ᠵᠤᠨ ᠴᠠᠭ ᠪᠡᠶ᠎ᠡ ᠶᠢᠨ ᠲᠠᠮᠢᠷ ᠤᠨ ᠪᠤᠯᠪᠠᠰᠤᠷᠠᠯ ᠳᠤ ᠤᠷᠤᠯᠴᠠᠬᠤ ᠳᠤ ᠡᠳᠡᠬᠡᠷ ᠵᠤᠶᠢᠯ ᠢ ᠠᠩᠬᠠᠷᠤᠭᠠᠷᠠᠢ
ᠨᠡᠶᠢᠲᠡᠯᠡᠭᠰᠡᠨ ᠴᠠᠭ᠄
2023/6/15
     ᠵᠤᠨ ᠴᠠᠭ ᠪᠡᠶ᠎ᠡ ᠶᠢᠨ ᠲᠠᠮᠢᠷ ᠤᠨ ᠪᠤᠯᠪᠠᠰᠤᠷᠠᠯ ᠳᠤ ᠤᠷᠤᠯᠴᠠᠬᠤ ᠳᠤ ᠳᠠᠷᠠᠭᠠᠬᠢ 3 ᠵᠠᠷᠴᠢᠮ ᠢ ᠪᠠᠷᠢᠮᠲᠠᠯᠠᠭᠠᠷᠠᠢ     ᠲᠤᠬᠢᠷᠠᠮᠵᠢᠲᠠᠢ ᠴᠠᠭ      ᠬᠠᠮᠤᠭ ᠰᠠᠶᠢᠨ ᠨᠢ ᠦᠷᠯᠦᠬᠡ ᠪᠤᠶᠤ ᠦᠳᠡᠰᠢ ᠪᠡᠶ᠎ᠡ ᠶᠢᠨ ᠲᠠᠮᠢᠷ ᠤᠨ ᠪᠤᠯᠪᠠᠰᠤᠷᠠᠯ ᠳᠤ ᠤᠷᠤᠯᠴᠠᠵᠤ᠂ ᠡᠰᠡᠪᠡᠯ ᠠᠭᠠᠷ ᠤᠨ ᠳᠤᠯᠠᠭᠠᠨ ᠨᠢ 25 ᠼᠧᠯᠰ ᠭᠷᠠᠳᠦ᠋ᠰ ᠤᠷᠴᠢᠮ᠂ ᠴᠢᠬᠢᠭᠳᠦᠴᠡ ᠨᠢ 70 %᠎ ᠠᠴᠠ ᠳᠤᠷᠤᠭᠰᠢ ᠤᠷᠴᠢᠨ ᠲᠤᠭᠤᠷᠢᠨ ᠳᠤ ᠠᠯᠬᠤᠬᠤ᠂ ᠭᠦᠶᠦᠬᠦ᠂ ᠤᠮᠪᠠᠭ᠋ᠤ ᠵᠡᠷᠭᠡ ᠪᠡᠶ᠎ᠡ ᠶᠢᠨ ᠲᠠᠮᠢᠷ ᠤᠨ ᠭᠦᠳᠡᠯᠬᠡᠬᠡᠨ ᠳᠤ ᠤᠷᠤᠯᠴᠠᠵᠤ ᠪᠤᠯᠤᠨ᠎ᠠ᠃      ᠡᠨᠡ ᠦᠶ᠎ᠡ ᠶᠢᠨ ᠨᠠᠷᠠᠨ ᠤ ᠭᠡᠷᠡᠯ ᠬᠤᠷᠴᠠ ᠪᠢᠰᠢ ᠤᠴᠢᠷ ᠠᠴᠠ ᠬᠦᠷᠢᠨ ᠤ ᠭᠠᠳᠠᠨᠠᠬᠢ ᠲᠤᠶᠠᠭ᠎ᠠ ᠠᠷᠠᠰᠤ ᠎ ᠶᠢ ᠬᠡᠮᠲᠤᠭᠡᠬᠦ ᠠᠴᠠ ᠵᠠᠶᠢᠯᠠᠰᠬᠢᠵᠤ ᠴᠢᠳᠠᠨ᠎ᠠ᠃ ᠦᠳᠡ ᠶᠢᠨ ᠡᠮᠤᠨ᠎ᠡ ᠶᠢᠨ 10 ᠴᠠᠭ ᠠᠴᠠ ᠦᠳᠡ ᠶᠢᠨ ᠬᠤᠶᠢᠨ᠎ᠠ ᠎ ᠶᠢᠨ 4 ᠴᠠᠭ ᠤᠨ ᠬᠤᠭᠤᠷᠤᠨᠳᠤ ᠠᠯᠢ ᠴᠢᠳᠠᠬᠤ ᠪᠠᠷ ᠭᠡᠷ ᠤᠨ ᠭᠠᠳᠠᠨ᠎ᠠ ᠬᠦᠳᠡᠯᠬᠡᠬᠡᠨ ᠬᠢᠬᠦ ᠠᠴᠠ ᠲᠠᠲᠠᠭᠠᠯᠵᠠᠭᠠᠷᠠᠢ      ᠲᠤᠬᠢᠷᠠᠮᠵᠢᠲᠠᠢ ᠭᠠᠵᠠᠷ      ᠭᠡᠷ ᠤᠨ ᠭᠠᠳᠠᠨ᠎ᠠ ᠬᠦᠳᠡᠯᠬᠡᠬᠡᠨ ᠬᠢᠬᠦ ᠶᠢ ᠰᠠᠨᠠᠭᠠᠴᠢᠯᠠᠵᠤ ᠪᠠᠶᠢᠨ᠎ᠠ᠂ ᠵᠢᠱᠢᠶᠡᠯᠡᠪᠡᠯ ᠴᠡᠴᠡᠷᠯᠢᠭ᠂ ᠨᠠᠭᠤᠷ ᠤᠨ ᠬᠦᠪᠡᠭᠡ ᠵᠡᠷᠬᠡ ᠶᠢᠨ ᠦᠷᠬᠡᠨ ᠵᠠᠢ ᠲᠠᠢ᠂ ᠰᠡᠷᠢᠬᠦᠨ ᠵᠢᠪᠠᠷ ᠨᠡᠪᠲᠡᠷᠡᠬᠦ ᠭᠠᠵᠠᠷ ᠪᠤᠯ ᠨᠡᠯᠢᠶᠡᠳ ᠰᠠᠶᠢᠨ ᠪᠡᠶ᠎ᠡ ᠶᠢᠨ ᠲᠠᠮᠢᠷ ᠤᠨ ᠬᠦᠳᠡᠯᠬᠡᠬᠡᠨ ᠬᠢᠬᠦ ᠭᠠᠵᠠᠷ ᠪᠤᠯᠤᠨ᠎ᠠ᠃ ᠭᠠᠳᠠᠭᠰᠢ ᠭᠠᠷᠬᠤ ᠳᠠᠭᠠᠨ ᠮᠠᠯᠠᠭᠠᠢ ᠪᠠ ᠨᠠᠷᠠᠨ ᠰᠢᠯ ᠵᠡᠬᠦᠵᠤ᠂ ᠰᠢᠷᠠᠭᠳᠠᠬᠤ ᠠᠴᠠ ᠰᠡᠷᠭᠡᠶᠢᠯᠡᠬᠦ ᠤ ᠵᠡᠷᠭᠡ ᠶᠢ ᠲᠦᠷᠬᠢᠪᠡᠯ ᠰᠠᠶᠢᠨ᠃      ᠬᠡᠷᠪᠡ ᠵᠦᠪᠬᠡᠨ ᠦᠷᠦᠬᠡᠨ ᠲᠤᠳᠤᠷ᠎ᠠ ᠬᠦᠳᠡᠯᠬᠡᠬᠡᠨ ᠬᠢᠬᠦ ᠳᠤ ᠬᠦᠷᠪᠡᠯ᠂ ᠴᠠᠬᠢᠯᠭᠠᠨ ᠰᠡᠩᠰᠡ ᠪᠤᠶᠤ ᠠᠭᠠᠷ ᠲᠤᠬᠢᠷᠠᠭᠤᠯᠤᠭᠴᠢ ᠶᠢ ᠠᠯᠢ ᠴᠢᠳᠠᠬᠤ ᠪᠠᠷ ᠴᠦᠬᠡᠨ ᠬᠡᠷᠡᠭᠯᠡᠵᠤ᠂ ᠡᠬᠦᠳᠡ ᠴᠤᠩᠬᠤ ᠢᠶᠠᠨ ᠨᠡᠬᠡᠬᠡᠵᠤ᠂ ᠠᠭᠠᠷ ᠢ ᠰᠠᠭᠠᠳ ᠦᠬᠡᠢ ᠨᠡᠪᠲᠡᠷᠡᠬᠦᠯᠦᠨ᠎ᠡ᠃     ᠲᠤᠬᠢᠷᠠᠮᠵᠢᠲᠠᠢ ᠬᠡᠮᠵᠢᠶ᠎ᠡ      ᠤᠳᠠᠭ᠎ᠠ ᠪᠦᠷᠢ ᠶᠢᠨ ᠪᠤᠯᠪᠠᠰᠤᠷᠠᠬᠤ ᠴᠠᠭ ᠢ 1 ᠴᠠᠭ ᠤᠨ ᠳᠤᠲᠤᠷ᠎ᠠ ᠬᠢᠵᠠᠭᠠᠷᠯᠠᠵᠤ᠂ ᠨᠡᠩ ᠤᠷᠲᠤ ᠬᠤᠭᠤᠴᠠᠭ᠎ᠠ ᠪᠤᠯᠪᠠᠰᠤᠷᠠᠬᠤ ᠴᠢᠬᠤᠯᠠ ᠲᠠᠢ ᠪᠤᠯ ᠬᠠᠭᠠᠰ ᠴᠠᠭ ᠪᠤᠯᠪᠠᠰᠤᠷᠠᠭᠰᠠᠨ ᠤ ᠳᠠᠷᠠᠭ᠎ᠠ 5 —10 ᠮᠢᠨᠦ᠋ᠲ ᠠᠮᠠᠷᠠᠵᠤ᠂ ᠳᠠᠬᠢᠨ ᠦᠷᠬᠦᠯᠵᠢᠯᠡᠨ ᠪᠤᠯᠪᠠᠰᠤᠷᠠᠬᠤ ᠶᠢ ᠰᠠᠨᠠᠭᠤᠯᠤᠶ᠎ᠠ᠃      ᠪᠤᠯᠪᠠᠰᠤᠷᠠᠯ ᠬᠢᠬᠡᠳ ᠬᠦᠯᠦᠷᠡᠬᠦ ᠨᠢ ᠪᠡᠶ᠎ᠡ ᠮᠠᠬᠠᠪᠤᠳ ᠤᠨ ᠢᠯᠴᠢ ᠰᠠᠷᠨᠢᠭᠤᠯᠬᠤ ᠴᠢᠳᠠᠪᠤᠷᠢ ᠶᠢ ᠳᠡᠭᠡᠭᠰᠢᠯᠡᠬᠦᠯᠬᠦ ᠳᠤ ᠲᠤᠰᠠᠲᠠᠢ ᠴᠦ ᠬᠡᠲᠤᠷᠡᠲᠡᠯ᠎ᠡ ᠬᠦᠯᠦᠰᠦ ᠭᠠᠷᠬᠤ ᠠᠴᠠ ᠵᠠᠶᠢᠯᠠᠰᠬᠢᠬᠡᠷᠡᠢ᠂ ᠠᠭᠠᠷ ᠤᠨ ᠳᠤᠯᠠᠭᠠᠨ28 ᠼᠧᠯᠰ ᠭᠷᠠᠳᠦ᠋ᠰ ᠠᠴᠠ ᠦᠨᠳᠦᠷ᠂ ᠴᠢᠬᠢᠭ ᠤᠨ ᠬᠡᠮᠵᠢᠶ᠎ᠡ 75 %᠎ ᠠᠴᠠ ᠦᠨᠳᠦᠷ ᠤᠷᠴᠢᠨ ᠲᠤᠭᠤᠷᠢᠨ ᠳᠤ ᠬᠦᠳᠡᠯᠬᠡᠬᠡᠨ ᠤ ᠬᠦᠴᠦᠯᠡᠴᠡ ᠪᠠᠨ ᠪᠠᠭᠠᠰᠬᠠᠵᠤ᠂ ᠨᠠᠷᠠᠰᠢᠬᠤ ᠠᠴᠠ ᠰᠡᠷᠬᠡᠶᠢᠯᠡᠬᠡᠷᠡᠢ᠃      ᠨᠢᠭᠡ ᠤᠳᠠᠭᠠᠨ ᠤ ᠬᠢᠷᠢ ᠲᠡᠩᠴᠡᠭᠰᠡᠨ ᠪᠡᠶ᠎ᠡ ᠶᠢᠨ ᠲᠠᠮᠢᠷ ᠤᠨ ᠪᠤᠯᠪᠠᠰᠤᠷᠠᠯ ᠨᠢ ᠮᠠᠬᠠᠪᠤᠳ ᠤᠨ ᠠᠵᠢᠯᠯᠠᠭ᠎ᠠ ᠎ ᠶᠢ ᠪᠦᠲᠦᠮᠵᠢᠲᠡᠢ ᠪᠠᠷ ᠪᠤᠯᠪᠠᠰᠤᠷᠠᠭᠤᠯᠵᠤ᠂ ᠶᠠᠳᠠᠷᠠᠯ ᠵᠦᠳᠡᠷᠡᠯ ᠢ ᠠᠷᠢᠯᠭᠠᠵᠤ᠂ ᠰᠡᠳᠬᠢᠯ ᠢ ᠪᠠᠶᠠᠰᠬᠠᠳᠠᠭ᠃ ᠰᠢᠨᠵᠢᠯᠡᠬᠦ ᠤᠬᠠᠭᠠᠨᠴᠢ ᠪᠡᠶ᠎ᠡ ᠶᠢᠨ ᠲᠠᠮᠢᠷ ᠤᠨ ᠪᠤᠯᠪᠠᠰᠤᠷᠠᠯ ᠭᠢᠭᠦ ᠠᠴᠠ ᠡᠮᠦᠨ᠎ᠡ ᠡᠳᠡᠬᠡᠷ ᠨᠠᠷᠢᠨ ᠵᠦᠢᠯᠡᠰ ᠢ ᠠᠩᠬᠠᠷᠬᠤ ᠬᠡᠷᠡᠭᠲᠡᠢ᠄      ᠪᠤᠯᠪᠠᠰᠤᠷᠠᠯ ᠬᠢᠬᠦ ᠠᠴᠠ ᠡᠮᠦᠨ᠎ᠡ ᠰᠡᠳᠬᠢᠯ ᠰᠠᠨᠠᠭ᠎ᠠ ᠪᠠᠨ ᠲᠠᠶᠢᠪᠤᠩ ᠪᠠᠶᠢᠯᠭᠠᠨ᠎ᠠ      ᠪᠤᠯᠪᠠᠰᠤᠷᠠᠬᠤ ᠠᠴᠠ ᠪᠠᠨ ᠡᠮᠦᠨ᠎ᠡ ᠤᠷᠢᠳᠠᠪᠠᠷ ᠪᠡᠶ᠎ᠡ ᠰᠡᠳᠬᠢᠯ ᠢᠶᠠᠨ ᠲᠠᠶᠢᠪᠤᠰᠢᠷᠠᠭᠤᠯᠵᠤ᠂ ᠤᠷᠮ᠎ᠠ ᠰᠡᠳᠬᠢᠯᠬᠡ ᠶᠢᠨ ᠲᠤᠭᠲᠠᠪᠤᠷᠢ ᠦᠬᠡᠢ ᠠᠴᠠ ᠪᠤᠯᠵᠤ ᠪᠤᠳᠠᠰ ᠤᠨ ᠰᠤᠯᠢᠯᠴᠠᠭ᠎ᠠ ᠰᠢᠷᠦᠬᠦᠨ ᠬᠤᠪᠢᠷᠠᠯᠲᠠ ᠭᠠᠷᠬᠤ ᠎ ᠠᠴᠠ ᠰᠡᠷᠡᠮᠵᠢᠯᠡᠨ᠎ᠡ᠃     ᠪᠤᠯᠪᠠᠰᠤᠷᠠᠯ ᠬᠢᠵᠤ ᠪᠠᠶᠢᠬᠤ ᠳᠠᠭᠠᠨ ᠵᠦᠪ ᠤᠨᠤᠪᠴᠢᠲᠠᠢ ᠪᠠᠷ ᠤᠰᠤ ᠨᠦᠬᠦᠪᠦᠷᠢᠯᠡᠨ᠎ᠡ      ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠰᠤ ᠨᠦᠬᠦᠪᠦᠷᠢᠯᠡᠵᠤ᠂ ᠤᠳᠠᠭ᠎ᠠ ᠪᠦᠷᠢ 1 —2 ᠪᠠᠯᠭᠤ ᠤᠰᠤ ᠤᠤᠭᠤᠵᠤ᠂ ᠤᠳᠠᠭ᠎ᠠ ᠪᠦᠷᠢ 50 —100 ᠮᠢᠯᠢᠯᠢᠲᠷ ᠤᠤᠭᠤᠵᠤ᠂ ᠠᠮᠠ ᠬᠠᠲᠠᠵᠤ ᠤᠮᠳᠠᠭᠠᠰᠬᠤ ᠲᠦᠷᠦᠭᠳᠡᠯ ᠦᠬᠡᠢ ᠪᠤᠯ ᠪᠤᠯᠴᠢᠬᠠᠨ᠎ᠠ᠃ ᠬᠡᠷᠪᠡ ᠬᠡᠲᠦᠷᠡᠳᠡᠯ᠎ᠡ ᠤᠤᠭᠤᠪᠠᠯ ᠬᠤᠳᠤᠭᠤᠳᠤ ᠭᠡᠳᠡᠰᠤᠨ ᠤ ᠳᠠᠷᠤᠭᠠᠰᠤ ᠬᠦᠨᠳᠦᠷᠡᠵᠤ᠂ ᠪᠡᠶ᠎ᠡ ᠶᠢᠨ ᠲᠠᠮᠢᠷ ᠤᠨ ᠪᠤᠯᠪᠠᠰᠤᠷᠠᠯ ᠬᠢᠵᠤ ᠪᠠᠶᠢᠬᠤ ᠳᠤ᠂ ᠲᠠᠭ᠎ᠠ ᠦᠬᠡᠢ ᠪᠠᠶᠢᠳᠠᠯ ᠲᠦᠷᠦᠬᠦ ᠪᠤᠯᠤᠨ᠎ᠠ᠃     ᠪᠤᠯᠪᠠᠰᠤᠷᠠᠯ ᠬᠢᠭᠰᠡᠨ ᠤ ᠳᠠᠷᠠᠭ᠎ᠠ ᠬᠤᠪᠴᠠᠰᠤ ᠪᠠᠨ ᠳᠠᠷᠤᠶᠢᠬᠠᠨ ᠰᠤᠯᠢᠨ᠎ᠠ      ᠪᠤᠯᠪᠠᠰᠤᠷᠠᠯ ᠬᠢᠭᠰᠡᠨ ᠤ ᠳᠠᠷᠠᠭ᠎ᠠ ᠬᠠᠮᠤᠭ ᠰᠠᠶᠢᠨ ᠨᠢ ᠤᠷᠢᠳᠠᠪᠠᠷ ᠵᠢᠭᠠᠬᠠᠨ ᠠᠮᠤᠰᠬᠢᠭ᠍ᠰᠡᠨ ᠤ ᠳᠠᠷᠠᠭ᠎ᠠ ᠤᠰᠤ ᠨᠦᠬᠦᠵᠤ᠂ ᠨᠢᠬᠡ ᠤᠳᠠᠭ᠎ᠠ ᠳᠤ 100 —200 ᠮᠢᠯᠢᠯᠢᠲᠷ ᠤᠰᠤ ᠤᠤᠭᠤᠪᠠᠯ ᠪᠤᠯᠴᠢᠬᠠᠨ᠎ᠠ᠃ ᠪᠤᠯᠪᠠᠰᠤᠷᠠᠯ ᠬᠢᠬᠦ ᠎ ᠠᠴᠠ ᠪᠠᠨ ᠡᠮᠦᠨ᠎ᠡ ᠡᠰᠡᠪᠡᠯ ᠬᠢᠵᠤ ᠪᠠᠶᠢᠬᠤ ᠶᠠᠪᠤᠴᠠ ᠳᠤ᠂ ᠲᠡᠷᠡᠴᠢᠯᠡᠨ ᠬᠢᠵᠤ ᠪᠠᠷᠠᠭᠰᠠᠨ ᠤ ᠳᠠᠷᠠᠭ᠎ᠠ ᠴᠦ ᠭᠡᠰᠡᠨ ᠲᠤᠮᠤ ᠲᠤᠮᠤ ᠪᠠᠯᠭᠤ ᠪᠠᠷ ᠤᠰᠤ ᠤᠤᠭᠤᠬᠤ ᠠᠴᠠ ᠲᠠᠲᠠᠭᠠᠯᠵᠠᠭᠠᠷᠠᠢ᠂ ᠬᠦᠢᠲᠡᠨ ᠤᠮᠳᠠᠭᠠᠨ ᠪᠤᠶᠤ ᠬᠡᠲᠤ ᠰᠢᠬᠢᠷᠯᠢᠭ ᠂ ᠬᠡᠲᠤ ᠱᠤᠷᠪᠤᠭ ᠤᠮᠳᠠᠭᠠᠨ ᠢ ᠴᠦ ᠤᠤᠭᠤᠬᠤ ᠬᠡᠷᠡᠭ ᠦᠬᠡᠢ᠃      ᠪᠡᠶ᠎ᠡ ᠶᠢᠨ ᠳᠤᠯᠠᠭᠠᠨ ᠢ ᠲᠤᠬᠢᠷᠠᠭᠤᠯᠬᠤ ᠴᠢᠳᠠᠪᠤᠷᠢ ᠲᠡᠩᠴᠡᠭᠦᠷᠢ ᠪᠠᠨ ᠠᠯᠳᠠᠬᠤ ᠠᠴᠠ ᠰᠡᠷᠬᠡᠶᠢᠯᠡᠬᠦ ᠶᠢᠨ ᠲᠦᠯᠦᠬᠡ᠂ ᠪᠤᠯᠪᠠᠰᠤᠷᠠᠯ ᠳᠤ ᠤᠷᠤᠯᠴᠠᠭᠰᠠᠨ ᠤ ᠳᠠᠷᠠᠭ᠎ᠠ ᠪᠡᠯᠡᠨ ᠳᠤᠤᠷ᠎ᠠ ᠪᠠᠨ ᠬᠦᠢᠲᠡᠨ ᠤᠰᠤ ᠪᠠᠷ ᠪᠡᠶ᠎ᠡ ᠪᠠᠨ ᠤᠬᠢᠶᠠᠵᠤ ᠪᠤᠯᠬᠤ ᠦᠬᠡᠢ᠃ ᠬᠦᠯᠦᠰᠦᠨ ᠳᠤ ᠲᠡᠪᠳᠦᠭᠰᠡᠨ ᠬᠤᠪᠴᠠᠰᠤ ᠪᠠᠨ ᠴᠠᠭ ᠲᠤᠬᠠᠢ ᠳᠤᠨᠢ ᠰᠤᠯᠢᠵᠤ᠂ ᠲᠠᠭᠰᠢᠭᠤᠷ᠂ ᠬᠡᠷᠡᠭᠦ ᠡᠪᠡᠳᠴᠢᠨ ᠪᠤᠶᠤ ᠦᠶ᠎ᠡ ᠬᠡᠰᠢᠬᠦᠨ ᠤ ᠦᠷᠪᠢᠰᠤᠯ ᠳᠤ ᠨᠡᠷᠪᠡᠭᠳᠡᠬᠦ ᠠᠴᠠ ᠰᠡᠷᠭᠡᠶᠢᠯᠡᠭᠡᠷᠡᠢ᠃
 
ᠢᠷᠡᠯᠲᠡ᠄ ᠦᠪᠦᠷ ᠮᠤᠩᠭᠤᠯ ᠤᠨ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号