ᠴᠤᠭᠪᠤᠶᠠᠨ ᠵᠤᠭᠢᠶᠠᠭᠴᠢ ᠶᠢᠨ ᠲᠠᠨᠢᠯᠴᠠᠭᠤᠯᠭ᠎ᠠ᠄ ᠴᠤᠭᠪᠤᠶᠠᠨ ︵ᠠᠨᠢᠷᠴᠢ︶᠂ ᠦᠪᠦᠷ ᠮᠤᠩᠭᠤᠯ ᠤᠨ | ᠠᠯᠠᠱᠠ ᠪᠠᠷᠠᠭᠤᠨ ᠬᠤᠰᠢᠭᠤᠨ ᠤ ᠨᠠᠮ ᠤᠨ ᠰᠤᠷᠭᠠᠭᠤᠯᠢ ᠶᠢᠨ ᠲᠡᠳ᠋ ᠫᠷᠤᠹᠧᠰᠰᠤᠷ᠂ ᠤᠷᠤᠨ ᠤ ᠲᠡᠰ ᠤᠨ | ᠪᠤᠳᠠᠰ ᠤᠨ ᠪᠤᠰᠤ ᠰᠤᠶᠤᠯ ᠤᠨ ᠦᠪ — ᠱᠠᠭ᠎ᠠ ᠶᠢᠨ ᠰᠤᠶᠤᠯ ᠤᠨ ᠦᠪᠯᠡᠨ ᠤᠯᠠᠮᠵᠢᠯᠠᠭᠴᠢ᠂ ᠦᠪᠦᠷ | ᠮᠤᠩᠭᠤᠯ ᠤᠨ ᠵᠠᠩ ᠠᠭᠠᠯᠢ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠮᠡᠳᠡᠭᠴᠢ᠂ ᠠᠯᠠᠱᠠ ᠠᠶᠢᠮᠠᠭ ᠤᠨ ᠣᠯᠣᠰ | ᠲᠦᠷᠦ ᠶᠢᠨ ᠵᠦᠪᠯᠡᠯᠭᠡᠨ ᠤ ᠤᠨᠴᠠ ᠤᠷᠢᠭᠰᠠᠨ ᠬᠡᠰᠢᠬᠦᠨ᠂ ᠠᠯᠠᠱᠠ ᠪᠠᠷᠠᠭᠤᠨ ᠬᠤᠰᠢᠭᠤᠨ ᠤ ᠱᠠᠭ᠎ᠠ ᠶᠢᠨ | ᠰᠤᠶᠤᠯ ᠤᠨ ᠨᠡᠶᠢᠭᠡᠮᠯᠢᠭ ᠤᠨ ᠲᠠᠷᠤᠭ᠎ᠠ ᠵᠡᠷᠭᠡ ᠡᠭᠦᠷᠭᠡ ᠬᠠᠷᠢᠭᠤᠴᠠᠯᠭ᠎ᠠ ᠲᠠᠢ᠃ 1962 ᠤᠨ ᠳᠤ ᠠᠯᠠᠱᠠ | ᠪᠠᠷᠠᠭᠤᠨ ᠬᠤᠰᠢᠭᠤᠨ ᠤ ᠤᠤᠯ ᠤᠨ ᠲᠠᠩᠰᠤᠭᠪᠤᠯᠠᠭ ᠮᠠᠯᠵᠢᠬᠤ ᠲᠠᠯᠠᠪᠠᠢ ᠶᠢᠨ ᠡᠯᠲᠡᠮᠵᠢ ᠶᠢᠨ ᠭᠤᠤᠯ ᠭᠡᠮᠡᠭᠦ | ᠨᠤᠲᠤᠭ ᠲᠤ ᠲᠦᠷᠦᠵᠡᠢ᠃ 1983 ᠤᠨ ᠳᠤ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ | ᠬᠠᠷᠢᠶᠠᠲᠤ ᠳᠤᠮᠳᠠᠳᠤ ᠰᠤᠷᠭᠠᠭᠤᠯᠢ ᠠᠴᠠ ᠲᠡᠭᠦᠰᠴᠤ᠂ 1987 ᠤᠨ ᠳᠤ᠂ ᠦᠪᠦᠷ ᠮᠤᠩᠭᠤᠯ ᠤᠨ ᠪᠠᠭᠰᠢ ᠶᠢᠨ | ᠶᠡᠭᠡ ᠰᠤᠷᠭᠠᠭᠤᠯᠢ ᠶᠢᠨ ᠤᠯᠤᠰ ᠳᠦᠷᠦ ᠰᠤᠷᠭᠠᠨ ᠬᠦᠮᠦᠵᠢᠯ ᠤᠨ ᠰᠠᠯᠪᠤᠷᠢ ᠶᠢᠨ ᠪᠦᠷᠢᠨ ᠮᠡᠷᠭᠡᠵᠢᠯ ᠤᠨ | ᠠᠩᠭᠢ ᠠᠴᠠ ᠭᠦᠨ ᠤᠬᠠᠭᠠᠨ ᠤ ᠡᠷᠲᠡᠮ ᠤᠨ ᠴᠤᠯᠠ ᠬᠠᠮᠠᠭᠠᠯᠠᠨ ᠲᠡᠭᠦᠰᠴᠦ᠂ ᠠᠯᠠᠱᠠ ᠠᠶᠢᠮᠠᠭ ᠤᠨ ᠪᠠᠭᠰᠢ ᠶᠢᠨ | ᠰᠤᠷᠭᠠᠭᠤᠯᠢ ᠳᠤ ᠠᠵᠢᠯ ᠤᠨ ᠬᠤᠪᠢᠶᠠᠷᠢ ᠠᠪᠴᠦ ᠪᠠᠭᠰᠢᠯᠠᠵᠡᠢ᠃ 1989 ᠤᠨ ᠠᠴᠠ ᠡᠭᠢᠯᠡᠨ ᠠᠯᠠᠱᠠ ᠪᠠᠷᠠᠭᠤᠨ | ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠤᠨ ᠲᠡᠳ᠋ ᠳᠠᠷᠤᠭ᠎ᠠ᠂ ᠨᠠᠮ ᠤᠨ ᠬᠤᠷᠢᠶᠠᠨ ᠤ ᠠᠯᠪᠠᠨ | ᠭᠡᠷ ᠤᠨ ᠲᠡᠳ᠋ ᠡᠷᠭᠢᠯᠡᠭᠴᠢ᠂ ᠰᠤᠷᠭᠠᠨ ᠬᠦᠮᠦᠵᠢᠯ ᠪᠡᠶ᠎ᠡ ᠲᠡᠮᠢᠷ ᠤᠨ ᠲᠤᠪᠴᠢᠶ᠎ᠠ ᠶᠢᠨ ᠲᠡᠳ᠋ ᠳᠠᠷᠤᠭ᠎ᠠ᠂ ᠮᠤᠩᠭᠤᠯ | ᠲᠤᠮᠳᠠᠳᠤ ᠰᠤᠷᠭᠠᠭᠤᠯᠢ ᠶᠢᠨ ᠵᠠᠭᠢᠷᠤᠯ᠂ ᠨᠠᠮ ᠤᠨ ᠰᠤᠷᠭᠠᠭᠤᠯᠢ ᠶᠢᠨ ᠱᠦᠵᠢ ᠵᠡᠷᠭᠡ ᠡᠭᠦᠷᠭᠡ ᠲᠤᠰᠢᠶᠠᠯ ᠢ ᠤᠷᠢᠳ | ᠬᠤᠵᠢᠳ ᠬᠠᠷᠢᠭᠤᠴᠠᠵᠡᠢ᠃ ᠮᠥᠨ ᠲᠦᠪ ᠤᠨ ᠨᠠᠮ ᠤᠨ ᠰᠤᠷᠭᠠᠭᠤᠯᠢ᠂ ᠴᠢᠩᠬᠤᠸᠠ ᠶᠡᠭᠡ ᠰᠤᠷᠭᠠᠭᠤᠯᠢ᠂ ᠦᠪᠦᠷ | ᠮᠤᠩᠭᠤᠯ ᠤᠨ ᠨᠠᠮ ᠤᠨ ᠰᠤᠷᠭᠠᠭᠤᠯᠢ᠂ ᠭᠠᠨᠰᠤ ᠮᠤᠵᠢ ᠶᠢᠨ ᠨᠠᠮ ᠤᠨ ᠰᠤᠷᠭᠠᠭᠤᠯᠢ ᠵᠡᠷᠭᠡ ᠳᠤ ᠰᠤᠷᠤᠯᠴᠠᠨ | ᠮᠡᠷᠭᠡᠵᠢᠯ ᠲᠡᠭᠡᠭᠰᠢᠯᠡᠭᠦᠯᠵᠡᠢ᠃ 40 ᠭᠠᠷᠤᠢ ᠡᠷᠳᠡᠮ ᠰᠢᠨᠵᠢᠯᠡᠭᠡᠨ ᠤ ᠦᠬᠦᠯᠡᠯ ᠢᠶᠠᠨ ᠤᠯᠤᠰ᠂ ᠣᠷᠣᠨ ᠪᠤᠯᠤᠨ | ᠠᠶᠢᠮᠠᠭ ᠤᠨ ᠰᠤᠨᠢᠨ ᠰᠡᠳᠬᠦᠯ ᠵᠢᠴᠢ ᠰᠤᠳᠤᠷ ᠪᠢᠴᠢᠭ ᠲᠤ ᠨᠡᠶᠢᠳᠡᠯᠡᠬᠦᠯᠵᠦ ᠵᠠᠷᠢᠮ ᠨᠢ ᠱᠠᠩᠨᠠᠯ ᠲᠤᠰᠴᠡᠢ᠃ ︽ | ᠨᠤᠮ ᠤᠨ ᠦᠬᠡ︾᠂ ︽ᠭᠤᠪᠢ ᠶᠢᠨ ᠲᠡᠭᠷᠢ ᠮᠠᠭᠤᠬᠠᠶᠢᠷᠠᠯᠠ︾᠂ ︽ᠡᠵᠢ ᠶᠢᠨ ᠲᠤᠷᠠᠳᠬᠠᠯ︾᠂ ︽ᠮᠦᠷ | ᠲᠠᠮᠠᠭ᠎ᠠ ᠲᠠᠢ ᠭᠤᠪᠢ︾ ᠵᠡᠷᠭᠡ ᠰᠢᠯᠦᠭ᠂ ᠦᠬᠦᠯᠡᠯᠭᠡ ᠨᠠᠶᠢᠷᠠᠭᠤᠯᠤᠯ ᠤᠨ ᠪᠦᠲᠦᠭᠡᠯ ᠲᠠᠢ᠃ ︽ᠱᠠᠭ᠎ᠠ ᠶᠢᠨ ᠰᠤᠶᠤᠯ | ᠤᠷᠠᠯᠢᠭ ᠤᠨ ᠨᠤᠳᠤᠭ — ᠠᠯᠠᠱᠠ ᠪᠠᠷᠠᠭᠤᠨ ᠬᠤᠰᠢᠭᠤ︾ ︵ᠵᠢᠷᠤᠭᠲᠤ ᠲᠤᠪᠭᠢᠮᠠᠯ︶ ᠪᠤᠯᠤᠨ ︽ᠮᠤᠩᠭᠤᠯ | ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾ ᠵᠡᠷᠭᠡ ᠨᠤᠮ ᠪᠢᠴᠢᠭ ᠢ ᠨᠠᠶᠢᠷᠠᠭᠤᠯᠤᠨ ᠭᠡᠪᠯᠡᠭᠦᠯᠪᠡ᠃ | 2005 ᠣᠨ ᠠᠴᠠ ᠡᠬᠢᠯᠡᠨ ᠠᠯᠠᠱᠠ ᠶᠢᠨ ᠱᠠᠭ᠎ᠠ ᠶᠢᠨ ᠰᠤᠶᠤᠯ ᠢ ᠠᠪᠤᠷᠠᠨ ᠰᠡᠷᠭᠦᠭᠡᠭᠦ ᠠᠵᠢᠯᠯᠠᠭ᠎ᠠ ᠶᠢ ᠦᠷᠨᠢᠭᠦᠯᠵᠤ | ᠂ ᠠᠯᠠᠱᠠ ᠪᠠᠷᠠᠭᠤᠨ ᠬᠤᠰᠢᠭᠤᠨ ᠤ ᠮᠤᠩᠭᠤᠯ ᠦᠨᠳᠦᠰᠦᠲᠡᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠢ ᠡᠭᠦᠰᠭᠡᠨ | ᠪᠠᠶᠢᠭᠤᠯᠵᠡᠢ᠃ 2006 ᠤᠨ ᠠᠴᠠ ᠡᠭᠢᠯᠡᠨ ᠠᠯᠠᠱᠠ ᠪᠠᠷᠠᠭᠤᠨ ᠬᠤᠰᠢᠭᠤᠨ ᠤ ᠠᠩᠬᠠᠳᠤᠭᠠᠷ ᠤᠳᠠᠭᠠᠨ ᠤ ᠱᠠᠭ᠎ᠠ | ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ | ᠠᠩᠬᠠᠳᠤᠭᠠᠷ ᠤᠳᠠᠭᠠᠨ ᠤ ᠮᠢᠩᠭᠠᠨ ᠭᠦᠮᠦᠨ ᠤ ᠱᠠᠭ᠎ᠠ ᠶᠢᠨ ᠰᠤᠶᠤᠯ ᠤᠷᠠᠯᠢᠭ ᠤᠨ ᠨᠠᠶᠢᠷ᠂ ᠨᠠᠢᠮᠠᠨ ᠮᠤᠵᠢ | ᠤᠷᠤᠨ ᠤ ᠠᠩᠬᠠᠳᠤᠭᠠᠷ ᠤᠳᠠᠭᠠᠨ ᠤ ︽ᠡᠷᠡᠭᠡᠢ ᠮᠡᠷᠭᠡᠨ︾ ᠱᠠᠭ᠎ᠠ ᠨᠠᠭᠠᠳᠤᠮ ᠵᠢᠴᠢ ᠱᠠᠭ᠎ᠠ ᠶᠢᠨ ᠰᠤᠶᠤᠯ ᠤᠨ | ᠡᠷᠲᠡᠮ ᠰᠢᠨᠵᠢᠯᠡᠭᠡᠨ ᠤ ᠰᠤᠳᠤᠯᠭᠠᠨ ᠤ ᠬᠤᠷᠠᠯ᠂ ᠱᠠᠭ᠎ᠠ ᠶᠢᠨ ᠰᠤᠶᠤᠯ ᠤᠨ ᠤᠯᠠᠨ ᠤᠯᠤᠰ ᠤᠨ ᠡᠷᠲᠡᠮ | ᠰᠢᠨᠵᠢᠯᠡᠭᠡᠨ ᠤ ᠰᠤᠳᠤᠯᠭᠠᠨ ᠤ ᠬᠤᠷᠠᠯ ᠵᠡᠷᠭᠡ ᠶᠢ ᠰᠠᠨᠠᠭᠠᠴᠢᠯᠠᠨ ᠡᠭᠦᠰᠭᠡᠨ ᠵᠤᠭᠢᠶᠠᠨ ᠪᠠᠶᠢᠭᠤᠯᠪᠠ᠃ 2015 | ᠤᠨ ᠳᠤ᠂ ᠱᠧᠨᠵᠢᠡ ᠶᠡᠭᠡ ᠰᠤᠷᠭᠠᠭᠤᠯᠢ ᠲᠠᠢ ᠬᠠᠮᠳᠤᠷᠠᠨ ᠱᠠᠭ᠎ᠠ ᠲᠤᠭᠯᠠᠭᠠᠮ ᠢ ︽ᠲᠤᠮᠳᠠᠳᠤ ᠤᠯᠤᠰ ᠤᠨ | ᠲᠠᠮᠢᠷ ᠤᠨ ᠪᠤᠳᠠᠰ ᠤᠨ ᠪᠤᠰᠤ ᠰᠤᠶᠤᠯ ᠤᠨ ᠬᠠᠮᠠᠭᠠᠯᠠᠯᠳᠠ ᠶᠢᠨ ᠦᠪ ᠤᠨ ᠡᠭᠢ ᠰᠤᠷᠪᠤᠯᠵᠢ ᠶᠢᠨ ᠳ᠋ᠠᠶᠢᠲ᠋ᠠ ᠭᠦᠮᠦᠷᠭᠡ | ︾ ᠳᠤ ᠤᠷᠤᠭᠤᠯᠬᠤ ᠰᠤᠳᠤᠯᠭᠠᠨ ᠤ ᠰᠡᠳᠦᠪ ᠢ ᠪᠡᠶᠡᠯᠡᠭᠦᠯᠪᠡ᠃ ᠦᠢᠷ᠎ᠡ ᠶᠢᠨ ᠵᠢᠯ ᠠᠴᠠ ᠲᠤᠪᠰᠢᠭᠤᠷ᠂ ᠵᠠᠩᠭᠠᠷ᠂ | ᠶᠠᠲᠤᠭ᠎ᠠ ᠵᠡᠷᠭᠡ ᠮᠤᠩᠭᠤᠯ ᠦᠨᠲᠦᠰᠦᠲᠡᠨ ᠤ ᠢᠵᠠᠭᠤᠷ ᠰᠤᠶᠤᠯ ᠤᠷᠠᠯᠢᠭ ᠢ ᠰᠡᠷᠭᠦᠭᠡᠨ ᠤᠯᠠᠮᠵᠢᠯᠠᠬᠤ ᠠᠵᠢᠯ ᠢ | ᠭᠠᠷᠳᠠᠨ ᠭᠢᠵᠡᠢ᠃ ᠶᠠᠮᠠᠷᠪᠠ ᠦᠨᠲᠦᠰᠦᠲᠡᠨ ᠶᠠᠰᠤᠳᠠᠨ ᠴᠦᠮ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ | ᠤᠳᠤᠮ ᠤᠭᠰᠠᠭ᠎ᠠ ᠵᠠᠯᠭᠠᠮᠵᠢᠯᠠᠵᠤ ᠤᠷᠤᠰᠢᠨ ᠠᠮᠢᠲᠤᠷᠠᠳᠠᠭ ᠨᠢ ᠲᠦᠭᠡᠮᠡᠯ ᠵᠢᠮ᠎ᠡ ᠶᠤᠰᠤ ᠶᠤᠮ᠃ ᠭᠡᠭᠦ ᠳᠡᠭᠡᠨ | ᠦᠷ᠎ᠡ ᠬᠤᠶᠢᠴᠢᠰ ᠢᠶᠠᠨ ᠭᠦᠮᠦᠵᠢᠭᠦᠯᠵᠦ ᠰᠤᠷᠭᠠᠬᠤ ᠠᠷᠭ᠎ᠠ ᠪᠠᠷᠢᠯ᠂ ᠰᠦᠪᠡᠭᠴᠢ ᠰᠢᠵᠢᠮ ᠨᠢ ᠢᠯᠭᠠᠪᠤᠷᠢ ᠲᠠᠢ | ᠪᠠᠶᠢᠵᠤ᠂ ᠦᠪᠡᠷ ᠦᠪᠡᠷ ᠤᠨ ᠭᠢᠨᠢ ᠤᠨᠴᠠᠯᠢᠭ ᠰᠢᠨᠵᠢ ᠲᠠᠢ ᠪᠠᠶᠢᠳᠠᠭ ᠢᠶᠠᠷ ᠢᠶᠠᠨ ᠦᠨᠲᠦᠰᠦᠲᠡᠨ ᠨᠦᠭᠦᠳ ᠤᠨ | ᠢᠯᠭᠠᠭ᠎ᠠ ᠶᠢ ᠢᠯᠡᠷᠡᠭᠦᠯᠲᠡᠭ᠃ ᠭᠡᠷ ᠤᠨ ᠭᠦᠮᠦᠵᠢᠯ ᠤᠨ ᠠᠷᠭ᠎ᠠ ᠠᠪᠴᠠᠯ ᠨᠢ ᠨᠢᠭᠡ ᠦᠨᠲᠦᠰᠦᠲᠡᠨ ᠤ ᠤᠨᠴᠠᠯᠢᠭ | ᠰᠢᠨᠵᠢ᠂ ᠭᠡᠪ ᠴᠢᠨᠠᠷ᠂ ᠶᠤᠰᠤ ᠰᠤᠷᠳᠠᠬᠤᠨ ᠵᠡᠷᠭᠡ ᠶᠢ ᠬᠠᠷᠠᠭᠤᠯᠤᠨ ᠢᠯᠡᠳᠭᠡᠲᠡᠭ ᠪᠠᠶᠢᠨ᠎ᠠ᠃ ᠭᠡᠷ ᠤᠨ | ᠭᠦᠮᠦᠵᠢᠯ ᠨᠢ ᠦᠵᠡᠯ ᠤᠬᠠᠮᠰᠠᠷ ᠤᠨ ᠴᠠᠷ᠎ᠠ ᠭᠦᠷᠢᠶ᠎ᠡ ᠳᠤ ᠬᠠᠷᠢᠶᠠᠯᠠᠭᠳᠠᠨ ᠬᠠᠮᠤᠷᠠᠭᠳᠠᠵᠤ ᠪᠤᠰᠤᠳᠴᠢ | ᠤᠷᠤᠰᠢᠬᠤᠢ ᠳᠤ ᠲᠦᠰᠢᠭᠯᠡᠨ ᠤᠶᠠᠯᠳᠤᠬᠤ ᠪᠠᠷ ᠰᠠᠭᠤᠷᠢ ᠪᠤᠯᠭᠠᠵᠤ ᠪᠤᠳᠠᠳᠤ ᠦᠢᠯᠡᠲᠦᠯᠭᠡ ᠪᠠᠷ ᠳᠠᠮᠵᠢᠨ ᠦᠷ᠎ᠡ | ᠳ᠋ᠦᠩ ᠳᠡᠭᠡᠨ ᠭᠦᠷᠲᠡᠭ᠃ ᠮᠤᠩᠭᠤᠯᠴᠤᠳ ᠡᠷᠲᠡ ᠦᠶ᠎ᠡ ᠠᠴᠠ ᠪᠠᠨ ᠠᠩ ᠠᠩᠨᠠᠯ ᠭᠢᠭᠡᠳ ᠮᠠᠯ ᠮᠠᠯᠵᠢᠯ ᠢᠶᠠᠷ | ᠰᠠᠭᠤᠷᠢᠯᠠᠵᠤ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ ᠦᠶ᠎ᠡ ᠳᠠᠮᠵᠢᠨ ᠤᠷᠤᠰᠢᠨ ᠲᠤᠭᠳᠠᠨᠢᠵᠤ᠂ ᠦᠪ | ᠰᠤᠶᠤᠯ ᠢᠶᠠᠨ ᠡᠭᠦᠳᠴᠦ ᠲᠡᠤᠭᠡ ᠪᠠᠨ ᠪᠢᠴᠢᠭᠯᠡᠭᠰᠡᠭᠡᠷ ᠢᠷᠡᠵᠡᠢ᠃ ᠮᠤᠩᠭᠤᠯᠴᠤᠳ ᠤᠨ ᠭᠡᠷ ᠤᠨ ᠭᠦᠮᠦᠵᠢᠯ ᠤᠨ | ᠠᠭᠤᠯᠭ᠎ᠠ ᠨᠢ ᠮᠠᠰᠢ ᠪᠠᠶᠠᠯᠢᠭ᠂ ᠠᠷᠭ᠎ᠠ ᠭᠡᠯᠪᠡᠷᠢ ᠨᠢ ᠠᠷᠪᠢᠨ ᠮᠦᠷᠲᠡᠭᠡᠨ ᠢᠯᠭᠠᠮᠠ ᠳᠤᠳᠤ ᠦᠪᠡᠷ ᠤᠨ ᠭᠡᠪ ᠨᠠᠮᠪᠠ | ᠪᠤᠯᠤᠨ ᠤᠨᠴᠠᠯᠢᠭ ᠰᠢᠨᠵᠢ ᠲᠠᠢ ᠪᠠᠶᠢᠳᠠᠭ᠃ ᠡᠭᠦᠨ ᠳᠤ ᠱᠠᠭ᠎ᠠ ᠨᠠᠭᠠᠳᠤᠮ ᠪᠣᠯ ᠡᠷᠲᠡ ᠤᠵᠤᠭᠤᠷ ᠠᠴᠠ | ᠤᠯᠠᠮᠵᠢᠯᠠᠭᠳᠠᠭᠰᠠᠨ ᠭᠡᠷ ᠤᠨ ᠭᠦᠮᠦᠵᠢᠯ ᠤᠨ ᠴᠢᠬᠤᠯᠠ ᠨᠢᠭᠡ ᠵᠦᠢᠯ ᠪᠤᠯᠬᠤ ᠨᠢ ᠮᠠᠷᠭᠤᠰᠢ ᠦᠭᠡᠢ ᠪᠢᠯᠡ᠃ ᠨᠢᠭᠡ᠂ | ᠱᠠᠭ᠎ᠠ ᠨᠠᠭᠠᠳᠤᠮ ᠪᠣᠯ ᠢᠵᠠᠭᠤᠷ ᠠᠴᠠ ᠤᠯᠠᠮᠵᠢᠯᠠᠭᠳᠠᠰᠠᠨ ᠭᠡᠷ ᠤᠨ ᠭᠦᠮᠦᠵᠢᠯ ᠤᠨ ᠤᠬᠠᠭᠠᠨ ᠴᠤᠬᠤᠮ | ᠭᠡᠵᠢᠶ᠎ᠡ ᠠᠴᠠ ᠡᠭᠢᠯᠡᠨ ᠱᠠᠭ᠎ᠠ ᠶᠢ ᠡᠷᠭᠢᠮᠯᠡᠨ ᠲᠡᠭᠡᠲᠦᠯᠡᠭᠰᠡᠨ ᠪᠠ ᠭᠡᠷᠡᠭᠯᠡᠭᠡᠨ ᠳᠡᠭᠡᠨ ᠤᠷᠤᠭᠤᠯᠤᠭᠰᠠᠨ ᠲᠤᠬᠠᠢ | ᠲᠤᠳᠤᠷᠬᠠᠢ ᠲᠡᠮᠲᠡᠭᠯᠡᠯ ᠦᠭᠡᠢ ᠪᠤᠯᠪᠠᠴᠤ᠂ ᠬᠠᠭᠤᠴᠢ ᠰᠤᠳᠤᠯᠤᠯ ᠤᠨ ᠲᠠᠯ᠎ᠠ ᠠᠴᠠ ᠰᠢᠨᠵᠢᠯᠡᠨ ᠭᠡᠷᠡᠴᠢᠯᠡᠭᠰᠡᠨ ᠢᠶᠠᠷ | ᠪᠣᠯ ᠡᠷᠲᠡᠨ ᠤ ᠡᠾᠦ᠋ᠩᠨᠤᠴᠤᠳ ᠱᠠᠭ᠎ᠠ ᠶᠢ ᠠᠮᠢᠳᠤᠷᠠᠯ ᠤᠨ ᠪᠤᠳᠠᠳᠤ ᠭᠡᠷᠡᠭᠯᠡᠭᠡᠨ ᠳᠡᠭᠡᠨ ᠤᠷᠤᠭᠤᠯᠵᠤ | ᠪᠠᠶᠢᠭᠰᠠᠨ ᠢᠶᠠᠷ ᠦᠯᠦ ᠪᠠᠷᠠᠮ᠂ ᠶᠤᠰᠤ ᠵᠠᠩᠰᠢᠯ ᠳᠠᠭᠠᠨ ᠤᠷᠤᠭᠤᠯᠤᠨ ᠭᠡᠷᠡᠭᠯᠡᠭᠰᠡᠨ ᠪᠠᠶᠢᠨ᠎ᠠ᠃ ᠠᠷᠭᠢᠤᠯᠤᠭᠢ | ᠰᠤᠳᠤᠯᠤᠭᠠᠴᠢᠳ ᠡᠷᠲᠡᠨ ᠤ ᠡᠾᠦ᠋ᠩᠨᠤᠴᠤᠳ ᠤᠨ ᠪᠤᠯᠠᠰᠢᠨ ᠠᠴᠠ ᠤᠯᠠᠨ ᠠᠷᠪᠢᠨ ᠪᠤᠭᠤ ᠶᠢᠨ ᠱᠠᠭ᠎ᠠ ᠤᠯᠤᠭᠰᠠᠨ | ᠮᠡᠲᠡᠭᠡᠯᠡᠯ ᠪᠠᠶᠢᠳᠠᠭ᠃ 2001 ᠣᠨ ᠳᠤ ᠮᠣᠩᠭᠤᠯ ᠠᠮᠧᠷᠢᠺᠠ ᠶᠢᠨ ᠰᠣᠳᠣᠯᠣᠭᠠᠴᠢᠳ ᠤᠨ ᠪᠦᠯᠬᠦᠮ ᠤᠨ ᠬᠢᠨ | ᠮᠣᠩᠭᠤᠯ ᠤᠯᠤᠰ ᠤᠨ ᠠᠷᠤ ᠬᠠᠩᠭᠠᠢ ᠠᠶᠢᠮᠠᠭ ᠤᠨ ᠥᠨᠳᠦᠷ ᠤᠯᠠᠭᠠᠨ ᠰᠤᠮᠤᠨ ᠤ ᠬᠠᠨᠤᠢ ᠪᠠᠭ ᠤᠨ ᠨᠤᠳᠤᠭ | ᠪᠠᠯᠭᠠᠰᠤᠨ ᠲᠠᠯ᠎ᠠ ᠠᠴᠠ ᠡᠷᠳᠡᠨ ᠤ ᠾᠦᠩᠨᠦ ᠶᠢᠨ ᠢᠵᠠᠭᠤᠷᠳᠠᠨ ᠤ ᠪᠦᠯᠦᠭ ᠪᠤᠯᠠᠰᠢ ᠶᠢ ᠢᠯᠡᠷᠡᠭᠦᠯᠦᠨ ᠨᠢᠭᠡᠨ | ᠬᠡᠦᠬᠡᠳ ᠤᠨ ᠣᠷᠣᠰᠢᠭᠤᠯᠭ᠎ᠠ ᠠᠴᠠ 250 ᠭᠠᠷᠤᠢ ᠪᠤᠭᠤ ᠶᠢᠨ ᠱᠠᠭ᠎ᠠ ᠶᠢ ᠢᠯᠡᠷᠡᠭᠦᠯᠵᠡᠢ᠃ ᠮᠤᠩᠭᠤᠯᠴᠤᠳ ᠠᠯᠢ | ᠡᠷᠲᠡᠨ ᠠᠴᠠ ᠪᠠᠨ ᠮᠠᠯᠵᠢᠯ ᠤᠭᠰᠠᠭᠠᠲᠠᠨ ᠪᠠᠶᠢᠵᠤ ᠨᠡᠭᠦᠲᠡᠯ ᠠᠮᠢᠳᠤᠷᠠᠯ ᠢᠶᠠᠷ ᠭᠤᠤᠯ ᠤᠷᠤᠰᠢᠨ ᠲᠤᠭᠲᠠᠨᠢᠯ ᠤᠨ | ᠭᠡᠯᠪᠡᠷᠢ ᠪᠠᠨ ᠪᠤᠯᠭᠠᠵᠤ ᠪᠠᠶᠢᠭᠰᠠᠨ ᠲᠡᠤᠭᠡ ᠲᠠᠢ᠃ ᠪᠠᠯᠠᠷᠯᠢᠭ ᠤᠨ ᠴᠠᠭ ᠲᠤ ᠬᠠᠮᠤᠭ ᠠᠩᠬᠠᠨ ᠳᠠᠭᠠᠨ ᠠᠩ | ᠠᠩᠨᠠᠯ ᠢᠶᠠᠷ ᠭᠤᠤᠯ ᠠᠮᠢᠳᠤᠷᠠᠯ ᠢᠶᠠᠨ ᠠᠷᠭᠠᠴᠠᠭᠠᠵᠤ ᠪᠠᠶᠢᠭᠰᠠᠨ ᠪᠣᠯ ᠰᠡᠭᠦᠯᠡᠷ ᠨᠢ ᠠᠩ ᠤᠨ ᠦᠯᠡᠲᠡᠪᠦᠷᠢ | ᠪᠤᠯᠤᠭᠰᠠᠨ ᠵᠡᠷᠯᠢᠭ ᠠᠮᠢᠲᠠᠳ ᠢ ᠭᠡᠷᠰᠢᠭᠦᠯᠦᠨ ᠲᠡᠵᠢᠭᠡᠵᠦ ᠨᠤᠮᠤᠬᠠᠳᠬᠠᠭᠰᠠᠨ ᠠᠴᠠ ᠠᠩᠬᠠᠨ ᠤ ᠮᠠᠯ ᠮᠠᠯᠵᠢᠯ | ᠡᠭᠦᠰᠦᠭᠰᠡᠨ ᠪᠠᠶᠢᠳᠠᠭ᠃ ᠮᠠᠯ ᠮᠠᠯᠵᠢᠯ ᠪᠤᠢ ᠪᠤᠯᠤᠭᠰᠠᠨ ᠠᠴᠠ ᠡᠷᠲᠡᠨ ᠤ ᠠᠵᠤ ᠠᠮᠢᠳᠤᠷᠠᠯ ᠨᠢ ᠪᠠᠳᠤᠯᠠᠭ᠎ᠠ ᠲᠠᠢ | ᠪᠤᠯᠵᠤ ᠤᠷᠤᠰᠢᠨ ᠲᠤᠭᠲᠠᠨᠢᠯ ᠨᠢ ᠲᠤᠭᠳᠠᠪᠤᠷᠢ ᠲᠠᠢ ᠪᠤᠯᠤᠭᠰᠠᠨ ᠲᠤᠯᠠ ᠦᠢᠯᠡᠳᠪᠦᠷᠢᠯᠡᠯ ᠤᠨ ᠭᠦᠴᠦᠨ ᠤ | ᠭᠦᠭᠵᠢᠯᠲᠡ ᠨᠢ ᠲᠦᠷᠭᠡᠨ ᠪᠤᠯᠵᠡᠢ᠃ ᠡᠭᠦᠨ ᠤ ᠤᠯᠠᠮ ᠠᠴᠠ ᠭᠦᠮᠦᠰ ᠤᠨ ᠲᠠᠷᠢᠭᠢᠨ ᠤ ᠭᠦᠭᠵᠢᠯᠲᠡ ᠨᠢ | ᠲᠠᠰᠤᠷᠠᠯᠳᠠ ᠦᠭᠡᠢ ᠨᠡᠮᠡᠭᠲᠡᠨ ᠰᠡᠳᠭᠢᠭᠦᠢ ᠨᠢ ᠴᠦ ᠲᠡᠯᠡᠨ ᠦᠷᠭᠡᠳᠴᠦ ᠤᠬᠠᠮᠰᠠᠷᠳᠤ ᠴᠢᠳᠠᠪᠦᠷᠢ ᠨᠢ ᠲᠡᠭᠡᠭᠰᠢᠯᠡᠨ | ᠭᠡᠷ ᠤᠨ ᠭᠦᠮᠦᠵᠢᠯ ᠠᠭᠠᠵᠢᠮ ᠢᠶᠠᠷ ᠪᠤᠢ ᠪᠤᠯᠵᠡᠢ᠃ ᠮᠠᠯᠴᠢᠨ ᠲᠦᠮᠠᠨ ᠲᠡᠷᠡ ᠦᠶ᠎ᠡ ᠶᠢᠨ ᠠᠮᠢᠲᠤᠷᠠᠯ ᠤᠨ ᠲᠦᠰᠢᠭ | ᠲᠤᠯᠭᠠᠭᠤᠷᠢ ᠪᠤᠯᠤᠭᠰᠠᠨ ᠮᠠᠯ ᠮᠠᠯᠵᠢᠯ ᠢᠶᠠᠷ ᠢᠶᠠᠨ ᠭᠤᠤᠯ ᠲᠦᠪ ᠪᠤᠯᠭᠠᠵᠤ ᠦᠷ᠎ᠡ ᠬᠤᠶᠢᠴᠢᠰ ᠢᠶᠠᠨ ᠠᠵᠢᠯ | ᠠᠬᠤᠢ ᠳᠤ ᠳᠠᠰᠬᠠᠬᠤ᠂ ᠦᠪᠡᠷ ᠪᠡᠶ᠎ᠡ ᠪᠠᠨ ᠡᠵᠡᠮᠲᠡᠭᠦ᠂ ᠦᠭᠡᠷ᠎ᠡ ᠪᠤᠰᠤᠳ ᠲᠤ ᠬᠠᠨᠳᠤᠬᠤ ᠵᠡᠷᠭᠡ ᠦᠢᠯᠡ ᠭᠦᠲᠡᠯᠦᠯ | ᠂ ᠤᠬᠠᠮᠰᠠᠷ ᠰᠡᠳᠭᠢᠯᠭᠡ ᠶᠢᠨ ᠭᠦᠮᠦᠵᠢᠯ ᠢ ᠭᠦᠷᠲᠡᠭᠡᠨ ᠪᠡᠶ᠎ᠡ ᠰᠡᠳᠭᠢᠴᠡ ᠶᠢᠨ ᠭᠦᠭᠵᠢᠯᠲᠡ ᠶᠢ ᠨᠢ ᠵᠦᠪ ᠵᠦᠭ | ᠦᠭᠡᠲᠡ ᠴᠢᠭᠯᠡᠭᠦᠯᠭᠦ᠂ ᠦᠢᠯᠡᠳᠪᠦᠷᠢᠯᠡᠯ ᠤᠨ ᠠᠷᠭ᠎ᠠ ᠭᠡᠯᠪᠡᠷᠢ ᠶᠢ ᠮᠡᠲᠡᠭᠦᠯᠦᠨ ᠦᠢᠯᠠᠭᠠᠭᠤᠯᠬᠤ᠂ ᠠᠮᠢᠳᠤᠷᠠᠯ ᠤᠨ | ᠨᠠᠷᠢᠨ ᠤᠬᠠᠭᠠᠨ ᠢ ᠵᠢᠭᠠᠬᠤ᠂ ᠦᠢᠯᠡ ᠮᠦᠷ ᠢ ᠨᠢ ᠰᠠᠶᠢᠨ ᠰᠠᠶᠢᠬᠠᠨ ᠭᠡᠪ ᠪᠤᠯᠪᠠᠰᠤᠨ ᠦᠭᠡᠲᠡ ᠭᠦᠲᠡᠯᠦᠨ | ᠤᠷᠤᠭᠤᠯᠳᠠᠭ᠃ ᠡᠶᠢᠮᠦᠷᠭᠦᠦ ᠭᠡᠷ ᠤᠨ ᠭᠦᠮᠦᠵᠢᠯ ᠤᠨ ᠶᠠᠪᠤᠴᠠ ᠳᠤ ᠱᠠᠭ᠎ᠠ ᠪᠠᠷ ᠵᠠᠭᠪᠤᠷ ᠪᠤᠯᠭᠠᠨ ᠦᠷ᠎ᠡ | ᠭᠡᠤᠭᠡᠳ ᠲᠡᠭᠡᠨ ᠭᠦᠮᠦᠵᠢᠯ ᠭᠦᠷᠲᠡᠭᠡᠭᠦ ᠪᠤᠯᠤᠭᠰᠠᠨ ᠪᠤᠯᠤᠯᠲᠠᠢ᠃ ᠱᠠᠭ᠎ᠠ ᠪᠠᠷ ᠵᠠᠭᠪᠤᠷᠢ ᠪᠤᠯᠭᠠᠨ ᠦᠷ᠎ᠡ | ᠭᠡᠤᠭᠡᠳ ᠢᠶᠠᠨ ᠭᠦᠮᠦᠵᠢᠭᠦᠯᠲᠡᠭ ᠭᠡᠷ ᠤᠨ ᠭᠦᠮᠦᠵᠢᠯ ᠨᠢ ᠲᠡᠯᠡᠭᠡᠢ ᠳᠤ ᠲᠤᠩ ᠬᠤᠪᠤᠷᠬᠠᠨ ᠦᠵᠡᠭᠲᠡᠯ ᠪᠠᠶᠢᠵᠤ | ᠦᠨᠡᠭᠡᠷ ᠰᠤᠨᠢᠷᠬᠠᠯ ᠲᠠᠢ ᠶᠤᠮ᠃ ᠬᠠᠯᠵᠠ ᠬᠠᠷᠪᠤᠬᠤ᠂ ᠪᠦᠭᠡ ᠪᠠᠷᠢᠯᠳᠤᠭᠤᠯᠬᠤ᠂ ᠮᠡᠷᠭᠡ ᠲᠦᠯᠭᠡ ᠲᠠᠯᠪᠢᠬᠤ᠂ | ᠮᠤᠷᠢ ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠰᠭᠡᠭᠦ᠂ ᠠᠳᠤᠭᠤ ᠬᠠᠷᠢᠭᠤᠯᠬᠤ᠂ ᠢᠩᠭᠡ | ᠪᠤᠳᠤᠭᠤᠯᠠᠭᠤᠯᠬᠤ ᠵᠡᠷᠭᠡ ᠭᠡᠳᠦᠨ ᠵᠠᠭᠤᠨ ᠲᠦᠷᠦᠯ ᠤᠨ ᠱᠠᠭ᠎ᠠ ᠲᠤᠭᠯᠠᠭᠠᠮ ᠨᠢ ᠴᠦᠮ ᠠᠩ ᠠᠩᠨᠠᠯ᠂ ᠮᠠᠯᠵᠢᠯ | ᠠᠮᠢᠳᠤᠷᠠᠯ ᠤᠨ ᠦᠢᠯᠡ ᠭᠦᠲᠡᠯᠦᠯ ᠪᠤᠯᠤᠨ ᠮᠠᠯᠴᠢᠨ ᠭᠦᠮᠦᠨ ᠤ ᠤᠷ᠎ᠠ ᠤᠬᠠᠭᠠᠨ ᠵᠡᠷᠭᠡ ᠶᠢ ᠬᠠᠷᠠᠭᠤᠯᠤᠭᠰᠠᠨ ᠢᠶᠠᠷ | ᠵᠠᠭᠪᠤᠷᠢᠴᠢᠯᠠᠨ᠂ ᠪᠡᠯᠭᠡ ᠲᠡᠮᠪᠡᠷᠡᠯ᠂ ᠴᠡᠭᠡᠷ ᠬᠤᠷᠢᠭ᠎ᠠ ᠵᠡᠷᠭᠡ ᠤᠯᠠᠨ ᠲᠠᠯ᠎ᠠ ᠶᠢᠨ ᠶᠤᠰᠤ ᠵᠠᠩᠰᠢᠯ ᠪᠤᠯᠤᠨ ᠲᠦᠷᠢᠮ | ᠭᠤᠷᠢᠮ ᠢ ᠬᠠᠷᠠᠭᠤᠯᠤᠭᠰᠠᠨ ᠪᠠᠶᠢᠳᠠᠭ᠃ ᠱᠠᠭ᠎ᠠ ᠨᠠᠭᠠᠳᠤᠮ ᠢ ᠨᠠᠭᠠᠳᠬᠤ ᠳᠤ ᠪᠤᠰᠤᠳ ᠢ ᠭᠦᠨᠲᠦᠳᠭᠡᠭᠦ᠂ ᠨᠠᠰᠤᠳᠠᠨ | ᠪᠤᠭᠤᠷᠤᠯ ᠢᠶᠠᠨ ᠡᠷᠭᠦᠨ ᠭᠦᠨᠲᠦᠯᠡᠭᠦ᠂ ᠭᠡᠤᠭᠡᠳ ᠲᠡᠭᠦᠦ ᠨᠡᠷ ᠢᠶᠠᠨ ᠬᠠᠶᠢᠷᠠᠯᠠᠬᠤ᠂ ᠬᠠᠷᠢᠯᠴᠠᠨ ᠡᠶ᠎ᠡ ᠨᠠᠶᠢᠷ ᠲᠠᠢ | ᠪᠠᠶᠢᠬᠤ᠂ ᠡᠷᠭᠡ ᠲᠡᠭᠰᠢ᠂ ᠲᠦᠪ ᠭᠤᠤᠯᠴᠢ ᠪᠠᠶᠢᠬᠤ ᠶᠢ ᠬᠠᠮᠤᠭ ᠠᠴᠠ ᠡᠷᠭᠢᠮᠯᠡᠨ ᠵᠢᠷᠤᠮᠯᠠᠳᠠᠭ᠃ ᠱᠠᠭ᠎ᠠ ᠨᠠᠭᠠᠳᠬᠤ | ᠶᠠᠪᠤᠴᠠ ᠳᠤ ᠲᠤᠮᠤᠴᠤᠤᠯ ᠠᠴᠠ ᠭᠡᠤᠭᠡᠳ ᠪᠠᠭᠠᠴᠤᠳ ᠲᠤ ᠲᠡᠭᠡᠷᠡᠭᠢ ᠤᠯᠠᠨ ᠲᠠᠯ᠎ᠠ ᠶᠢᠨ ᠶᠤᠰᠤ ᠵᠠᠩᠰᠢᠯ ᠪᠤᠯᠤᠨ | ᠲᠦᠷᠢᠮ ᠭᠤᠷᠢᠮ ᠢ ᠤᠯᠠᠮᠵᠢᠯᠠᠳᠠᠭ ᠪᠤᠯᠬᠤᠷ ᠭᠡᠤᠭᠡᠳ ᠪᠠᠭᠠᠴᠤᠳ ᠨᠢ ᠨᠠᠭᠠᠳᠤᠮ ᠲᠤᠭᠯᠠᠭᠠᠮ ᠢᠶᠠᠷ ᠳᠠᠮᠵᠢᠨ | ᠭᠦᠮᠦᠵᠢᠯ ᠭᠦᠷᠲᠡᠨ ᠤᠬᠠᠭᠠᠷᠠᠵᠤ ᠰᠡᠭᠡᠷᠡᠲᠡᠭ ᠶᠤᠮ᠃ ᠡᠨᠡ ᠪᠣᠯ ᠳᠠᠷᠦᠢ ᠶᠤᠰᠤᠲᠠᠢ ᠮᠤᠩᠭᠤᠯ ᠤᠬᠠᠭᠠᠨ ᠤ | ᠰᠤᠳᠤᠨ ᠭᠠᠶᠢᠬᠠᠮᠰᠢᠭ ᠪᠢᠯᠡ᠃ ᠬᠤᠶᠠᠷ᠂ ᠱᠠᠭ᠎ᠠ ᠨᠠᠭᠠᠳᠤᠮ ᠪᠣᠯ ᠦᠷ᠎ᠡ ᠭᠡᠤᠭᠡᠳ ᠢᠶᠠᠨ ᠰᠤᠷᠭᠠᠨ ᠭᠦᠮᠦᠵᠢᠭᠦᠯᠭᠦ | ᠴᠡᠴᠡᠨ ᠤᠬᠠᠭᠠᠨ ᠱᠠᠭ᠎ᠠ ᠨᠠᠭᠠᠳᠤᠮ ᠪᠣᠯ ᠤᠯᠠᠮᠵᠢᠯᠠᠯᠳᠤ ᠢᠵᠠᠭᠤᠷ ᠰᠤᠶᠤᠯ ᠪᠠᠶᠢᠵᠤ᠂ ᠲᠡᠷᠡ ᠨᠢ ᠲᠡᠤᠭᠡ ᠶᠢᠨ | ᠤᠷᠳᠤ ᠤᠷᠤᠰᠬᠠᠯ ᠤᠨ ᠲᠤᠮᠳᠠ ᠦᠷ᠎ᠡ ᠭᠡᠤᠭᠡᠳ ᠢᠶᠠᠨ ᠰᠤᠷᠭᠠᠨ ᠭᠦᠮᠦᠵᠢᠭᠦᠯᠭᠦ ᠴᠡᠴᠡᠨ ᠤᠬᠠᠭᠠᠨ ᠮᠡᠷᠭᠡᠨ ᠠᠷᠭ᠎ᠠ | ᠪᠤᠯᠵᠤ ᠪᠦᠷᠢᠯᠲᠦᠭᠰᠡᠨ ᠪᠠᠶᠢᠳᠠᠭ᠃ ᠱᠠᠭ᠎ᠠ ᠨᠠᠭᠠᠳᠤᠮ ᠤᠨ ᠲᠦᠷᠦᠯ ᠵᠦᠢᠯ ᠮᠠᠰᠢ ᠤᠯᠠᠨ ᠪᠠᠶᠢᠵᠤ᠂ ᠨᠠᠭᠠᠳᠬᠤ | ᠠᠷᠭ᠎ᠠ ᠮᠡᠷᠭᠡᠵᠢᠯ ᠤᠨ ᠲᠠᠯ᠎ᠠ ᠠᠴᠠ ᠠᠪᠤᠭᠠᠳ ᠦᠵᠡᠭᠰᠡᠨ ᠴᠦ ᠨᠢᠭᠡ ᠲᠦᠷᠦᠯ ᠤᠨ ᠨᠠᠭᠠᠳᠤᠮ ᠢ ᠭᠡᠲᠦ ᠭᠡᠲᠦᠨ | ᠵᠦᠢᠯ ᠤᠨ ᠠᠷᠭ᠎ᠠ ᠭᠡᠯᠪᠡᠷᠢ ᠪᠠᠷ ᠨᠠᠭᠠᠳᠴᠤ ᠪᠤᠯᠳᠠᠭ ᠢᠶᠠᠷ ᠦᠯᠦ ᠪᠠᠷᠠᠮ᠂ ᠠᠳᠠᠯᠢ ᠪᠤᠰᠤ ᠭᠠᠵᠠᠷ ᠨᠤᠳᠤᠭ ᠲᠤ | ᠠᠳᠠᠯᠢ ᠪᠤᠰᠤ ᠶᠢᠨ ᠠᠷᠭ᠎ᠠ ᠭᠡᠯᠪᠡᠷᠢ ᠪᠠᠷ ᠨᠠᠭᠠᠳᠳᠠᠭ ᠪᠤᠯᠬᠤᠷ ᠨᠤᠳᠤᠭ ᠤᠰᠤᠨ ᠤ ᠤᠨᠴᠠᠯᠢᠭ ᠰᠢᠨᠵᠢ ᠲᠠᠢ ᠪᠠᠶᠢᠳᠠᠭ | ᠃ ᠱᠠᠭ᠎ᠠ ᠨᠠᠭᠠᠳᠤᠮ ᠤᠨ ᠤᠯᠠᠨ ᠲᠦᠷᠦᠯ ᠵᠢᠴᠢ ᠲᠡᠭᠦᠨ ᠤ ᠤᠨᠴᠠᠯᠢᠭ ᠰᠢᠨᠵᠢ ᠠᠴᠠ ᠪᠤᠯᠵᠤ ᠭᠡᠷ ᠤᠨ ᠰᠤᠷᠭᠠᠯ ᠤᠨ | ᠮᠡᠷᠭᠡᠨ ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠤᠨ ᠨᠠᠭᠠᠳᠬᠤ ᠠᠷᠭ᠎ᠠ ᠪᠠᠷᠢᠯ ᠨᠢ ᠨᠡᠶᠢᠲᠡᠴᠢ | ᠤᠨᠴᠠᠯᠢᠭ ᠲᠠᠢ ᠮᠦᠷᠲᠡᠭᠡᠨ ᠦᠪᠡᠷᠮᠢᠴᠡ ᠤᠨᠴᠠᠯᠢᠭ ᠲᠠᠢ ᠶᠤᠮ᠃ ᠲᠡᠷᠡ ᠨᠢ ᠠᠳᠠᠯᠢ ᠪᠤᠰᠤ ᠨᠠᠰᠤᠨ ᠤ ᠭᠦᠮᠦᠰ ᠤᠨ | ᠴᠢᠳᠠᠪᠤᠷᠢ ᠳᠤ ᠲᠤᠭᠢᠷᠠᠬᠤ ᠲᠦᠷᠦᠯ ᠵᠦᠢᠯ ᠪᠦᠷᠢᠨ ᠪᠠᠶᠢᠳᠠᠭ ᠪᠤᠯᠬᠤᠷ ᠭᠡᠨ ᠭᠦᠮᠦᠨ ᠭᠡᠳ ᠪᠦᠷ ᠨᠠᠭᠠᠳᠴᠤ | ᠪᠤᠯᠳᠠᠭ᠃ ᠭᠡᠤᠭᠡᠳ ᠪᠠᠭᠠᠴᠤᠳ ᠤᠨ ᠨᠠᠰᠤᠨ ᠤ ᠭᠡᠮᠵᠢᠶ᠎ᠡ ᠪᠤᠯᠤᠨ ᠰᠡᠳᠭᠢᠴᠡ ᠶᠢᠨ ᠤᠨᠴᠠᠯᠢᠭ ᠲᠤ ᠶᠠᠪ ᠴᠠᠪ | ᠲᠤᠭᠢᠷᠠᠭᠰᠠᠨ ᠱᠠᠭ᠎ᠠ ᠨᠠᠭᠠᠳᠤᠮ ᠤᠨ ᠲᠦᠷᠦᠯ ᠵᠦᠢᠯ ᠪᠠᠶᠢᠬᠤ ᠪᠤᠯᠬᠤᠷ ᠭᠡᠤᠭᠡᠳ ᠪᠠᠭᠠᠴᠤᠳ ᠢ ᠭᠦᠮᠦᠵᠢᠭᠦᠯᠦᠨ | ᠶᠤᠰᠤ ᠵᠠᠩ ᠤᠯᠠᠮᠵᠢᠯᠠᠬᠤ ᠠᠮᠢᠳᠤᠯᠢᠭ ᠠᠷᠭ᠎ᠠ ᠭᠡᠷᠡᠭᠯᠡᠭᠦᠷ ᠪᠤᠯᠵᠤ ᠴᠢᠳᠠᠳᠠᠭ᠃ ᠨᠠᠬᠦᠳᠠᠯᠴᠢᠨ ᠮᠠᠯᠴᠢᠨ ᠲᠦᠮᠠᠨ | ᠮᠠᠨᠢ ᠨᠡᠭᠦᠲᠡᠯ ᠮᠠᠯᠵᠢᠯ ᠤᠨ ᠲᠡᠤᠭᠡᠨ ᠶᠠᠪᠤᠴᠠ ᠳᠤ᠂ ᠦᠷ᠎ᠠ ᠭᠡᠤᠭᠡᠳ ᠢᠶᠠᠨ ᠳᠠᠭᠠᠭᠤᠯᠤᠨ ᠡᠲᠦᠷ ᠲᠤᠳᠤᠮ ᠤᠨ | ᠠᠵᠢᠯ ᠠᠮᠢᠳᠤᠷᠠᠯ ᠳᠤ ᠤᠷᠤᠯᠴᠠᠭᠤᠯᠬᠤ ᠶᠢᠨ ᠳᠠᠭᠠᠤ ᠳᠤ ᠰᠤᠯᠠ ᠰᠡᠯᠡᠭᠦᠦ ᠴᠠᠭ ᠢᠶᠠᠷ ᠭᠡᠤᠭᠡᠳ ᠲᠠᠢ ᠪᠠᠨ ᠬᠠᠮᠳᠤ | ᠱᠠᠭ᠎ᠠ ᠨᠠᠭᠠᠳᠳᠠᠭ ᠪᠤᠯᠬᠤᠷ ᠨᠠᠭᠠᠳᠬᠤ ᠶᠠᠪᠤᠴᠠ ᠳᠠᠭᠠᠨ ᠭᠡᠤᠭᠡᠳ ᠲᠡᠭᠡᠨ ᠶᠤᠰᠤ ᠵᠠᠩᠰᠢᠯ᠂ ᠭᠡᠪ ᠰᠤᠷᠲᠠᠯ᠂ | ᠮᠡᠲᠡᠯᠭᠡ ᠤᠬᠠᠭᠠᠨ ᠵᠡᠷᠭᠡ ᠶᠢ ᠤᠯᠠᠮᠵᠢᠯᠠᠨ ᠭᠦᠷᠲᠡᠭᠡᠲᠡᠭ᠃ ︵ᠨᠢᠭᠡ︶ ᠱᠠᠭ᠎ᠠ ᠨᠠᠭᠠᠳᠤᠮ ᠨᠢ ᠭᠡᠤᠭᠡᠳ | ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ ᠭᠦᠷᠲᠡᠭᠡᠲᠡᠭ ᠮᠠᠨᠠᠶᠢᠬᠢᠨ ᠲᠡᠤᠭᠡᠨ ᠠᠴᠠ ᠪᠠᠨ ᠶᠤᠰᠤ ᠰᠤᠷᠲᠠᠯ ᠢ | ᠲᠡᠷᠢᠭᠦᠨ ᠪᠠᠶᠢᠷᠢᠨ ᠳᠤ ᠲᠠᠯᠪᠢᠵᠤ ᠭᠡᠤᠭᠡᠳ ᠢᠶᠠᠨ ᠪᠠᠭ᠎ᠠ ᠠᠴᠠ ᠨᠢ ᠶᠤᠰᠤ ᠨᠤᠮ ᠲᠠᠢ ᠪᠤᠯᠭᠠᠨ ᠭᠦᠮᠦᠵᠢᠭᠦᠯᠭᠦ ᠶᠢ | ᠮᠠᠰᠢ ᠠᠩᠬᠠᠷᠳᠠᠭ᠃ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ | ᠭᠦᠷᠲᠡᠭᠡᠭᠦ ᠳᠤ ᠠᠮᠢᠳᠤᠯᠢᠭ ᠵᠠᠭᠪᠤᠷ ᠶᠢᠨ ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠠᠶᠢᠯ ᠭᠡᠷ ᠤᠨ ᠭᠢᠨᠢ ᠠᠵᠢᠯ | ᠠᠬᠤᠢ ᠶᠢᠨ ᠴᠢᠯᠦᠭᠡ ᠵᠠᠪᠰᠠᠷ ᠲᠤ ᠭᠡᠤᠭᠡᠳ ᠰᠢᠤᠬᠠᠳ ᠲᠠᠢ ᠪᠠᠨ ᠱᠠᠭ᠎ᠠ ᠨᠠᠭᠠᠳᠴᠤ ᠭᠦᠷ ᠭᠦᠭᠵᠢᠭᠡᠨ ᠡᠭᠦᠰᠭᠡᠨ | ᠪᠡᠶ᠎ᠡ ᠰᠡᠳᠭᠢᠯ ᠤᠨ ᠴᠢᠯᠡᠭᠡ ᠪᠠᠨ ᠳᠠᠶᠢᠯᠬᠤ ᠶᠢᠨ ᠳᠠᠭᠠᠤ ᠳᠤ ᠦᠷ᠎ᠡ ᠭᠡᠤᠭᠡᠳ ᠲᠠᠢ ᠪᠠᠨ ᠵᠤᠭᠤᠭ ᠲᠡᠯᠭᠡᠲᠡᠭ᠃ | ᠡᠨᠡᠭᠦ ᠡᠩ ᠤᠨ ᠦᠢᠯᠡ ᠶᠠᠪᠤᠳᠠᠯ ᠤᠨ ᠲᠤᠮᠳᠠ ᠠᠴᠠ ᠭᠡᠤᠭᠡᠳ ᠪᠠᠭᠠᠴᠤᠳ ᠨᠢ ᠤᠯᠠᠨ ᠲᠠᠯ᠎ᠠ ᠶᠢᠨ ᠶᠤᠰᠤ | ᠰᠤᠷᠳᠠᠯ ᠤᠨ ᠭᠦᠮᠦᠵᠢᠯ ᠢ ᠭᠦᠷᠲᠡᠵᠦ ᠤᠬᠠᠭᠠᠷᠠᠵᠤ ᠰᠡᠭᠡᠷᠡᠨ ᠤᠯᠠᠮ ᠢᠶᠠᠷ ᠲᠤᠮᠤᠭᠤᠵᠢᠳᠠᠭ ᠶᠤᠮ᠃ ᠱᠠᠭ᠎ᠠ | ᠨᠠᠭᠠᠳᠤᠮ ᠨᠢ ᠲᠤᠭᠳᠠᠭᠰᠠᠨ ᠶᠤᠰᠤ ᠲᠦᠷᠢᠮ ᠪᠤᠯᠤᠨ ᠴᠢᠩᠭ᠎ᠠ ᠵᠢᠷᠤᠮ ᠭᠤᠷᠢᠮ ᠲᠠᠢ᠂ ᠡᠮᠭᠢ ᠲᠢᠭᠯᠡᠮ ᠪᠤᠯᠤᠨ | ᠡᠭᠢᠯᠡᠯᠲᠡ ᠲᠡᠭᠦᠰᠭᠡᠯᠲᠡ ᠲᠠᠢ ᠪᠠᠶᠢᠵᠤ᠂ ᠨᠠᠭᠠᠳᠤᠮ ᠤᠨ ᠶᠡᠷᠦᠩᠭᠡᠢ ᠶᠤᠰᠤ ᠲᠦᠷᠢᠮ ᠲᠠᠢ ᠪᠠᠶᠢᠳᠠᠭ ᠢᠶᠠᠷ ᠦᠯᠦ | ᠪᠠᠷᠠᠮ᠂ ᠪᠠᠰᠠ ᠨᠠᠭᠠᠳᠤᠮ ᠤᠨ ᠲᠦᠷᠦᠯ ᠨᠢᠭᠡᠪᠦᠷᠢ ᠳᠤ ᠴᠦ ᠲᠤᠭᠳᠠᠭᠰᠠᠨ ᠨᠠᠷᠢᠨ ᠲᠦᠷᠢᠮ ᠭᠤᠷᠢᠮ ᠲᠠᠢ ᠪᠠᠶᠢᠳᠠᠭ᠃ | ᠡᠶᠢᠮᠦ ᠪᠤᠯᠬᠤᠷ ᠱᠠᠭ᠎ᠠ ᠨᠠᠭᠠᠳᠤᠮ ᠤᠨ ᠶᠠᠪᠤᠴᠠ ᠳᠤ ᠨᠠᠰᠤᠳᠠᠨ ᠪᠤᠭᠤᠷᠤᠯ᠂ ᠢᠲᠡᠷ ᠵᠠᠯᠠᠭᠤ ᠪᠤᠯᠤᠨ ᠭᠡᠤᠭᠡᠳ | ᠪᠠᠭᠠᠴᠤᠳ ᠪᠦᠭᠦᠨ ᠢᠶᠠᠷ ᠢᠶᠠᠨ ᠴᠦᠮ ᠶᠤᠰᠤ ᠲᠦᠷᠢᠮ ᠪᠤᠯᠤᠨ ᠲᠤᠭᠳᠠᠭᠠᠯ ᠵᠢᠷᠤᠮ ᠢ ᠴᠢᠩᠭ᠎ᠠ ᠵᠢᠷᠤᠮᠯᠠᠵᠤ ᠭᠡᠨ ᠴᠦ | ᠭᠡᠳ ᠵᠦᠷᠢᠴᠡᠵᠦ ᠪᠤᠯᠳᠠᠭ ᠦᠭᠡᠢ᠃ ᠨᠠᠭᠠᠳᠤᠮ ᠤᠨ ᠪᠦᠭᠦ᠋ᠢᠯᠡ ᠶᠠᠪᠤᠴᠠ ᠳᠤ ᠭᠦᠮᠦᠨ ᠪᠦᠭᠦᠨ ᠡᠷᠭᠡ ᠲᠡᠭᠰᠢ | ᠪᠠᠶᠢᠵᠤ ᠬᠠᠷᠢᠯᠴᠠᠨ ᠭᠢᠨᠠᠯᠳᠠ ᠲᠠᠯᠪᠢᠵᠤ ᠲᠦᠪ ᠭᠤᠤᠯᠴᠢ ᠶᠢ ᠡᠷᠭᠢᠮᠯᠡᠲᠡᠭ᠃ ᠡᠷᠭᠡ ᠲᠡᠭᠰᠢ ᠪᠤᠯᠤᠨ ᠲᠦᠪ | ᠭᠤᠤᠯᠴᠢ ᠶᠢ ᠡᠷᠭᠢᠮᠯᠡᠭᠦ ᠪᠣᠯ ᠱᠠᠭ᠎ᠠ ᠨᠠᠭᠠᠳᠤᠮ ᠤᠨ ᠬᠠᠮᠤᠭ ᠦᠨᠲᠦᠰᠦᠨ ᠵᠠᠷᠴᠢᠮ ᠮᠥᠨ᠃ ᠱᠠᠭ᠎ᠠ ᠨᠠᠭᠠᠳᠤᠮ ᠳᠤ | ᠤᠷᠤᠯᠴᠠᠭᠰᠠᠨ ᠪᠦᠭᠦᠨ ᠡᠷᠭᠡᠪᠰᠢ ᠡᠨᠡᠭᠦ ᠵᠠᠷᠴᠢᠮ ᠢ ᠴᠢᠩᠭ᠎ᠠ ᠪᠠᠷᠢᠮᠳᠠᠯᠠᠨ ᠶᠤᠰᠤ ᠭᠤᠷᠢᠮ ᠢ ᠵᠢᠷᠤᠮᠯᠠᠨ ᠰᠠᠭᠢᠬᠤ | ᠭᠡᠷᠡᠭᠲᠡᠢ᠃ ᠱᠠᠭ᠎ᠠ ᠨᠠᠭᠠᠳᠤᠮ ᠨᠢ ᠡᠪ ᠨᠠᠶᠢᠷ ᠲᠠᠢ᠂ ᠭᠦᠷ ᠭᠦᠭᠵᠢᠶᠡᠨ ᠲᠠᠢ᠂ ᠶᠤᠰᠤᠷᠬᠠᠭ ᠪᠤᠯᠪᠠᠰᠤᠨ ᠤ ᠲᠤᠮᠳᠠ | ᠶᠠᠪᠤᠭᠳᠠᠳᠠᠭ ᠲᠤᠯᠠ ᠶᠤᠰᠤ ᠪᠤᠰᠤ ᠪᠠᠷ ᠠᠭᠠᠰᠢᠯᠠᠬᠤ᠂ ᠭᠡᠷᠡᠭᠦᠯ ᠮᠠᠷᠭᠤᠭᠠᠨ ᠡᠭᠦᠰᠭᠡᠭᠦ᠂ ᠠᠭᠤᠷᠯᠠᠵᠤ ᠤᠴᠠᠭᠠᠷᠯᠠᠬᠤ | ᠂ ᠬᠠᠭᠤᠷᠴᠤ ᠮᠡᠭᠡᠯᠡᠭᠦ ᠵᠡᠷᠭᠡ ᠡᠯᠲᠡᠪ ᠡᠰᠡ ᠶᠢᠨ ᠵᠠᠩ ᠭᠠᠷᠭᠠᠬᠤ ᠶᠢ ᠤᠭᠳᠤ ᠵᠦᠪᠰᠢᠶᠡᠷᠡᠲᠡᠭ ᠦᠭᠡᠢ᠃ ᠶᠡᠷᠦᠲᠡᠭᠡᠨ | ᠱᠠᠭ᠎ᠠ ᠨᠠᠭᠠᠳᠬᠤ ᠳᠤ᠂ ᠬᠠᠮᠤᠭ ᠲᠡᠷᠢᠭᠦᠨ ᠳᠤ᠂ ᠨᠠᠰᠤ ᠵᠢᠯ ᠢᠶᠠᠷ ᠦᠨᠲᠦᠷ ᠠᠬᠠᠮᠠᠳ ᠲᠤᠮᠤᠭᠤᠳᠠᠨ ᠠᠴᠠ | ᠨᠠᠭᠠᠳᠤᠮ ᠤᠨ ᠶᠤᠰᠤ ᠲᠦᠷᠢᠮ ᠢ ᠶᠠᠷᠢᠵᠤ ᠲᠤᠳᠤᠷᠬᠠᠶᠢᠯᠠᠵᠤ ᠡᠭᠢᠯᠡᠯᠲᠡ ᠳᠠᠷᠠᠭᠠᠮᠵᠢ ᠶᠢ ᠲᠤᠭᠲᠠᠭᠠᠨ᠂ | ᠳᠠᠷᠠᠭ᠎ᠠ ᠪᠠᠷ ᠨᠢ ᠰᠠᠶ᠋ᠢ ᠨᠠᠭᠠᠳᠤᠮ ᠡᠭᠢᠯᠡᠲᠡᠭ᠃ ᠡᠶᠢᠮᠦ ᠠᠴᠠ᠂ ᠱᠠᠭ᠎ᠠ ᠨᠠᠭᠠᠳᠤᠮ ᠳᠤ ᠭᠡᠨ ᠶᠠᠮᠠᠷ ᠭᠦᠮᠦᠨ | ᠤᠷᠤᠯᠴᠠᠭᠰᠠᠨ ᠴᠦ ᠬᠠᠮᠢᠶ᠎ᠠ ᠦᠭᠡᠢ ᠪᠦᠭᠦᠲᠡᠭᠡᠷ ᠢᠶᠠᠨ ᠡᠷᠭᠡ ᠲᠡᠭᠰᠢ ᠲᠦᠪ ᠭᠤᠤᠯᠴᠢ ᠵᠡᠷᠴᠢᠮ ᠤᠨ ᠭᠦᠷᠢᠶ᠎ᠡ | ᠭᠢᠵᠠᠭᠠᠷ ᠲᠤᠳᠤᠷ᠎ᠠ ᠦᠪᠡᠷ ᠦᠪᠡᠷ ᠤᠨ ᠤᠬᠠᠭᠠᠨ ᠰᠠᠨᠠᠭᠠᠨ ᠳᠠᠭᠠᠨ ᠲᠦᠰᠢᠭᠯᠡᠨ ᠤᠷ᠎ᠠ ᠮᠡᠷᠭᠡᠵᠢᠯ ᠢᠶᠠᠨ ᠭᠠᠷᠭᠠᠨ | ᠭᠢᠷᠢ ᠪᠦᠲᠦᠮᠵᠢ ᠪᠠᠨ ᠤᠯᠳᠠᠭ᠃ ᠡᠨᠡ ᠲᠤᠮᠳᠠ ᠠᠬᠤᠢ ᠠᠮᠢᠳᠤᠷᠠᠯ ᠳᠠᠬᠢ ᠠᠶᠢᠯ ᠡᠷᠦᠭᠡ ᠶᠢᠨ ᠪᠠᠶᠢᠷᠢ ᠰᠠᠭᠤᠷᠢ᠂ | ᠡᠷᠭᠡ ᠲᠤᠰᠢᠶᠠᠯ᠂ ᠪᠠᠶᠠᠨ ᠶᠠᠳᠠᠭᠤ ᠪᠤᠯᠤᠨ ᠬᠤᠪᠢ ᠭᠦᠮᠦᠨ ᠤ ᠵᠠᠩ ᠳᠠᠳᠬᠠᠯ ᠲᠡᠷᠡ ᠪᠦᠭᠦᠨ ᠢᠶᠠᠷ ᠢᠶᠠᠨ ᠭᠦᠴᠦᠨ | ᠦᠭᠡᠢ ᠪᠤᠯᠳᠠᠭ᠃ ᠱᠠᠭ᠎ᠠ ᠨᠠᠭᠠᠳᠤᠮ ᠤᠨ ᠬᠠᠳᠠᠭᠤ ᠴᠢᠩᠭ᠎ᠠ ᠵᠠᠷᠴᠢᠮ ᠭᠢᠭᠡᠳ ᠶᠤᠰᠤ ᠲᠦᠷᠢᠮ ᠨᠢ ᠭᠡᠤᠭᠡᠳ | ᠪᠠᠭᠠᠴᠤᠳ ᠲᠤ ᠨᠡᠶᠢᠭᠡᠮ ᠢ ᠦᠢᠯᠠᠭᠠᠭᠤᠯᠬᠤ᠂ ᠭᠦᠮᠦᠨ ᠭᠦᠮᠦᠨ ᠤ ᠬᠤᠭᠤᠷᠤᠨᠳᠤᠭᠢ ᠬᠠᠷᠢᠴᠠᠭ᠎ᠠ ᠶᠢ ᠮᠡᠲᠡᠭᠦᠯᠭᠦ᠂ | ᠨᠡᠶᠢᠲᠡ ᠶᠢᠨ ᠲᠦᠷᠢᠮ ᠤᠯᠠᠨ ᠤ ᠲᠤᠭᠳᠠᠭᠠᠯ ᠢ ᠵᠢᠷᠤᠮᠯᠠᠬᠤ᠂ ᠪᠤᠰᠤᠳ ᠢ ᠭᠦᠨᠲᠦᠳᠭᠡᠭᠦ᠂ ᠪᠡᠶ᠎ᠡ ᠪᠠᠨ ᠳᠠᠭᠠᠭᠠᠬᠤ | ᠴᠢᠳᠠᠪᠤᠷᠢ ᠶᠢ ᠪᠤᠢ ᠪᠤᠯᠭᠠᠬᠤ᠂ ᠨᠦᠭᠦᠷᠯᠡᠯ ᠪᠤᠯᠤᠨ ᠦᠷᠢᠰᠦᠯᠲᠦᠭᠦ ᠵᠤᠷᠢᠭ ᠰᠠᠨᠠᠭ᠎ᠠ ᠶᠢ ᠪᠠᠳᠠᠷᠠᠭᠤᠯᠬᠤ ᠵᠡᠷᠭᠡ ᠮᠠᠰᠢ | ᠤᠯᠠᠨ ᠲᠠᠯ᠎ᠠ ᠪᠠᠷ ᠶᠤᠰᠤ ᠰᠤᠷᠲᠠᠯ ᠤᠨ ᠭᠦᠮᠦᠵᠢᠯ ᠭᠦᠷᠲᠡᠭᠡᠲᠡᠭ᠃ ᠱᠠᠭ᠎ᠠ ᠨᠠᠭᠠᠳᠤᠮ ᠤᠨ ᠠᠯᠢ ᠨᠢᠭᠡᠨ ᠲᠦᠷᠦᠯ ᠨᠢ | ᠴᠦ ᠭᠡᠳ ᠴᠦᠮ ᠨᠠᠷᠠ ᠵᠦᠪ ᠡᠷᠭᠢᠭᠦ ᠲᠦᠭᠡᠮᠡᠯ ᠵᠠᠷᠴᠢᠮ ᠶᠤᠰᠤ ᠲᠠᠢ ᠪᠠᠶᠢᠳᠠᠭ᠃ ᠭᠡᠭᠦ ᠳᠤ ︽ᠨᠠᠷᠠ ᠵᠦᠪ᠂ | ᠨᠠᠭᠠᠳᠤᠮ ᠪᠤᠷᠤᠭᠤ︾ ᠭᠡᠲᠡᠭ ᠢᠶᠠᠷ ᠱᠠᠭ᠎ᠠ ᠨᠠᠭᠠᠳᠬᠤ ᠳᠤ ᠭᠦᠷᠪᠠᠯ ᠬᠠᠷᠢᠨ ᠵᠠᠷᠴᠢᠮ ᠤᠨ ᠴᠢᠨᠠᠷ ᠲᠠᠢ ᠠᠯᠳᠠᠭ᠎ᠠ | ᠪᠤᠷᠤᠭᠤ ᠭᠠᠷᠭᠠᠬᠤ ᠳᠤ ᠭᠦᠷᠦᠨ᠎ᠡ᠃ ᠱᠠᠭ᠎ᠠ ᠨᠠᠭᠠᠳᠤᠮ ᠤᠨ ᠨᠠᠷᠠ ᠵᠦᠪ ᠡᠷᠭᠢᠯᠲᠡ ᠶᠢᠨ ᠵᠠᠷᠴᠢᠮ ᠠᠴᠠ ᠦᠵᠡᠭᠦ ᠳᠤ | ᠂ ᠲᠡᠷᠡ ᠨᠢ ᠵᠦᠪᠭᠡᠨ ᠨᠠᠭᠠᠳᠤᠮ ᠪᠢᠰᠢ ᠬᠠᠷᠢᠨ ᠵᠦᠪ ᠡᠨᠧᠷᠭᠢ ᠬᠠᠩᠭᠠᠳᠠᠭ ᠭᠦᠮᠦᠵᠢᠯ ᠰᠤᠷᠭᠠᠯ ᠪᠤᠯᠬᠤ ᠨᠢ ᠮᠠᠰᠢ | ᠲᠤᠳᠤᠷᠬᠠᠢ ᠪᠠᠶᠢᠭ᠎ᠠ᠃ ᠱᠠᠭ᠎ᠠ ᠨᠠᠭᠠᠳᠬᠤ ᠳᠤ ᠤᠯᠠᠩᠭᠢ ᠳᠠᠭᠠᠨ ᠨᠠᠰᠤ ᠪᠠᠭ᠎ᠠ ᠭᠦᠮᠦᠨ ᠠᠴᠠ ᠡᠭᠢᠯᠡᠭᠦ᠂ ᠤᠨ | ᠵᠢᠯ ᠲᠠᠢ ᠢᠪᠡᠭᠡᠯ ᠭᠦᠮᠦᠨ ᠠᠴᠠ ᠡᠭᠢᠯᠡᠭᠦ ᠵᠤᠷᠰᠢᠯ ᠲᠠᠢ᠃ ᠨᠠᠰᠤ ᠪᠠᠭ᠎ᠠ ᠭᠦᠮᠦᠨ ᠠᠴᠠ ᠡᠭᠢᠯᠡᠲᠡᠭ ᠨᠢ ᠭᠡᠤᠭᠡᠳ | ᠪᠠᠭᠠᠴᠤᠳ ᠢᠶᠠᠨ ᠬᠠᠶᠢᠷᠠᠯᠠᠬᠤ᠂ ᠤᠷᠮᠠᠰᠢᠭᠤᠯᠤᠨ ᠵᠤᠷᠢᠭᠵᠢᠭᠤᠯᠬᠤ ᠤᠳᠬ᠎ᠠ ᠰᠠᠨᠠᠭ᠎ᠠ ᠲᠠᠢ ᠪᠠᠶᠢᠵᠤ᠂ ᠤᠨ ᠵᠢᠯ ᠲᠠᠢ | ᠢᠪᠡᠭᠡᠯ ᠭᠦᠮᠦᠨ ᠠᠴᠠ ᠡᠭᠢᠯᠡᠲᠡᠭ ᠨᠢ ᠵᠦᠩᠨᠡᠯ ᠪᠡᠯᠭᠡᠲᠡᠯ ᠤᠨ ᠤᠳᠬ᠎ᠠ ᠰᠠᠨᠠᠭ᠎ᠠ ᠶᠢ ᠬᠠᠷᠠᠭᠤᠯᠵᠤ ᠪᠠᠶᠢᠳᠠᠭ᠃ | ᠵᠠᠷᠢᠮ ᠦᠶ᠎ᠡ ᠳᠤ ᠦᠨᠲᠦᠷ ᠨᠠᠰᠤᠲᠠᠢ ︵70 ᠨᠠᠰᠤᠨ ᠠᠴᠠ ᠲᠡᠭᠡᠭᠰᠢ︶ ᠪᠤᠭᠤᠷᠤᠯᠴᠤᠳ ᠪᠤᠶᠤ ᠭᠦᠨᠲᠦᠲᠦ | ᠵᠤᠴᠢᠨ ᠢᠶᠠᠷ ᠢᠶᠠᠨ ᠡᠭᠢᠯᠡᠭᠦᠯᠲᠡᠭ ᠵᠠᠩᠰᠢᠯ ᠪᠠᠶᠢᠳᠠᠭ᠃ ᠡᠨᠡ ᠨᠢ ᠦᠭᠡᠷ᠎ᠡ ᠪᠤᠰᠤᠳ ᠢ ᠭᠦᠨᠳᠤᠳᠭᠡᠵᠦ ᠪᠠᠶᠢᠭ᠎ᠠ | ᠪᠤᠯᠬᠤᠷ ᠬᠠᠷᠢᠯᠴᠠᠨ ᠨᠢᠭᠡ ᠨᠢᠭᠡ ᠪᠠᠨ ᠤᠷᠢᠵᠤ ᠶᠠᠩᠨᠠᠷᠠᠯᠴᠠᠵᠤ ᠶᠡᠭᠡ ᠯᠡ ᠰᠦᠢᠳ ᠪᠤᠯᠳᠠᠭ ᠪᠢᠯᠡ᠃ ︵ᠬᠤᠶᠠᠷ︶ | ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠤᠶᠤᠨ ᠮᠡᠲᠡᠯᠭᠡ ᠶᠢᠨ ᠭᠦᠮᠦᠵᠢᠯ ᠭᠦᠷᠲᠡᠭᠡᠲᠡᠭ ᠱᠠᠭ᠎ᠠ | ᠨᠠᠭᠠᠳᠤᠮ ᠨᠢ ᠭᠡᠤᠭᠡᠳ ᠪᠠᠭᠠᠴᠤᠳ ᠤᠨ ᠤᠢ ᠪᠢᠯᠢᠭ ᠢ ᠨᠡᠭᠡᠭᠡᠭᠲᠡᠭᠦᠯᠭᠦ᠂ ᠰᠡᠷᠡᠯ ᠤᠬᠠᠭᠠᠨ ᠢ ᠭᠦᠭᠵᠢᠭᠦᠯᠭᠦ᠂ | ᠰᠡᠳᠭᠢᠭᠦ ᠴᠢᠳᠠᠪᠤᠷᠢ ᠶᠢ ᠲᠡᠭᠡᠭᠰᠢᠯᠡᠭᠦᠯᠭᠦ᠂ ᠤᠶᠤᠨ ᠮᠡᠲᠡᠯᠭᠡ ᠶᠢ ᠨᠡᠮᠡᠭᠲᠡᠭᠦᠯᠭᠦ ᠵᠡᠷᠭᠡ ᠲᠠᠯ᠎ᠠ ᠪᠠᠷ ᠤᠷᠠᠨ ᠠᠷᠭ᠎ᠠ | ᠠᠪᠴᠠᠯ ᠢᠶᠠᠷ ᠭᠦᠲᠦᠯᠵᠤ ᠪᠠᠶᠢᠳᠠᠭ᠃ ᠲᠦᠷᠪᠡᠨ ᠪᠡᠷᠭᠡ ᠤᠷᠭᠢᠬᠤ᠂ ᠮᠤᠷᠢ ᠤᠷᠤᠯᠳᠤᠬᠤ᠂ ᠲᠡᠮᠡᠭᠡ ᠤᠷᠤᠯᠳᠤᠬᠤ᠂ | ᠲᠠᠪᠤᠨ ᠬᠤᠰᠢᠭᠤ ᠮᠠᠯ ᠦᠷᠦᠭᠦ᠂ ᠠᠯᠳᠠᠨ ᠮᠡᠯᠡᠭᠡᠢ ᠦᠷᠦᠭᠦ ᠵᠡᠷᠭᠡ ᠠᠯᠢ ᠤᠯᠠᠨ ᠱᠠᠭ᠎ᠠ ᠨᠠᠭᠠᠳᠤᠮ ᠤᠨ ᠲᠦᠷᠦᠯ ᠨᠢ | ᠴᠦᠮ ᠭᠡᠤᠭᠡᠳ ᠪᠠᠭᠠᠴᠤᠳ ᠤᠨ ᠤᠶᠤᠨ ᠳᠠᠷᠢᠭᠢ ᠶᠢ ᠨᠡᠭᠡᠭᠡᠨ ᠭᠦᠭᠵᠢᠭᠦᠯᠵᠦ᠂ ᠰᠡᠩᠭᠡᠭᠦᠷᠡᠯ ᠤᠨ ᠭᠦᠴᠦᠨ | ᠤᠯᠭᠤᠵᠤ᠂ ᠪᠢᠯᠢᠭ ᠤᠬᠠᠭᠠᠨ ᠢ ᠬᠤᠷᠴᠠᠳᠬᠠᠵᠤ᠂ ᠤᠷ᠎ᠠ ᠴᠢᠳᠠᠪᠤᠷᠢ ᠶᠢ ᠨᠢ ᠰᠤᠷᠢᠳᠠᠭ ᠪᠤᠯᠬᠤᠷ ᠠᠯᠢ | ᠡᠷᠲᠡ ᠠᠴᠠ ᠪᠠᠨ ᠮᠤᠩᠭᠤᠯᠴᠤᠳ ᠤᠨ ᠤᠯᠠᠮᠵᠢᠯᠠᠯᠳᠤ ᠭᠡᠷ ᠤᠨ ᠭᠦᠮᠦᠵᠢᠯ ᠳᠠᠬᠢ ᠦᠷ᠎ᠡ ᠭᠡᠤᠭᠡᠳ ᠲᠤ ᠤᠶᠤᠨ | ᠮᠡᠲᠡᠯᠭᠡ ᠤᠯᠠᠮᠵᠢᠯᠠᠬᠤ ᠴᠢᠬᠤᠯᠠ ᠠᠷᠭ᠎ᠠ ᠳᠠᠮ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠡᠭᠢᠯᠡᠭᠦ ᠳᠤ ᠠᠬᠠᠮᠠᠳ | ᠲᠤᠮᠤᠭᠤᠳᠠᠨ ᠠᠴᠠ᠄ ᠵᠧ︕ ᠤᠸ᠋ᠮ ᠰᠠᠶᠢᠨ ᠠᠮᠤᠭᠤᠯᠠᠩ ᠪᠤᠯᠳᠤᠭᠠᠢ ᠡᠩᠭᠡ ᠰᠠᠶᠢᠬᠠᠨ ᠵᠢᠷᠭᠠᠯᠠᠩ ᠪᠤᠯᠳᠤᠭᠠᠢ ᠮᠠᠨᠤ | ᠱᠢᠷᠤ ᠬᠤᠪᠤᠷ ᠡᠷᠲᠡᠨᠢ ᠮᠠᠯ ᠰᠦᠷᠦᠭ ᠮᠢᠬᠠᠨ ᠡᠷᠲᠡᠨᠢ ᠮᠢᠬᠠᠨ ᠤ ᠳᠤᠳᠤᠷ᠎ᠠ ᠶᠠᠰᠤᠨ ᠡᠷᠲᠡᠨᠢ ᠶᠠᠰᠤᠨ ᠳᠤᠳᠤᠷ᠎ᠠ | ᠱᠠᠭ᠎ᠠ ᠡᠷᠲᠡᠨᠢ ᠁ ᠭᠡᠮᠡᠨ ᠢᠷᠦᠭᠡᠯ ᠬᠠᠶᠢᠷᠠᠯᠠᠳᠠᠭ ᠳᠠᠳᠬᠠᠯ ᠲᠠᠢ᠃ ᠱᠠᠭ᠎ᠠ ᠶᠢᠨ ᠢᠷᠦᠭᠡᠯ ᠮᠠᠭᠳᠠᠭᠠᠯ ᠨᠢ | ᠮᠠᠯᠴᠢᠨ ᠤᠭᠰᠠᠭᠠᠳᠠᠨ ᠤ ᠰᠠᠶᠢᠨ ᠰᠠᠶᠢᠬᠠᠨ ᠤ ᠭᠦᠰᠡᠯ ᠵᠦᠩᠨᠡᠯ᠂ ᠠᠵᠠ ᠵᠢᠷᠭᠠᠯ ᠤᠨ ᠪᠡᠯᠭᠡᠲᠡᠯ᠂ ᠠᠵᠢᠯ | ᠦᠢᠯᠡᠰ ᠤᠨ ᠪᠦᠲᠦᠮᠵᠢ᠂ ᠦᠨᠡᠨᠴᠢ ᠴᠠᠭᠠᠪᠤᠷᠢ ᠰᠡᠳᠭᠢᠯᠭᠡ ᠵᠡᠷᠭᠡ ᠶᠢ ᠢᠯᠡᠳᠭᠡᠨ ᠬᠠᠷᠠᠭᠤᠯᠵᠤ ᠪᠠᠶᠢᠳᠠᠭ᠃ ᠡᠨᠡ ᠨᠢ | ᠱᠠᠭ᠎ᠠ ᠨᠠᠭᠠᠳᠤᠮᠴᠢᠳ ᠲᠤ ᠪᠠᠶᠠᠷ ᠪᠠᠭ᠋ᠠᠳᠤᠯ᠂ ᠭᠦᠷ ᠨᠠᠷᠭᠢᠶᠠᠨ᠂ ᠢᠲᠡᠭᠡᠯ ᠪᠢᠰᠢᠷᠡᠯ ᠤᠨ ᠠᠤᠭ᠎ᠠ ᠭᠦᠴᠦᠨ ᠢ | ᠠᠪᠴᠢᠷᠠᠳᠠᠭ ᠪᠠᠶᠢᠨ᠎ᠠ᠃ ᠵᠡᠭᠦᠨᠭᠠᠷ ᠪᠤᠶᠠᠨᠪᠠᠳᠤ ᠶᠢᠨ ᠵᠤᠭᠢᠶᠠᠭᠰᠠᠨ ︽ᠠᠯᠠᠭ ᠱᠠᠭᠠᠢ ᠶᠢᠨ ᠮᠠᠭᠳᠠᠭᠠᠯ︾ ᠳᠤ᠄ ︽ | ᠲᠦᠷᠪᠡᠡ ᠮᠡᠷᠭᠡᠡ ᠱᠠᠭᠠᠢ ᠳᠠᠭᠠᠨ ᠲᠡᠯᠡᠬᠡᠢ ᠶᠢᠨ ᠵᠠᠶᠠᠭ᠎ᠠ ᠶᠢ ᠰᠢᠪᠰᠢᠭᠰᠡᠠ ᠲᠡᠩᠳᠡᠭᠦᠦ ᠬᠦᠭᠡᠷᠦᠬᠦᠨ | ᠨᠠᠭᠠᠳᠤᠭᠠᠢ ᠳᠠᠭᠠᠨ ᠲᠡᠭᠡᠳᠦᠰ ᠤᠨ ᠰᠤᠷᠭᠠᠯ ᠢ ᠪᠠᠭᠳᠠᠭᠠᠭᠰᠠᠠ ᠁ ᠱᠠᠭᠠᠢ ᠪᠤᠳᠠᠷᠠᠭᠠᠵᠦ ᠪᠤᠯᠬᠤ ᠦᠭᠡᠢ ᠰᠢᠦ | ᠮᠠᠯ ᠤᠨ ᠵᠠᠶᠠᠭ᠎ᠠ ᠵᠠᠶᠢᠯᠠᠳᠠᠭ ᠶᠤᠮ ᠱᠠᠭᠠᠢ ᠭᠡᠭᠡᠵᠦ ᠪᠤᠯᠬᠤ ᠦᠭᠡᠢ ᠰᠢᠦ ᠡᠵᠡᠡ ᠢᠶᠠᠨ ᠦᠭᠡᠶᠢᠯᠡᠵᠦ ᠭᠤᠮᠤᠳᠠᠳᠠᠭ | ᠶᠤᠮ ᠁ ᠬᠦᠨᠳᠦᠳᠦ ᠮᠤᠩᠭᠤᠯ ᠤᠨ ᠲᠤᠭᠯᠠᠭᠠᠮ ᠢᠶᠠᠨ ᠬᠦᠮᠦᠨ ᠪᠦᠬᠦᠨ ᠲᠡᠭᠡᠳᠦᠯᠡᠶᠡ ᠬᠦᠴᠦᠷᠬᠡᠭ | ᠲᠡᠭᠡᠳᠦᠰ ᠤᠨ ᠰᠣᠶᠣᠯ ᠢᠶᠠᠨ ᠬᠦᠭᠵᠢᠯ ᠤᠨ ᠮᠠᠩᠯᠠᠢ ᠳᠤ ᠠᠯᠳᠠᠷᠰᠢᠭᠤᠯᠤᠶ᠎ᠠ ᠁︾ — ᠭᠡᠮᠡᠨ ᠱᠠᠭ᠎ᠠ | ᠨᠠᠭᠠᠳᠤᠮ ᠤᠨ ᠪᠡᠯᠭᠡ ᠲᠡᠮᠪᠡᠷᠢᠯ ᠪᠤᠯᠤᠨ ᠴᠡᠭᠡᠷ ᠬᠤᠷᠢᠭ᠎ᠠ ᠵᠡᠷᠭᠡ ᠲᠠᠯ᠎ᠠ ᠶᠢᠨ ᠶᠤᠰᠤ ᠵᠠᠩᠰᠢᠯ ᠢ ᠤᠷᠠᠨ ᠢᠶᠠᠷ | ᠢᠯᠡᠳᠭᠡᠭᠰᠡᠨ ᠪᠠᠶᠢᠳᠠᠭ᠃ ᠮᠤᠷᠢ ᠤᠷᠤᠯᠳᠤᠬᠤ ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠤᠨ ᠬᠠᠮᠤᠭ ᠤᠨ ᠲᠦᠭᠡᠮᠡᠯ | ᠦᠵᠡᠭᠲᠡᠯ ᠢ ᠲᠤᠰᠬᠠᠳᠠᠭ ᠮᠦᠷᠲᠡᠭᠡᠨ ᠦᠢᠯᠠᠭᠠᠬᠤ ᠳᠤ ᠲᠦᠭᠦᠮ ᠠᠪᠰᠠᠷᠬᠠᠨ ᠪᠠᠶᠢᠳᠠᠭ ᠲᠤᠯᠠ ᠨᠠᠰᠤᠳᠠᠨ ᠪᠤᠭᠤᠷᠤᠯ | ᠪᠤᠯᠤᠨ ᠨᠠᠰᠤ ᠪᠠᠭ᠎ᠠ ᠭᠡᠤᠭᠡᠳ ᠤᠨ ᠠᠯᠢ ᠨᠢ ᠴᠦ ᠨᠠᠭᠠᠳᠴᠤ ᠴᠢᠳᠠᠳᠠᠭ᠃ ᠲᠤᠰ ᠨᠠᠭᠠᠳᠤᠮ ᠢ ᠨᠠᠭᠠᠳᠬᠤ ᠪᠠᠷ | ᠳᠠᠮᠵᠢᠨ ᠭᠡᠤᠭᠡᠳ ᠪᠠᠭᠠᠴᠤᠳ ᠲᠤᠩ ᠤᠯᠠᠨ ᠮᠡᠲᠡᠯᠭᠡ ᠡᠵᠡᠮᠰᠢᠲᠡᠭ᠃ ᠳᠠᠷᠦᠢ 7 ᠪᠤᠶᠤ 7 ᠶᠢᠨ ᠳᠠᠭᠢᠨ | ᠲᠤᠭ᠎ᠠ ᠪᠠᠷ ᠱᠠᠭ᠎ᠠ ᠶᠢ ᠮᠤᠷᠢᠨ ᠲᠠᠯ᠎ᠠ ᠪᠠᠷ ᠨᠢ ᠨᠢᠭᠡ ᠱᠤᠭᠤᠮ ᠲᠡᠭᠡᠷ᠎ᠡ ᠴᠤᠪᠤᠷᠢᠭᠤᠯᠤᠨ ᠤᠷᠤᠯᠳᠤᠭᠠᠨ ᠤ ᠵᠠᠮ | ᠱᠤᠭᠤᠮ ᠪᠤᠯᠭᠠᠬᠤ᠂ ᠭᠡᠭᠦ ᠳᠡᠭᠡᠨ ᠬᠠᠮᠤᠭ ᠠᠷᠪᠢᠨ ᠳᠠᠭᠠᠨ 21 ᠱᠠᠭ᠎ᠠ ᠠᠴᠠ ᠳᠠᠪᠠᠭᠤᠯᠳᠠᠭ ᠶᠤᠰᠤ ᠦᠭᠡᠢ᠃ | ᠤᠷᠤᠯᠳᠤᠭᠠᠨ ᠤ ᠵᠠᠮ ᠱᠤᠭᠤᠮ ᠠᠴᠠ ᠰᠦᠭᠦᠮ ᠵᠠᠢ ᠳᠤ ᠡᠭᠢᠯᠡᠯᠲᠡ ᠶᠢᠨ ᠴᠡᠭ ᠢ ᠲᠤᠭᠳᠠᠭᠠᠨ ᠤᠷᠤᠯᠳᠤᠭᠠᠨ ᠤ | ᠮᠤᠷᠢᠳ ︵ᠭᠦᠮᠦᠨ ᠪᠦᠷᠢ ᠶᠢᠨ ᠨᠢᠭᠡ ᠱᠠᠭ᠎ᠠ︶ ᠢ ᠨᠢᠭᠡ ᠱᠤᠭᠤᠮ ᠲᠡᠭᠡᠷ᠎ᠡ ᠭᠦᠨᠲᠡᠯᠡᠨ ᠪᠠᠷ ᠠᠷᠤᠭᠰᠢ ᠨᠢ | ᠬᠠᠨᠳᠤᠭᠤᠯᠤᠨ ᠵᠢᠭᠰᠠᠭᠠᠵᠤ᠂ ᠮᠥᠨ ᠤᠷᠤᠯᠳᠤᠭᠠᠨ ᠤ ᠵᠠᠮ ᠱᠤᠭᠤᠮ ᠠᠴᠠ ᠰᠦᠭᠦᠮ ᠵᠠᠢ ᠳᠤ ᠨᠢᠭᠡ ᠤᠪᠤᠭ᠎ᠠ | ᠪᠤᠰᠬᠠᠨ ᠪᠠᠷᠢᠭᠠᠨ ᠤ ᠭᠠᠵᠠᠷ ︵ᠲᠡᠭᠦᠰᠭᠡᠯ ᠤᠨ ᠴᠡᠭ︶ ᠪᠤᠯᠭᠠᠬᠤ᠂ ᠤᠷᠭᠢᠯᠳᠠ ᠶᠢᠨ 4 ᠱᠠᠭ᠎ᠠ ᠶᠢ ᠤᠷᠭᠢᠭᠠᠳ | ᠠᠩᠬᠠᠨ ᠤ ᠮᠤᠷᠢ ᠪᠠᠭᠤᠬᠤ ᠳᠤ ᠤᠷᠤᠯᠳᠤᠭᠠᠨ ᠤ ᠮᠤᠷᠢ ᠡᠷᠭᠢᠭᠦ᠂ ᠳᠠᠷᠠᠭᠠᠴᠢ ᠶᠢᠨ ᠤᠷᠭᠢᠯᠲᠠ ᠳᠤ ᠪᠠᠭᠤᠭᠰᠠᠨ | ᠮᠤᠷᠢᠨ ᠤ ᠲᠤᠭ᠎ᠠ ᠪᠠᠷ ᠤᠷᠤᠯᠳᠤᠭᠠᠨ ᠤ ᠮᠤᠷᠢ ᠪᠠᠨ ᠤᠷᠤᠭᠰᠢ ᠭᠦᠶᠦᠯᠭᠡᠭᠦ ︵ᠠᠭᠢᠭᠤᠯᠬᠤ︶᠂ ᠲᠡᠭᠦᠰᠭᠡᠯ ᠤᠨ ᠴᠡᠭ | ᠭᠦᠷᠭᠦ ᠳᠤ ᠤᠪᠤᠭ᠎ᠠ ᠪᠠᠨ ᠨᠠᠷᠠ ᠵᠦᠪ ᠢᠶᠠᠷ 3 ᠡᠷᠭᠢᠵᠦ ᠦᠵᠦᠭᠦᠷ ᠮᠠᠩᠨᠠᠢ ᠲᠤᠳᠤᠷᠠᠳᠠᠭ᠃ ᠮᠠᠩᠨᠠᠢ ᠠᠪᠤᠭᠰᠠᠨ | ᠮᠤᠷᠢ ᠳᠤ ᠠᠬᠠᠮᠠᠳ ᠲᠤᠮᠤᠭᠠᠳᠠᠨ ᠠᠴᠠ ︽ᠮᠤᠷᠢᠨ ᠤ ᠢᠷᠦᠭᠡᠯ︾ ᠲᠠᠯᠪᠢᠳᠠᠭ ᠵᠤᠷᠰᠢᠯ ᠲᠠᠢ᠃ ᠡᠭᠦᠨ ᠠᠴᠠ | ᠦᠵᠡᠪᠡᠯ᠂ ᠵᠦᠪᠭᠡᠨ ᠮᠤᠷᠢ ᠤᠷᠤᠯᠳᠤᠬᠤ ᠱᠠᠭ᠎ᠠ ᠨᠠᠭᠠᠳᠤᠮ ᠤᠨ ᠶᠠᠪᠤᠴᠠ ᠲᠤᠮᠳᠠ ᠠᠴᠠ ᠭᠡᠤᠭᠡᠳ ᠪᠠᠭᠠᠴᠤᠳ | ᠲᠤᠭ᠎ᠠ ᠭᠡᠮᠵᠢᠭᠲᠡᠯ ᠠᠴᠠ ᠠᠪᠤᠭᠠᠳ ᠢᠷᠦᠭᠡᠯ ᠮᠠᠭᠳᠠᠭᠠᠯ ᠤᠨ ᠪᠠᠶᠠᠯᠢᠭ ᠰᠠᠶᠢᠬᠠᠨ ᠤᠷᠠᠨ ᠭᠡᠯᠡ ᠭᠡᠯᠡᠯᠭᠡ ᠳᠤ | ᠭᠦᠷᠲᠡᠯ᠎ᠡ᠂ ᠨᠠᠭᠠᠳᠤᠮ ᠤᠨ ᠲᠦᠷᠢᠮ ᠭᠤᠷᠢᠮ ᠠᠴᠠ ᠠᠪᠤᠭᠠᠳ ᠦᠨᠲᠦᠰᠦᠲᠡᠨ ᠤ ᠪᠠᠨ ᠤᠯᠠᠨ ᠠᠷᠪᠢᠨ ᠶᠤᠰᠤ | ᠵᠠᠩᠰᠢᠯ ᠢ ᠦᠢᠯᠠᠭᠠᠨ ᠮᠡᠲᠡᠵᠦ ᠡᠵᠡᠮᠰᠢᠲᠡᠭ ᠶᠤᠮ ᠪᠠᠶᠢᠨ᠎ᠠ᠃ ᠡᠭᠦᠨ ᠠᠴᠠ ᠭᠠᠳᠠᠨ᠎ᠠ᠂ ᠱᠠᠭ᠎ᠠ ᠨᠠᠭᠠᠳᠤᠮ ᠤᠨ | ᠶᠠᠪᠤᠴᠠ ᠲᠤᠮᠳᠠ ᠨᠠᠭᠠᠳᠤᠮᠴᠢᠳ ᠬᠤᠭᠤᠷᠤᠨᠳᠤ ᠪᠠᠨ ᠤᠨᠢᠰᠤᠭ᠎ᠠ ᠲᠠᠭᠠᠯᠴᠠᠬᠤ᠂ ᠦᠯᠢᠭᠡᠷ ᠲᠤᠮᠤᠭ ᠶᠠᠷᠢᠬᠤ᠂ | ᠵᠦᠢᠷ ᠰᠡᠴᠡᠨ ᠦᠭᠡ ᠪᠤᠶᠤ ᠭᠡᠯᠡ ᠵᠦᠭᠰᠢᠷᠡᠭᠦᠯᠭᠦ ᠦᠭᠡ ᠭᠡᠯᠡᠭᠦ᠂ ᠳᠠᠭᠤᠤ ᠳᠠᠭᠤᠯᠠᠬᠤ᠂ ᠱᠤᠭ ᠭᠠᠷᠭᠠᠬᠤ ᠵᠡᠷᠭᠡ | ᠤᠯᠠᠨ ᠵᠦᠢᠯ ᠤᠨ ᠤᠷ᠎ᠠ ᠠᠪᠢᠶᠠᠰ ᠢᠶᠠᠨ ᠢᠯᠡᠷᠡᠭᠦᠯᠦᠨ ᠭᠦᠷ ᠭᠦᠭᠵᠢᠶᠡᠨ ᠨᠡᠮᠡᠷᠢᠯᠡᠲᠡᠭ ᠶᠤᠮ᠃ ᠶᠡᠷᠦᠨᠢ ᠲᠡᠭᠡᠭᠡᠳ | ᠱᠠᠭ᠎ᠠ ᠨᠠᠭᠠᠳᠤᠮ ᠤᠨ ᠪᠤᠢ ᠪᠦᠭᠦᠢ ᠲᠦᠷᠦᠯ ᠵᠦᠢᠯ ᠨᠢ ᠴᠦᠮ ᠳᠠᠯᠠᠢ ᠶᠡᠭᠡ ᠮᠡᠲᠡᠯᠭᠡ ᠶᠢᠨ ᠰᠠᠩ ᠪᠤᠯᠵᠤ ᠪᠠᠶᠢᠳᠠᠭ | ᠪᠤᠯᠬᠤᠷ ᠠᠯᠢ ᠨᠢᠭᠡᠨ ᠲᠦᠷᠦᠯ ᠤᠨ ᠨᠠᠭᠠᠳᠤᠮ ᠢ ᠨᠢ ᠨᠠᠭᠠᠳᠤᠭᠰᠠᠨ ᠴᠦ ᠪᠦᠷ ᠭᠡᠤᠭᠡᠳ ᠪᠠᠭᠠᠴᠤᠳ ᠲᠤ ᠤᠶᠤᠨ ᠤ | ᠮᠡᠲᠡᠯᠭᠡ ᠶᠢᠨ ᠰᠢᠮ᠎ᠡ ᠬᠠᠩᠭᠠᠵᠤ᠂ ᠪᠢᠯᠢᠭ ᠤᠨ ᠭᠡᠭᠡᠷᠡᠯ ᠢ ᠤᠯᠭᠤᠳᠠᠭ᠃ ᠡᠶᠢᠮᠦ ᠢᠶᠠᠷ ᠢᠶᠠᠨ ᠱᠠᠭ᠎ᠠ ᠨᠠᠭᠠᠳᠤᠮ ᠪᠣᠯ | ᠢᠰᠠᠭᠡᠢ ᠲᠤᠭᠤᠷᠭᠠᠳᠠᠨ ᠤ ᠤᠶᠤᠨ ᠮᠡᠲᠡᠯᠭᠡ ᠶᠢᠨ ᠳᠠᠯᠠᠢ ᠶᠡᠭᠡ ᠭᠦᠮᠦᠷᠭᠡ ᠮᠥᠨ᠃ ︵ᠭᠤᠷᠪᠠ︶ ᠱᠠᠭ᠎ᠠ | ᠨᠠᠭᠠᠳᠤᠮ ᠨᠢ ᠭᠡᠤᠭᠡᠳ ᠪᠠᠭᠠᠴᠤᠳ ᠲᠤ ᠪᠡᠶ᠎ᠡ ᠰᠡᠳᠭᠢᠯ ᠤᠨ ᠲᠠᠩᠭᠡᠭᠦᠷᠡᠯ ᠤᠨ ᠭᠦᠮᠦᠵᠢᠯ ᠭᠦᠷᠲᠡᠭᠡᠲᠡᠭ ᠪᠠᠭ᠎ᠠ | ᠭᠡᠤᠭᠡᠳ ᠱᠠᠭ᠎ᠠ ᠶᠢ ᠭᠠᠷ ᠲᠠᠭᠠᠨ ᠪᠠᠷᠢᠵᠤ ᠡᠷᠭᠢᠭᠦᠯᠵᠤ ᠤᠷᠪᠠᠭᠤᠯᠵᠤ ᠰᠤᠨᠢᠷᠬᠠᠬᠤ ᠶᠠᠪᠤᠴᠠ ᠳᠤ ᠨᠢᠳᠤᠨ | ᠬᠠᠷᠠᠭᠠᠨ ᠤ ᠰᠡᠷᠡᠯ ᠪᠤᠯᠤᠨ ᠭᠠᠷ ᠬᠤᠷᠤᠭᠤᠨ ᠤ ᠮᠡᠲᠡᠷᠡᠮᠵᠢ ᠶᠢ ᠨᠦᠯᠦᠭᠡᠯᠡᠭᠦ ᠪᠠᠷ ᠳᠠᠮᠵᠢᠨ ᠱᠠᠭ᠎ᠠ ᠲᠠᠢ ᠲᠠᠨᠢᠯᠴᠠᠳᠠᠭ | ᠃ ᠪᠠᠭ᠎ᠠ ᠭᠡᠤᠭᠡᠳ ᠱᠠᠭ᠎ᠠ ᠶᠢ ᠭᠠᠷ ᠲᠤ ᠪᠠᠨ ᠠᠳᠬᠤᠨ ᠡᠷᠭᠢᠭᠦᠯᠵᠦ ᠤᠷᠪᠠᠭᠤᠯᠬᠤ ᠨᠢ ᠬᠠᠷᠠᠭᠠᠨ ᠰᠡᠷᠡᠯ ᠢ | ᠲᠦᠪᠯᠡᠷᠡᠭᠦᠯᠦᠨ ᠭᠦᠭᠵᠢᠭᠦᠯᠭᠦ᠂ ᠭᠠᠷ ᠤᠨ ᠠᠯᠠᠭᠠᠨ ᠳᠤ ᠨᠢ ᠢᠯᠪᠢᠯᠲᠠ ᠡᠭᠦᠰᠭᠡᠨ ᠲᠤᠳᠤᠷ ᠡᠷᠭᠡᠲᠡᠨ ᠢ | ᠰᠠᠶᠢᠵᠢᠷᠠᠭᠤᠯᠬᠤ᠂ ᠭᠠᠷ ᠬᠤᠷᠤᠭᠤᠨ ᠤ ᠭᠦᠴᠦ ᠴᠢᠳᠠᠯ ᠢ ᠨᠡᠮᠡᠭᠲᠡᠭᠦᠯᠭᠦ᠂ ᠭᠠᠷ ᠤᠨ ᠪᠤᠯᠴᠢᠩ ᠤᠨ ᠭᠦᠭᠵᠢᠯᠲᠡ ᠶᠢ | ᠨᠦᠯᠦᠭᠡᠯᠡᠨ ᠪᠡᠶ᠎ᠡ ᠶᠢᠨ ᠭᠦᠴᠦᠨ ᠴᠢᠳᠠᠯ ᠢ ᠨᠡᠮᠡᠭᠲᠡᠭᠦᠯᠲᠡᠭ᠃ ᠭᠡᠤᠭᠡᠳ ᠭᠡᠯᠡ ᠳᠤ ᠤᠷᠤᠬᠤ ᠲᠠᠢ ᠵᠡᠷᠭᠡ ᠨᠢᠭᠡᠨᠲᠡ | ᠳᠠᠰᠤᠯ ᠪᠤᠯᠤᠭᠰᠠᠨ ᠱᠠᠭ᠎ᠠ ᠪᠠᠷ ᠢᠶᠠᠨ ᠳᠠᠪᠤᠨ ᠬᠤᠰᠢᠭᠤ ᠮᠠᠯ ᠤᠨ ᠢᠶᠠᠨ ᠨᠠᠷ᠎ᠡ ᠶᠢ ᠭᠡᠯᠡᠵᠤ ᠴᠢᠳᠠᠬᠤ᠂ ᠨᠢᠭᠡ ᠬᠤᠶᠠᠷ | ᠭᠡᠮᠡᠨ ᠲᠤᠭ᠎ᠠ ᠲᠤᠭᠠᠯᠠᠵᠤ ᠡᠭᠢᠯᠡᠲᠡᠭ᠃ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠤᠨ ᠨᠢᠳᠤᠨ ᠬᠠᠷᠠᠭ᠎ᠠ ᠶᠢ | ᠵᠦᠭᠰᠢᠷᠡᠭᠦᠯᠭᠦ᠂ ᠭᠠᠷ ᠬᠤᠷᠤᠭᠤᠨ ᠤ ᠦᠶ᠎ᠡ ᠭᠡᠰᠢᠭᠦᠦ ᠶᠢ ᠤᠶᠠᠨ ᠤᠷᠠᠨ ᠮᠦᠷᠲᠡᠭᠡᠨ ᠬᠤᠷᠳᠤᠨ ᠱᠠᠯᠠᠮᠠᠭᠠᠢ | ᠪᠤᠯᠭᠠᠬᠤ ᠳᠤ ᠮᠠᠰᠢ ᠴᠢᠬᠤᠯᠠ ᠦᠢᠯᠡᠲᠦᠯ ᠦᠵᠡᠭᠦᠯᠲᠡᠭ᠃ ᠱᠠᠭ᠎ᠠ ᠰᠠᠶᠢᠨ ᠨᠠᠭᠠᠳᠪᠠᠯ ᠤᠬᠠᠭ᠎ᠠ ᠰᠡᠷᠭᠦᠯᠡᠩ ᠳᠠᠷᠢᠭᠢ | ᠬᠤᠷᠴᠠ᠂ ᠭᠡᠯᠡ ᠭᠡᠯᠡᠯᠭᠡ ᠪᠠᠶᠠᠨ ᠠᠪᠢᠶᠠᠰᠯᠢᠭ ᠪᠤᠯᠵᠤ ᠬᠤᠯᠪᠤᠨ ᠰᠡᠳᠭᠢᠭᠦ ᠪᠠᠷ ᠴᠢᠳᠠᠮᠠᠭ᠂ ᠴᠡᠭᠡᠵᠢᠯᠡᠭᠦ | ᠴᠢᠳᠠᠪᠦᠷᠢ ᠪᠠᠷ ᠰᠠᠶᠢᠨ ᠪᠤᠯᠳᠠᠭ ᠭᠡᠲᠡᠭ ᠦᠭᠡ ᠲᠠᠢ ᠪᠤᠯᠬᠤᠷ ᠭᠡᠤᠭᠡᠳ ᠪᠠᠭᠠᠴᠤᠳ ᠤᠨ ᠪᠠᠶ᠎ᠠ ᠰᠡᠳᠭᠢᠴᠡ ᠶᠢᠨ | ᠭᠦᠭᠵᠢᠯᠲᠠ ᠳᠤ ᠲᠡᠩᠭᠡᠭᠦᠷᠡᠯ ᠪᠤᠯᠳᠠᠭ᠃ ︵ᠲᠦᠷᠪᠡ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠭᠤᠸ᠎ᠠ | ᠵᠦᠢ ᠶᠢᠨ ᠭᠦᠮᠦᠵᠢᠯ ᠭᠦᠷᠲᠡᠭᠡᠲᠡᠭ ᠮᠠᠯᠴᠢᠨ ᠲᠦᠮᠠᠨ ︽ᠱᠠᠭ᠎ᠠ ᠰᠠᠶᠢᠬᠠᠨ ᠮᠦᠯᠵᠢᠪᠡᠯ ᠰᠠᠶᠢᠨ ᠠᠭᠳᠠ ᠤᠨᠤᠨ᠎ᠠ᠂ | ᠪᠤᠷᠪᠢ ᠰᠠᠶᠢᠬᠠᠨ ᠮᠦᠯᠵᠢᠪᠡᠯ ᠰᠠᠶᠢᠨ ᠠᠳᠠ ᠤᠨᠤᠨ᠎ᠠ︾ ᠭᠡᠮᠡᠨ ᠱᠠᠭ᠎ᠠ ᠶᠢ ᠴᠡᠪᠡᠷ ᠰᠠᠶᠢᠬᠠᠨ ᠮᠦᠯᠵᠢᠨ ᠴᠠᠶᠢᠯᠭᠠᠳᠠᠭ | ᠵᠤᠷᠰᠢᠯ ᠲᠠᠢ᠃ ︽ᠱᠠᠭ᠎ᠠ ᠠᠷᠪᠢᠨ ᠬᠤᠷᠢᠶᠠᠪᠠᠯ ᠮᠠᠯ ᠦᠨᠢᠷ ᠦᠰᠲᠡᠭ︾ ᠭᠡᠮᠡᠨ ᠱᠠᠭ᠎ᠠ ᠶᠢ ᠭᠡᠭᠡᠵᠦ ᠬᠠᠶᠠᠯ | ᠦᠭᠡᠢ ᠪᠠᠷ ᠲᠤᠰᠬᠠᠢ ᠭᠤᠶᠤ ᠰᠠᠶᠢᠬᠠᠨ ᠰᠢᠷᠢᠮᠡᠯ ᠤᠭᠤᠳᠠ ᠪᠤᠶᠤ ᠤᠭᠠᠯᠵᠠᠨ ᠭᠡ ᠲᠠᠢ ᠠᠪᠳᠠᠷ᠎ᠠ ᠳᠤ ᠬᠤᠷᠢᠶᠠᠨ | ᠬᠠᠳᠠᠭᠠᠯᠠᠬᠤ᠂ ᠬᠠᠳᠠᠨ ᠤ ᠬᠠᠭ ᠪᠤᠶᠤ ᠪᠤᠰᠤᠳ ᠵᠦᠢᠯ ᠤᠨ ᠪᠤᠳᠤᠭ ᠢᠶᠠᠷ ᠱᠠᠭ᠎ᠠ ᠪᠠᠨ ᠪᠤᠳᠤᠵᠤ ᠤᠯᠠᠨ | ᠦᠩᠭᠡ ᠶᠢᠨ ᠭᠤᠶᠤ ᠱᠠᠭ᠎ᠠ ᠪᠤᠯᠭᠠᠨ ᠨᠠᠭᠠᠳᠳᠠᠭ᠃ ᠦᠩᠭᠡ ᠪᠤᠳᠤᠭ ᠲᠠᠢ ᠱᠠᠭ᠎ᠠ ᠪᠠᠷ ᠤᠯᠠᠨ ᠭᠦᠮᠦᠨ ᠮᠤᠷᠢ | ᠤᠷᠤᠯᠳᠤᠬᠤ ᠳᠤ ᠭᠡᠨ ᠤ ᠵᠢᠷᠤᠭ᠎ᠠ ᠬᠠᠷ᠎ᠠ᠂ ᠭᠡᠨ ᠤ ᠬᠤᠷᠳᠤᠨ ᠵᠡᠭᠡᠷᠲᠡ᠂ ᠭᠡᠨ ᠤ ᠤᠷᠤᠭ᠎ᠠ ᠰᠢᠷᠭ᠎ᠠ ᠭᠡᠮᠡᠨ | ᠨᠡᠷᠡᠯᠡᠵᠦ᠂ ᠲᠡᠮᠡᠭᠡ ᠤᠷᠤᠯᠳᠤᠬᠤ ᠳᠤ ᠭᠡᠨ ᠤ ᠲᠤᠭᠰᠢᠨ ᠭᠦᠭᠡ ᠲᠡᠷᠢᠭᠦᠯᠡᠵᠦ᠂ ᠭᠡᠨ ᠤ ᠰᠤᠯᠢᠪᠤ ᠰᠢᠷ᠎ᠠ ᠠᠮᠠᠨ | ᠭᠦᠵᠦᠭᠦᠨ ᠳᠤ ᠢᠷᠡᠯ᠎ᠡ᠂ ᠭᠡᠨ ᠤ ᠵᠤᠵᠢᠭ ᠬᠠᠷ᠎ᠠ ᠪᠠᠶᠠᠨ ᠬᠤᠳᠤᠭᠠᠳᠤ ᠪᠤᠯᠤᠯ᠎ᠠ ᠭᠡᠭᠦᠴᠢᠯᠡᠨ ᠭᠦᠷ ᠨᠡᠷᠭᠢᠶᠠᠨ | ᠪᠤᠯᠳᠠᠭ᠃ ᠭᠡᠤᠭᠡᠳ ᠢᠶᠠᠷ ᠱᠠᠭ᠎ᠠ ᠪᠠᠷ ᠠᠯᠳᠠᠨ ᠮᠡᠯᠡᠭᠡᠢ ᠦᠷᠦᠭᠦᠯᠵᠦ ᠭᠡᠨ ᠭᠡᠨ ᠨᠢ ᠭᠤᠶᠤ ᠰᠠᠶᠢᠬᠠᠨ | ᠦᠷᠦᠭᠰᠡᠨ ᠢ ᠨᠢ ᠠᠳᠠᠯᠢᠳᠬᠠᠳᠠᠭ᠃ ᠡᠲᠡᠭᠡᠷ ᠱᠠᠭ᠎ᠠ ᠨᠠᠭᠠᠳᠤᠮ ᠤᠨ ᠶᠠᠪᠤᠴᠠ ᠳᠤ ᠭᠡᠤᠭᠡᠳ ᠪᠠᠭᠠᠴᠤᠳ ᠭᠤᠸ᠎ᠠ | ᠵᠦᠢ ᠶᠢᠨ ᠭᠦᠮᠦᠵᠢᠯ ᠭᠦᠷᠲᠡᠨ ᠭᠤᠸ᠎ᠠ ᠰᠠᠶᠢᠬᠠᠨ ᠤ ᠲᠤᠬᠠᠢ ᠦᠯᠡᠮᠵᠢ ᠦᠢᠯᠠᠭᠠᠮᠵᠢ ᠲᠠᠢ ᠪᠤᠯᠵᠤ ᠦᠢᠯᠡ ᠶᠠᠪᠤᠳᠠᠯ᠂ | ᠭᠦᠲᠡᠯᠦᠯ ᠪᠠᠷᠢᠯᠠᠯ ᠤᠨ ᠲᠤᠮᠳᠠ ᠪᠠᠨ ᠶᠠᠭᠤᠮ᠎ᠠ ᠭᠡᠤᠮᠡ ᠪᠠᠨ ᠡᠪᠲᠡᠢ ᠲᠢᠭ ᠲᠠᠢ ᠬᠤᠷᠢᠶᠠᠵᠤ ᠲᠠᠯᠪᠢᠬᠤ᠂ ᠴᠡᠪᠡᠷ | ᠠᠷᠢᠭᠤᠨ ᠢ ᠡᠷᠭᠢᠮᠯᠡᠭᠦ ᠵᠠᠩ ᠠᠷᠠᠨᠰᠢᠨ ᠲᠠᠢ ᠪᠤᠯᠵᠤ ᠭᠦᠮᠦᠵᠢᠲᠡᠭ᠃ ᠢᠯᠠᠩᠭᠤᠶ᠎ᠠ ᠤᠷᠴᠢᠮ ᠤᠨ ᠵᠢᠯ ᠤᠳ ᠲᠤ᠂ | ᠱᠠᠭ᠎ᠠ ᠤᠷᠠᠯᠠᠯ ᠤᠨ ᠦᠢᠯᠡᠰ ᠭᠦᠭᠵᠢᠭᠰᠡᠨ ᠠᠴᠠ ᠭᠡᠤᠭᠡᠳ ᠪᠠᠭᠠᠴᠤᠳ ᠱᠠᠭ᠎ᠠ ᠨᠠᠭᠠᠳᠤᠮ ᠳᠤ ᠨᠡᠩ ᠲᠤᠷ᠎ᠠ | ᠪᠠᠬ᠎ᠠ ᠲᠠᠢ ᠪᠤᠯᠵᠤ᠂ ᠱᠠᠭ᠎ᠠ ᠶᠢᠨ ᠲᠤᠬᠠᠢ ᠦᠢᠯᠠᠭᠠᠯᠳᠠ ᠲᠠᠨᠢᠯᠳᠠ ᠪᠠᠷ ᠦ᠋ᠨᠵᠡᠭᠡᠢ ᠪᠤᠯᠵᠤ ᠱᠠᠭ᠎ᠠ ᠴᠤᠭᠯᠠᠭᠤᠯᠤᠨ | ᠬᠤᠷᠢᠶᠠᠵᠤ ᠬᠠᠳᠠᠭᠠᠯᠠᠬᠤ᠂ ᠱᠠᠭ᠎ᠠ ᠨᠠᠭᠠᠳᠬᠤ᠂ ᠱᠠᠭ᠎ᠠ ᠪᠠᠷ ᠭᠤᠶᠤ ᠰᠠᠶᠢᠬᠠᠨ ᠤᠷᠠᠯᠠᠯ ᠪᠦᠲᠦᠭᠡᠯ ᠤᠷᠠᠯᠠᠬᠤ | ᠪᠤᠯᠵᠡᠢ᠃ ᠱᠠᠭ᠎ᠠ ᠤᠷᠠᠯᠠᠯ ᠨᠢ ᠭᠡᠤᠭᠡᠳ ᠪᠠᠭᠠᠴᠤᠳ ᠲᠤ ᠨᠡᠩ ᠦᠷᠭᠡᠨ ᠭᠡᠪᠴᠢᠶᠡᠨ ᠤ ᠭᠤᠸ᠎ᠠ ᠰᠠᠶᠢᠬᠠᠨ ᠤ | ᠲᠠᠭᠠᠰᠢᠶᠠᠯ ᠢ ᠠᠪᠴᠢᠷᠠᠭᠰᠠᠨ ᠠᠴᠠ ᠱᠠᠭ᠎ᠠ ᠪᠠᠨ ᠭᠢᠮᠠᠭᠠᠳᠠᠨ ᠬᠠᠶᠢᠷᠠᠯᠠᠬᠤ᠂ ᠲᠤᠷ᠎ᠠ ᠰᠤᠨᠢᠷᠬᠠᠯ ᠲᠠᠢ ᠵᠦᠢᠯᠡᠰ ᠢᠶᠠᠨ | ᠱᠠᠭ᠎ᠠ ᠪᠠᠷ ᠤᠷᠠᠯᠠᠨ ᠪᠤᠳᠤᠭᠰᠠᠨ ᠰᠠᠨᠠᠭᠰᠠᠨ᠂ ᠭᠦᠰᠡᠨ ᠵᠦᠩᠨᠡᠭᠰᠡᠨ ᠢᠶᠠᠨ ᠢᠯᠡᠳᠭᠡᠲᠡᠭ᠃ ᠠᠪᠤ ᠡᠵᠢ ᠨᠢ | ᠭᠡᠤᠭᠡᠳ ᠤᠨ ᠢᠶᠠᠨ ᠱᠠᠭ᠎ᠠ ᠤᠷᠠᠯᠠᠯ ᠢ ᠤᠷᠠᠯᠠᠬᠤ ᠶᠠᠪᠤᠴᠠ ᠳᠤ ᠶᠤᠰᠤ ᠵᠠᠩᠰᠢᠯ ᠤᠨ ᠵᠦᠢᠯᠡᠰ ᠤᠨ ᠭᠤᠸ᠎ᠠ ᠵᠦᠢ ᠶᠢ | ᠭᠡᠤᠭᠡᠳ ᠲᠡᠭᠡᠨ ᠤᠯᠠᠮᠵᠢᠯᠠᠨ ᠲᠠᠨᠢᠭᠤᠯᠳᠠᠭ᠃ ᠵᠢᠱᠢᠶᠡᠯᠡᠪᠡᠯ᠂ ᠱᠠᠭ᠎ᠠ ᠪᠠᠷ ᠪᠦᠲᠦᠨ ᠭᠡᠷ ᠤᠷᠠᠯᠠᠬᠤ ᠳᠤ ᠴᠠᠭᠠᠨ | ᠦᠩᠭᠡ ᠪᠠᠷ ᠤᠷᠠᠯᠠᠬᠤ ᠠᠴᠠ ᠪᠢᠰᠢ᠂ ᠬᠠᠷᠢᠨ ᠬᠠᠷ᠎ᠠ ᠦᠩᠭᠡ ᠪᠠᠷ ᠤᠷᠠᠯᠠᠬᠤ ᠦᠭᠡᠢ ᠭᠡᠭᠦ ᠮᠡᠲᠦ ᠪᠠᠷ ᠠᠪᠤ ᠡᠵᠢ ᠨᠢ | ᠭᠡᠤᠭᠡᠳ ᠲᠡᠭᠡᠨ ᠶᠤᠰᠤ ᠵᠠᠩᠰᠢᠯ ᠵᠠᠩ ᠳᠠᠳᠬᠠᠯ ᠤᠨ ᠲᠠᠯ᠎ᠠ ᠪᠠᠷ ᠭᠤᠸ᠎ᠠ ᠵᠦᠢ ᠶᠢᠨ ᠭᠦᠮᠦᠵᠢᠯ ᠭᠦᠷᠲᠡᠭᠡᠲᠡᠭ | ᠪᠠᠶᠢᠨ᠎ᠠ᠃ ︵ᠲᠠᠪᠤ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠠᠵᠢᠯᠴᠢ ᠠᠷᠪᠢᠴᠢ ᠶᠢᠨ ᠭᠦᠮᠦᠵᠢᠯ | ᠭᠦᠷᠲᠡᠭᠡᠲᠡᠭ ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠦᠢᠯᠡᠳᠪᠦᠷᠢᠯᠡᠯ ᠢᠶᠠᠷ ᠪᠦᠭᠦ᠋ᠢᠯᠡ ᠠᠭᠤᠯᠭ᠎ᠠ ᠪᠠᠨ | ᠪᠤᠯᠭᠠᠭᠰᠠᠨ ᠪᠠᠶᠢᠳᠠᠭ᠃ ᠮᠤᠷᠢ ᠤᠷᠤᠯᠳᠤᠬᠤ᠂ ᠲᠡᠮᠡᠭᠡ ᠤᠷᠤᠯᠳᠤᠬᠤ ᠠᠴᠠ ᠡᠭᠢᠯᠡᠨ ᠲᠠᠪᠤᠨ ᠬᠤᠰᠢᠭᠤ ᠮᠠᠯ | ᠦᠰᠭᠡᠭᠦ᠂ ᠠᠳᠤᠭᠤ ᠬᠠᠷᠢᠭᠤᠯᠬᠤ᠂ ᠬᠤᠨᠢ ᠬᠤᠯᠪᠤᠬᠤ᠂ ᠭᠡᠭᠦᠦ ᠰᠠᠭᠠᠬᠤ᠂ ᠠᠶᠠᠨ ᠭᠢᠭᠦ ᠵᠡᠷᠭᠡ ᠳᠤ ᠭᠦᠷᠲᠡᠯ᠎ᠡ ᠮᠠᠯ | ᠮᠠᠯᠵᠢᠯ ᠤᠨ ᠪᠦᠭᠦ ᠠᠭᠤᠯᠭ᠎ᠠ ᠶᠢ ᠪᠠᠭᠳᠠᠭᠠᠭᠰᠠᠨ ᠪᠠᠶᠢᠳᠠᠭ ᠪᠤᠯᠬᠤᠷ ᠨᠠᠭᠠᠳᠤᠮ ᠤᠨ ᠶᠠᠪᠤᠴᠠ ᠳᠤ ᠭᠡᠤᠭᠡᠳ | ᠪᠠᠭᠠᠴᠤᠳ ᠶᠡᠭᠡᠴᠤᠤᠯ ᠠᠴᠠ ᠮᠠᠯ ᠮᠠᠯᠵᠢᠯ ᠤᠨ ᠠᠵᠢᠯ ᠭᠦᠲᠡᠯᠮᠤᠷᠢ ᠵᠢᠴᠢ ᠲᠡᠭᠦᠨ ᠤ ᠤᠷ᠎ᠠ ᠤᠬᠠᠭᠠᠨ ᠢ ᠰᠤᠷᠴᠤ | ᠮᠡᠲᠡᠲᠡᠭ᠃ ᠡᠭᠦᠨ ᠤ ᠤᠯᠠᠮ ᠠᠴᠠ ᠪᠤᠯᠵᠤ ᠭᠡᠤᠭᠡᠳ ᠪᠠᠭᠠᠴᠤᠳ ᠮᠠᠯ ᠮᠠᠯᠵᠢᠯ ᠤᠨ ᠠᠵᠢᠯ ᠭᠦᠲᠡᠯᠮᠤᠷᠢ ᠳᠤ ᠲᠤᠷ᠎ᠠ | ᠪᠠᠬ᠎ᠠ ᠲᠠᠢ ᠪᠤᠯᠵᠤ ᠭᠦᠲᠡᠯᠮᠤᠷᠢ ᠶᠢ ᠡᠷᠭᠢᠮᠯᠡᠭᠦ ᠲᠠᠨᠢᠯᠳᠠ ᠲᠠᠢ ᠪᠤᠯᠳᠠᠭ᠃ ᠮᠥᠨ ᠡᠭᠦᠨ ᠳᠡᠭᠡᠨ ᠰᠠᠭᠤᠷᠢᠯᠠᠨ | ᠶᠠᠭᠤᠮ᠎ᠠ ᠪᠠᠨ ᠭᠠᠮᠨᠠᠨ ᠠᠷᠪᠢᠯᠠᠬᠤ᠂ ᠭᠦᠲᠡᠯᠮᠤᠷᠢ ᠶᠢᠨ ᠦᠷ᠎ᠡ ᠪᠦᠲᠦᠭᠡᠯ ᠢᠶᠠᠨ ᠬᠠᠶᠢᠷᠠᠯᠠᠨ ᠭᠠᠮᠨᠠᠬᠤ ᠵᠡᠷᠭᠡ ᠭᠡᠪ | ᠰᠤᠷᠳᠠᠯ ᠲᠠᠢ ᠪᠤᠯᠳᠠᠭ ᠶᠤᠮ᠃ ᠪᠠᠭᠴᠠᠯᠠᠪᠠᠯ᠂ ᠮᠠᠯᠴᠢᠨ ᠲᠦᠮᠠᠨ ᠤ ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ | ᠭᠦᠮᠦᠵᠢᠯ ᠨᠢ ᠨᠢᠭᠡ ᠭᠡᠰᠡᠭ ᠭᠠᠵᠠᠷ ᠨᠤᠳᠤᠭ ᠪᠤᠶᠤ ᠭᠡᠲᠦᠭᠡᠨ ᠤᠪᠤᠭ ᠠᠶᠢᠮᠠᠭ ᠤᠨ ᠭᠡᠪᠴᠢᠶᠡᠨ ᠳᠤ | ᠭᠢᠵᠠᠭᠠᠷᠯᠠᠭᠳᠠᠭᠰᠠᠨ ᠪᠢᠰᠢ ᠪᠠᠶᠢᠵᠤ᠂ ᠬᠠᠷᠢᠨ ᠪᠦᠭᠦ᠋ᠢᠯᠡ ᠮᠤᠩᠭᠤᠯ ᠲᠤᠭᠤᠷᠭᠠᠳᠠᠨ ᠤ ᠭᠡᠪᠴᠢᠶᠠᠨ ᠳᠤ ᠲᠦᠭᠡᠮᠡᠯᠵᠢᠨ | ᠲᠡᠯᠭᠡᠷᠡᠵᠤ ᠨᠡᠶᠢᠲᠡ ᠮᠤᠩᠭᠤᠯᠴᠤᠳ ᠤᠨ ᠭᠡᠷ ᠤᠨ ᠭᠦᠮᠦᠵᠢᠯ ᠤᠨ ᠠᠮᠢᠳᠤᠯᠢᠭ ᠠᠷᠭ᠎ᠠ ᠭᠡᠷᠡᠭᠯᠡᠭᠦᠷ ᠪᠤᠯᠵᠡᠢ᠃ | ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ ᠭᠦᠮᠦᠵᠢᠯ ᠨᠢ ᠮᠢᠩᠭ᠎ᠠ ᠲᠦᠮᠡᠨ ᠤᠨ ᠵᠢᠯ ᠢ ᠡᠯᠡᠭᠡᠨ ᠵᠠᠭᠤᠨ ᠵᠠᠭᠤᠨ ᠦᠶ᠎ᠡ | ᠤᠳᠤᠮ ᠢ ᠳᠠᠮᠵᠢᠨ ᠦᠨᠦᠲᠦᠷ ᠲᠤ ᠭᠦᠷᠴᠦ ᠢᠷᠡᠭᠰᠡᠨ ᠨᠢ ᠭᠠᠶᠢᠬᠠᠮᠰᠢᠭ ᠲᠠᠢ ᠮᠦᠷᠲᠡᠭᠡᠨ ᠪᠢᠰᠢᠷᠡᠭᠦᠰᠢᠲᠡᠢ ᠰᠠᠨ᠃ | ᠰᠢᠨᠵᠢᠯᠡᠭᠡ ᠮᠡᠷᠭᠡᠵᠢᠯ ᠲᠦᠷᠭᠡᠨ ᠭᠦᠭᠵᠢᠵᠤ ᠤᠳᠤᠭᠢᠴᠢᠯᠠᠭᠰᠠᠨ ᠰᠤᠷᠭᠠᠨ ᠭᠦᠮᠦᠵᠢᠯ ᠢ ᠭᠡᠷᠡᠭᠯᠡᠭᠰᠡᠨ ᠦᠨᠦᠲᠦᠷ ᠴᠦ | ᠭᠡᠳ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ ᠭᠦᠮᠦᠵᠢᠯ ᠢ ᠮᠥᠨ ᠶᠡᠭᠡᠪᠠᠷ ᠱᠠᠭᠠᠷᠳᠠᠭᠳᠠᠵᠤ | ᠪᠠᠶᠢᠳᠠᠭ ᠠᠴᠠ ᠦᠵᠡᠭᠦ ᠳᠤ᠂ ᠲᠡᠷᠡ ᠨᠢ ᠮᠠᠰᠢ ᠶᠡᠭᠡ ᠠᠮᠢᠳᠤᠷᠠᠬᠤ ᠭᠦᠴᠦᠨ ᠲᠠᠢ ᠪᠠᠶᠢᠳᠠᠭ ᠲᠤ ᠪᠤᠢ᠃ | ᠡᠶᠢᠮᠦ ᠠᠴᠠ᠂ ᠱᠠᠭ᠎ᠠ ᠪᠣᠯ ᠤᠯᠠᠮᠵᠢᠯᠠᠯᠳᠤ ᠭᠡᠷ ᠤᠨ ᠭᠦᠮᠦᠵᠢᠯ ᠤᠨ ᠠᠮᠢᠳᠤᠯᠢᠭ ᠵᠠᠭᠪᠤᠷᠢ ᠮᠦᠷᠲᠡᠭᠡᠨ ᠴᠡᠴᠡᠨ | ᠤᠬᠠᠭᠠᠨ ᠮᠥᠨ᠂ ᠶᠤᠰᠤᠲᠠᠢ ᠮᠤᠩᠭᠤᠯ ᠤᠬᠠᠭᠠᠨ ᠤ ᠠᠪᠤᠷᠭᠤ ᠭᠦᠴᠦᠨ ᠴᠢᠳᠠᠯ ᠢ ᠬᠠᠷᠠᠭᠤᠯᠤᠭᠰᠠᠨ ᠪᠤᠳᠠᠳᠤ | ᠢᠯᠡᠷᠡᠭᠦᠨ ᠪᠤᠯᠬᠤ ᠶᠤᠮ᠃ ᠱᠠᠭ᠎ᠠ ᠨᠠᠭᠠᠳᠤᠮ ᠪᠣᠯ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ | ᠭᠦᠮᠦᠵᠢᠯ ᠤᠨ ᠰᠤᠷᠭᠠᠨ ᠭᠦᠮᠦᠵᠢᠭᠦᠯᠭᠦ ᠤᠬᠠᠭᠠᠨ ᠪᠠᠶᠢᠵᠤ᠂ ᠭᠡᠤᠭᠡᠳ ᠪᠠᠭᠠᠴᠤᠳ ᠲᠤ ᠭᠦᠮᠦᠵᠢᠯ ᠭᠦᠷᠲᠡᠭᠡᠭᠦ | ᠤᠷᠠᠨ ᠠᠷᠭ᠎ᠠ ᠰᠠᠮᠪᠠᠭ᠎ᠠ ᠪᠤᠯᠬᠤ ᠶᠤᠮ᠃ ᠱᠠᠭ᠎ᠠ ᠨᠠᠭᠠᠳᠤᠮ ᠨᠢ ᠡᠷᠲᠡᠨ ᠠᠴᠠ ᠠᠪᠤᠭᠠᠳ ᠭᠡᠷ ᠤᠨ ᠭᠦᠮᠦᠵᠢᠯ ᠤᠨ | ᠬᠢᠴᠢᠶᠡᠯᠯᠡᠭᠡ ᠪᠤᠯᠬᠤ ᠪᠠᠷ ᠦᠯᠦ ᠪᠠᠷᠠᠮ᠂ ᠤᠳᠤ ᠴᠦ ᠭᠡᠰᠡᠨ ᠭᠡᠷ ᠤᠨ ᠭᠦᠮᠦᠵᠢᠯ ᠤᠨ ᠴᠢᠬᠤᠯᠠ ᠨᠡᠭᠡᠭᠡᠯᠲᠡ ᠶᠢᠨ | ᠭᠡᠪ ᠮᠠᠶ᠋ᠢᠭᠳᠤ ᠲᠠᠪᠴᠠᠩ ᠪᠤᠯᠬᠤ ᠶᠤᠰᠤᠲᠠᠢ᠃ | ᠵᠡᠭᠦᠯᠲᠡ᠄ | ① ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 38 ᠳ᠋ᠤᠭᠠᠷ ᠨᠢᠭᠤᠷ᠃ | ② ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 315 — 318 ᠳ᠋ᠤᠭᠠᠷ ᠨᠢᠭᠤᠷ᠃ | | ③ ᠪᠠᠶᠠᠨ ᠬᠤᠳᠤᠭᠠᠳᠤ ᠭᠡᠲᠡᠭ ᠪᠣᠯ ᠮᠤᠷᠢᠨ ᠤᠷᠤᠯᠳᠤᠭᠠᠨ ᠪᠤᠶᠤ ᠲᠡᠮᠡᠭᠡᠨ ᠤᠷᠤᠯᠳᠤᠭᠠᠨ ᠤ ᠠᠳᠠᠭ ᠤᠷᠤᠭᠰᠠᠨ ᠢ | ᠪᠠᠶᠠᠨ ᠬᠤᠳᠤᠭᠠᠳᠤ ᠭᠡᠮᠡᠨ ᠰᠢᠭᠢᠷ ᠴᠢᠪᠠᠭ᠎ᠠ ᠪᠠᠷ ᠱᠠᠩᠨᠠᠨ ᠵᠤᠷᠢᠭᠵᠢᠭᠤᠯᠳᠠᠭ᠃ ④ ᠪᠦᠲᠦᠨ ᠭᠡᠷ ᠭᠡᠲᠡᠭ ᠪᠣᠯ | ᠶᠡᠷᠦᠲᠡᠭᠡᠨ ᠲᠡᠷᠢᠮ ︵ᠬᠠᠨ᠎ᠠ︶ ᠲᠠᠢ ᠮᠤᠩᠭᠤᠯ ᠭᠡᠷ ᠢ ᠵᠢᠭᠠᠳᠠᠭ᠃ ᠠᠰᠢᠭᠯᠠᠭᠰᠠᠨ ᠨᠤᠮ ᠵᠦᠢ᠄ 1. ᠳ᠋᠊ · | ᠴᠠᠭᠠᠨ ᠤ ︽ᠮᠤᠩᠭᠤᠯ ᠭᠦᠮᠦᠨ ᠤ ᠢᠵᠠᠭᠤᠷ ᠲᠤᠭᠯᠠᠭᠠᠮ — ᠱᠠᠭ᠎ᠠ︾᠂ ᠦᠪᠦᠷ ᠮᠤᠩᠭᠤᠯ ᠤᠨ ᠠᠷᠠᠳ ᠤᠨ | ᠭᠡᠪᠯᠡᠯ ᠤᠨ ᠬᠤᠷᠢᠶ᠎ᠠ᠂ 2001 ᠤᠨ᠃ 2. ᠳ᠋᠊ · ᠴᠠᠭᠠᠨ ᠤ ︽ᠱᠠᠭ᠎ᠠ ᠲᠤᠭᠯᠠᠭᠠᠮ︾ ᠦᠪᠦᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠠ᠂ 2013 ᠤᠨ᠃ 3. ᠪᠤᠷᠵᠢᠭᠢᠨ ᠠ᠊ · ᠯᠾᠠᠮᠤᠵᠠᠪ ᠤᠨ ︽ᠮᠤᠩᠭᠤᠯ ᠵᠠᠩ | ᠠᠭᠠᠯᠢ — ᠭᠡᠷ ᠤᠨ ᠰᠤᠷᠭᠠᠯ ᠶᠤᠰᠤᠨ︾᠂ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ | 2008 ᠤᠨ᠃ 4. ᠽ᠊ · ᠤᠳᠪᠠᠭᠮᠠᠳ ᠤᠨ ︽ᠮᠤᠩᠭᠤᠯ ᠠᠷᠠᠳ ᠤᠨ ᠭᠦᠨᠲᠦᠯᠡᠭᠦ᠂ ᠮᠡᠨᠲᠦᠯᠡᠭᠦ᠂ ᠲᠠᠯᠠᠷᠬᠠᠬᠤ | ᠶᠤᠰᠤ︾᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1986 ᠤᠨ᠃ 5. ᠬ᠊ · | ᠰᠠᠮᠫᠢᠯᠳᠠᠨᠳᠠᠪ ᠤᠨ ︽ᠡᠷᠦᠭᠡ ᠭᠡᠷ ᠤᠨ ᠮᠤᠩᠭᠤᠯ ᠶᠤᠰᠤᠨ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2002 | ᠤᠨ᠃ 6. ᠭᠡᠷᠡᠶᠢᠳ ᠪᠠᠭᠢᠪᠠᠳᠤ ᠶᠢᠨ ︽ᠮᠤᠩᠭᠤᠯ ᠨᠠᠭᠠᠳᠤᠮ ᠤᠨ ᠤᠴᠢᠷ︾᠂ ᠦᠪᠦᠷ ᠮᠤᠩᠭᠤᠯ ᠤᠨ ᠠᠷᠠᠳ ᠤᠨ | ᠭᠡᠪᠯᠡᠯ ᠤᠨ ᠬᠤᠷᠢᠶ᠎ᠠ᠂ 2009 ᠤᠨ᠃ 7. ᠨ᠊ · ᠰᠧᠷᠡᠩ ᠤᠨ ︽ᠮᠤᠩᠭᠤᠯ ᠤᠨ ᠤᠯᠠᠮᠵᠢᠯᠠᠯᠳᠤ ᠤᠷᠤᠭ ᠭᠡᠷ | ᠪᠦᠯᠢ ᠶᠢᠨ ᠶᠤᠰᠤ ᠰᠤᠷᠳᠠᠬᠤᠨ ᠤ ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2009 ᠤᠨ᠃ 8. | ᠳ᠋ᠧ ᠴᠢᠤᠸᠠᠨ ᠤ ᠭᠤᠤᠯᠯᠠᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠤᠯᠠᠮᠵᠢᠯᠠᠯᠳᠤ ᠰᠤᠶᠤᠯ ᠤᠨ ᠲᠦᠢᠮᠦ | ︾᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1999 ᠤᠨ᠃ 9. ᠴᠤᠭᠪᠤᠶᠠᠨ ᠤ | ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾᠂ | ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠃ | |