᠢ ᠨᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠬᠦᠷᠳᠡᠯ᠎ᠡ ᠠᠨᠠᠶᠢᠬᠠᠨ ᠪᠠᠶᠢᠵᠠᠢ᠃ ᠭᠡᠪᠡᠴᠦ ᠳᠥᠷᠪᠡᠳᠦᠭᠡᠷ ᠤᠨ ᠠᠴᠠ ᠡᠬᠢᠯᠡᠵᠦ ᠲᠡᠭᠦᠨ ᠤ ᠲᠤᠭᠠᠨ ᠤ ᠤᠬᠠᠭᠠᠨ ᠤ ᠬᠢᠷᠢ ᠪᠦᠳᠦᠮᠵᠢ ᠨᠢ ᠭᠡᠨᠡᠳᠲᠡ ᠪᠠᠷ ᠠᠩᠭᠢ ᠳᠤ ᠣᠷᠦ᠋ᠢᠯᠠᠬᠤ ᠪᠣᠯᠪᠠ᠃ ᠰᠡᠭᠦᠯᠡᠷ ᠨᠢ ᠪᠢ ᠡᠨᠡ ᠬᠤᠪᠢᠷᠠᠯᠲᠠ ᠲᠠᠪᠰᠢᠯᠳᠠ ᠶᠢᠨ ᠬᠢᠨᠢ ᠲᠤᠬᠠᠢ ᠯᠠᠪᠯᠠᠪᠠᠯ ᠲᠡᠷᠡ᠄ ︽ᠪᠢ ᠲᠤᠭ᠎ᠠ ᠪᠤᠳᠤᠬᠤ ᠳᠠᠭᠠᠨ ᠤᠳᠠᠭᠠᠯᠢᠭ ᠪᠣᠯᠬᠤᠷ ᠬᠢᠴᠢᠶᠡᠯ ᠳᠡᠭᠡᠷ᠎ᠡ ᠲᠤᠭ᠎ᠠ ᠪᠣᠳᠣᠭᠤᠯᠪᠠᠯ ᠬᠡᠵᠢᠶᠡᠳᠡ ᠪᠤᠰᠤᠳ ᠠᠴᠠ ᠬᠤᠴᠤᠷᠳᠠᠭ᠃ ᠡᠨᠡ ᠦᠶᠡᠰ ᠤᠤᠯ ᠤᠨ ᠲᠣᠭᠠᠨ ᠤ ᠪᠠᠭᠰᠢ ᠳᠡᠷᠭᠡᠳᠡ ᠢᠷᠡᠪᠡᠯ ︿ᠡᠭᠦᠨ ᠢ ᠪᠠᠰᠠ ᠴᠢᠳᠠᠬᠤ ᠦᠭᠡᠢ ᠤᠤ︖ ᠰᠠᠶ᠋ᠢ ᠬᠢᠴᠢᠶᠡᠯ ᠲᠡᠭᠡᠷ᠎ᠡ ᠶᠠᠭᠤ ᠬᠢᠵᠦ ᠪᠠᠶᠢᠭᠰᠠᠨ ᠶᠤᠮ︖﹀ ᠭᠡᠮᠡᠨ ᠵᠠᠩᠨᠠᠭᠠᠳ ᠶᠠᠪᠤᠳᠠᠭ ᠪᠣᠯᠬᠤᠷ ᠪᠢ ᠨᠢᠭᠡᠮᠦᠰᠦᠨ ᠵᠤᠷᠢᠭ ᠠᠯᠳᠠᠷᠠᠵᠤ᠂ ᠲᠤᠭᠠᠨ ᠤ ᠤᠬᠠᠭᠠᠨ ᠤ ᠬᠢᠴᠢᠶᠡᠯ ᠤᠷᠤᠬᠤ ᠠᠴᠠ ᠬᠠᠯᠠᠰᠢᠷᠠᠬᠤ ᠪᠤᠯᠵᠠᠢ᠃ ᠬᠠᠷᠢᠨ ᠳᠥᠷᠪᠡᠳᠦᠭᠡᠷ ᠤᠨ ᠠᠴᠠ ᠲᠣᠭᠠᠨ ᠤ ᠤᠬᠠᠭᠠᠨ ᠤ ᠪᠠᠭᠰᠢ ᠰᠣᠯᠢᠭᠳᠠᠵᠤ᠂ ᠰᠢᠨ᠎ᠡ ᠪᠠᠭᠰᠢ ᠮᠢᠨᠢ ᠬᠡᠵᠢᠶᠡᠳᠡ ᠨᠠᠮᠠᠢᠢ ᠪᠣᠯᠵᠤ ᠪᠠᠶᠢᠨ᠎ᠠ᠂ ᠲᠠᠭᠠᠷᠠᠵᠤ ᠪᠠᠶᠢᠨ᠎ᠠ ᠭᠡᠵᠦ ᠵᠣᠷᠢᠭᠵᠢᠭᠤᠯᠳᠠᠭ ᠪᠣᠯᠬᠤᠷ ᠪᠢ ᠪᠠᠭᠰᠢ ᠪᠠᠨ ᠬᠥᠰᠡᠷᠳᠡᠭᠦᠯᠬᠦ ᠦᠭᠡᠢ ᠶᠢᠨ ᠲᠤᠯᠠᠳᠠ ᠤᠯᠠᠮ ᠢᠯᠡᠭᠦᠦ ᠴᠢᠷᠮᠠᠶᠢᠬᠤ ᠪᠤᠯᠤᠬᠰᠠᠨ︾ ᠬᠡᠵᠦ ᠪᠠᠶᠢᠪᠠ᠃ ᠬᠠᠶᠢᠷ᠎ᠠ ᠪᠠᠭ᠋ᠠᠷᠬᠠᠯ ᠠᠴᠠ ᠤᠷᠤᠭᠰᠢᠯᠠᠬᠤ ᠬᠦᠴᠦᠨ ᠤᠨᠳᠤᠷᠳᠠᠭ ᠭᠡᠭᠴᠢ ᠡᠨᠡ ᠪᠤᠶᠤ᠃ ᠬᠡᠦᠬᠡᠳ ᠭᠡᠭᠴᠢ ᠰᠣᠶᠣᠭᠠᠯᠠᠵᠤ ᠪᠠᠶᠢᠭ᠎ᠠ ᠨᠠᠬᠢᠶ᠎ᠠ ᠰᠢᠭ᠂ ᠵᠠᠪᠠᠯ ᠠᠯᠭᠤᠷ ᠠᠭᠠᠵᠢᠮ ᠢᠶᠠᠷ ᠤᠰᠤᠯᠠᠵᠤ ᠠᠷᠠᠴᠢᠯᠠᠬᠤ ᠬᠡᠷᠡᠭᠲᠡᠢ᠃ ᠶᠠᠭᠠᠷᠠᠵᠤ ᠰᠠᠨᠳᠤᠷᠤᠨ ᠨᠢᠭᠡ ᠯᠡ ᠳᠡᠭᠡᠷ᠎ᠡ ᠭᠡᠳᠤᠷᠡᠳᠡᠯ᠎ᠡ ᠤᠰᠤᠯᠠᠬᠤ ᠪᠤᠶᠤ ᠳᠡᠩᠳᠡᠭᠦᠦ ᠠᠷᠠᠴᠢᠯᠠᠪᠠᠯ ᠬᠡᠦᠬᠡᠳ ᠤᠨ ᠦᠰᠦᠨ ᠪᠤᠶᠢᠵᠢᠯᠳᠠ ᠶᠢᠨ ᠡᠶ᠎ᠡ ᠵᠣᠬᠢᠶᠠᠯ ᠢ ᠨᠥᠯᠥᠭᠡᠯᠡᠵᠦ᠂ ᠵᠠᠷᠢᠮ ᠦᠶᠡᠰ ᠭᠡᠳᠡᠷᠬᠦ ᠦᠢᠯᠡᠳᠦᠯ ᠦᠵᠡᠭᠦᠯᠵᠦ ᠮᠠᠭᠠᠳ᠃ ᠰᠤᠷᠤᠯᠭ᠎ᠠ ᠬᠢᠴᠢᠶᠡᠯ ᠤᠨ ᠬᠤᠪᠢ ᠳᠤ ᠬᠡᠦᠬᠡᠳ ᠪᠦᠬᠦᠨ ᠲᠡᠷᠢᠭᠦᠨ ᠢ ᠣᠯᠬᠤ ᠪᠣᠯᠣᠮᠵᠢ ᠪᠠᠶᠢᠳᠠᠭ ᠦᠭᠡᠢ ᠂ ᠭᠡᠪᠡᠴᠦ ᠬᠡᠦᠬᠡᠳ ᠤᠳ ᠥᠪᠡᠷᠰᠡᠳ ᠤᠨ ᠢᠶᠠᠨ ᠠᠪᠢᠶᠠᠰ ᠴᠢᠳᠠᠪᠤᠷᠢ ᠪᠠᠨ ᠪᠠᠳᠠᠷᠠᠭᠤᠯᠤᠨ ᠬᠠᠮᠤᠭ ᠰᠠᠶᠢᠨ ᠬᠢᠷᠢ ᠪᠦᠳᠦᠮᠵᠢ ᠪᠠᠨ ᠭᠠᠷᠭᠠᠬᠤ ᠪᠣᠯᠣᠮᠵᠢ ᠪᠠᠶᠢᠳᠠᠭ᠃ ᠲᠡᠶᠢᠮᠤ ᠠᠴᠠ ᠤᠷᠮᠠᠰᠢᠭᠤᠯᠤᠯ ᠵᠣᠷᠢᠭᠵᠢᠭᠤᠯᠤᠯ ᠪᠣᠯ ᠠᠩᠭᠢ ᠶᠢᠨ ᠡᠷᠬᠢᠯᠡᠭᠴᠢ ᠪᠠᠭᠰᠢ ᠶᠢᠨ ᠡᠳᠦᠷ ᠲᠤᠵᠢ ᠰᠤᠷᠤᠭᠴᠢᠳ ᠲᠠᠭᠠᠨ ᠪᠡᠯᠡᠳᠬᠡᠬᠦ ᠵᠣᠬᠢᠰᠲᠠᠢ ᠪᠡᠯᠡᠭ᠃ ᠠᠩᠭᠢ ᠶᠢᠨ ᠡᠷᠬᠢᠯᠡᠭᠴᠢ ᠪᠣᠯᠣᠭᠰᠠᠳ ᠡᠷᠬᠡᠪᠰᠢ ᠠᠩᠭᠢ ᠶᠢᠨ ᠬᠡᠦᠬᠡᠳ ᠨᠢᠭᠡᠪᠦᠷᠢ ᠶᠢᠨ ᠢᠶᠠᠨ ᠵᠠᠩ ᠴᠢᠨᠠᠷ᠂ ᠠᠪᠢᠶᠠᠰ ᠰᠤᠨᠢᠷᠬᠠᠯ ᠢ ᠨᠠᠷᠢᠨ ᠨᠢᠮᠪᠠᠢ ᠣᠶᠢᠯᠠᠭᠠᠵᠤ᠂ ᠤᠨᠴᠠᠯᠢᠭ ᠲᠤᠨᠢ ᠴᠢᠭᠯᠡᠭᠦᠯᠦᠨ ᠦᠭᠡ ᠶᠠᠷᠢᠶ᠎ᠠ ᠦᠢᠯᠡ ᠠᠵᠢᠯᠯᠠᠭ᠎ᠠ ᠠᠴᠠ ᠪᠠᠨ ᠡᠬᠢᠯᠡᠨ ᠬᠡᠦᠬᠡᠳ ᠤᠳ ᠢᠶᠠᠷ ᠢᠶᠠᠨ ᠪᠠᠭ᠋ᠠᠷᠬᠠᠵᠤ ᠰᠤᠷᠬᠤ ᠬᠡᠷᠡᠭᠲᠡᠢ᠃ ᠢᠩᠭᠢᠮᠡᠨᠵᠢᠨ ᠰᠠᠶ᠋ᠢ ᠬᠠᠯᠠᠭᠤᠨ ᠳᠤᠯᠠᠭᠠᠨ᠂ ᠢᠳᠡᠪᠬᠢ ᠴᠣᠪᠣᠭᠤ ᠰᠤᠷᠤᠯᠴᠠᠬᠤ ᠣᠷᠴᠢᠨ ᠢ ᠡᠭᠦᠳᠴᠦ᠂ ᠰᠤᠷᠤᠭᠴᠢ ᠨᠢᠭᠡᠪᠦᠷᠢ ᠪᠠᠨ ᠦᠭᠡᠳᠡᠷᠭᠡᠭ ᠪᠠᠶᠠᠰᠤᠩᠭᠤᠢ ᠬᠦᠮᠦᠵᠢᠭᠦᠯᠵᠦ ᠴᠢᠳᠠᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号