ᠳᠠᠪᠤᠰᠤ ᠶᠢ ᠴᠤᠬᠤᠮ ᠶᠠᠭᠠᠬᠢᠵᠤ ᠰᠤᠩᠭᠤᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2023/7/18
       ᠮᠠᠨ ᠤ ᠡᠳᠦᠷ ᠲᠤᠳᠤᠮ ᠤᠨ ᠠᠮᠢᠳᠤᠷᠠᠯ ᠳᠤᠮᠳᠠ᠂ ᠬᠡᠳᠤ ᠳᠡᠯᠬᠡᠬᠦᠷ ᠤᠨ ᠳᠠᠪᠤᠰᠤᠨ ᠤ ᠲᠦᠷᠦᠯ ᠵᠦᠢᠯ ᠮᠠᠰᠢ ᠤᠯᠠᠨ ᠪᠠᠶᠢᠳᠠᠭ᠂ ᠭᠡᠪᠡᠴᠤ ᠨᠠᠷᠢᠨ ᠨᠢᠭᠲᠠ ᠰᠤᠳᠤᠯᠵᠤ ᠦᠵᠡᠪᠡᠯ ᠳᠤᠤᠷᠠᠬᠢ ᠮᠡᠲᠦ ᠲᠦᠷᠦᠯ ᠵᠤᠶᠢᠯ ᠠᠴᠠ ᠭᠠᠷᠬᠤ ᠦᠬᠡᠢ ᠶᠤᠮ᠃        ᠠᠭᠤᠷᠬᠠᠢ ᠶᠢᠨ ᠳᠠᠪᠤᠰᠤ ᠪᠠ ᠳᠠᠯᠠᠢ ᠶᠢᠨ ᠳᠠᠪᠤᠰᠤ        ᠭᠤᠤᠯᠳᠠᠭᠤ ᠳᠠᠪᠤᠰᠤᠨ ᠤ ᠢᠷᠡᠯᠲᠡ ᠶᠢ ᠦᠨᠳᠦᠰᠦᠯᠡᠵᠤ ᠨᠡᠷᠡᠯᠡᠭᠰᠡᠨ ᠶᠤᠮ᠃ ᠳᠠᠯᠠᠢ ᠶᠢᠨ ᠳᠠᠪᠤᠰᠤ᠂ ᠨᠠᠭᠤᠷ  ᠤᠨ ᠳᠠᠪᠤᠰᠤ᠂ ᠬᠤᠳᠳᠤᠭ ᠤᠨ ᠳᠠᠪᠤᠰᠤ ᠨᠢ ᠪᠦᠷ ᠡᠨᠡ ᠲᠦᠷᠦᠯ ᠳᠤ ᠪᠠᠭᠲᠠᠨ᠎ᠠ᠃ ᠬᠡᠳᠤᠶᠢᠪᠡᠷ ᠢᠷᠡᠯᠲᠡ ᠨᠢ ᠠᠳᠠᠯᠢ ᠪᠤᠰᠤ ᠪᠤᠯᠪᠠᠴᠤ ᠰᠢᠮ᠎ᠡ ᠲᠡᠵᠢᠬᠡᠯ ᠤᠨ ᠦᠷᠲᠡᠭ ᠨᠢ ᠪᠠᠷᠤᠭ ᠢᠯᠭᠠᠭ᠎ᠠ ᠦᠬᠡᠢ᠂ ᠬᠡᠷᠪᠡ ᠤᠨᠴᠠᠭᠠᠢ ᠲᠤᠲᠤᠷᠬᠠᠶᠢᠯᠠᠯᠲᠠ ᠦᠬᠡᠢ ᠪᠤᠯ ᠳᠠᠷᠤᠢ ᠡᠳᠦᠷ ᠲᠤᠲᠤᠮ ᠤᠨ ᠡᠩ ᠤᠨ ᠢᠳᠡᠰᠢᠨ ᠤ ᠳᠠᠪᠤᠰᠤ ᠪᠤᠯᠤᠨ᠎ᠠ᠃        ᠢᠤᠳ᠋ᠳᠤ ᠳᠠᠪᠤᠰᠤ        ᠢᠳᠡᠰᠢᠨ ᠤ ᠳᠠᠪᠤᠰᠤᠨ ᠳᠤ ᠢᠤᠳ᠋ ᠤᠨ ᠡᠯᠧᠮᠧᠨ᠋ᠲ ᠢ ᠨᠡᠮᠡᠵᠤ᠂ ᠶᠡᠷᠤ ᠳᠡᠭᠡᠨ ᠢᠤᠳ᠋ ᠬᠦᠴᠢᠯ ᠤᠨ ᠺᠠᠯᠢ ᠶᠢᠨ ᠠᠷᠭ᠎ᠠ ᠪᠠᠷ ᠨᠡᠮᠡᠳᠡᠭ᠂ ᠲᠡᠷᠡ ᠨᠢ ᠤᠯᠤᠰ ᠤᠨ ᠳᠤᠳᠤᠭᠠᠳᠤ ᠳᠤ ᠢᠤᠳ᠋ ᠲᠤᠲᠠᠭᠳᠠᠬᠤ ᠪᠠᠶᠢᠳᠠᠯ ᠢ ᠰᠠᠶᠢᠵᠢᠷᠠᠭᠤᠯᠬᠤ ᠶᠢᠨ ᠲᠦᠯᠦᠬᠡ ᠳᠡᠯᠭᠡᠷᠡᠭᠦᠯᠦᠭᠰᠡᠨ ᠢᠳᠡᠰᠢᠨ ᠤ ᠳᠠᠪᠤᠰᠤ ᠪᠤᠯᠤᠨ᠎ᠠ᠃        ᠨᠠᠲᠷᠢ ᠪᠠᠭ᠎ᠠ ᠳᠠᠪᠤᠰᠤ        ᠨᠢᠭᠡ ᠪᠦᠯᠦᠭ ᠡᠾᠯᠤᠷᠲᠤ ᠺᠠᠯᠢ ᠪᠠᠷ ᠡᠾᠯᠤᠷᠲᠤ ᠨᠠᠲᠷᠢ ᠶᠢ ᠤᠷᠤᠯᠠᠭᠤᠯᠵᠤ᠂ ᠨᠠᠲᠷᠢ ᠶᠢ ᠰᠢᠩᠭᠡᠭᠡᠨ ᠠᠪᠬᠤ ᠶᠢ ᠪᠠᠭᠠᠰᠬᠠᠬᠤ ᠳᠤ ᠬᠡᠷᠡᠭᠯᠡᠨ᠎ᠡ᠂ ᠭᠤᠤᠯᠳᠠᠭᠤ ᠤᠨᠴᠠᠭᠠᠢ ᠱᠤᠷᠪᠤᠭ ᠢᠳᠡᠳᠡᠭ ᠪᠤᠶᠤ ᠴᠢᠰᠦᠨ ᠳᠠᠷᠤᠯᠲᠠ ᠦᠨᠳᠦᠷ ᠬᠦᠮᠦᠰ  ᠲᠤ ᠬᠠᠨᠳᠤᠭᠤᠯᠤᠭᠰᠠᠨ ᠳᠠᠪᠤᠰᠤ ᠪᠤᠯᠤᠨ᠎ᠠ᠃        ᠰᠢᠮ᠎ᠡ ᠲᠡᠵᠢᠬᠡᠯ ᠢ ᠴᠢᠩᠭᠠᠷᠠᠭᠤᠯᠬᠤ ᠳᠠᠪᠤᠰᠤ        ᠢᠳᠡᠰᠢᠨ ᠤ ᠳᠠᠪᠤᠰᠤᠨ ᠳᠤ ᠺᠠᠯᠼᠢ ᠶᠡᠬᠡᠲᠡᠢ ᠳᠠᠪᠤᠰᠤ᠂ ᠲᠡᠮᠦᠷ ᠨᠦᠬᠦᠪᠦᠷᠢᠯᠡᠬᠦ ᠳᠠᠪᠤᠰᠤ᠂ ᠰᠧᠯᠧᠨ ᠡᠯᠪᠡᠭ ᠳᠠᠪᠤᠰᠤ ᠵᠡᠷᠬᠡ ᠡᠳᠦᠢ ᠲᠡᠳᠦᠢ ᠡᠷᠦᠳᠡᠰᠦ ᠶᠢᠨ ᠪᠤᠳᠠᠰ ᠢ ᠨᠡᠮᠡᠭᠰᠡᠨ ᠪᠠᠶᠢᠨ᠎ᠠ᠃ ᠡᠳᠡᠭᠡᠷ ᠤᠨ ᠪᠤᠳᠠᠳᠠᠢ ᠦᠢᠯᠡᠳᠦᠯ ᠲᠠᠢ ᠡᠰᠡᠬᠦ ᠨᠢ ᠰᠢᠨᠵᠢᠯᠡᠬᠦ ᠤᠬᠠᠭᠠᠨ ᠤ ᠨᠤᠲᠠᠯᠠᠯᠲᠠ ᠬᠡᠷᠡᠭᠲᠡᠢ᠃        ᠲᠡᠭᠡᠪᠡᠯ ᠳᠠᠪᠤᠰᠤ ᠶᠢ ᠴᠤᠬᠤᠮ ᠶᠠᠭᠠᠬᠢᠵᠤ ᠰᠤᠩᠭᠤᠪᠠᠯ ᠵᠤᠬᠢᠬᠤ ᠪᠤᠢ︖        ᠤᠨᠴᠠᠭᠠᠢ ᠬᠦᠮᠦᠰ ᠲᠤ ᠬᠠᠨᠳᠤᠭᠤᠯᠤᠭᠰᠠᠨ ᠨᠠᠲᠷᠢ ᠪᠠᠭ᠎ᠠ ᠳᠠᠪᠤᠰᠤ ᠠᠴᠠ ᠭᠠᠳᠠᠨ᠎ᠠ᠂ ᠰᠢᠮ᠎ᠡ ᠲᠡᠵᠢᠬᠡᠯ ᠤᠨ ᠲᠠᠯ᠎ᠠ ᠠᠴᠠ ᠠᠪᠴᠤ ᠬᠡᠯᠡᠪᠡᠯ᠂ ᠡᠯ᠎ᠡ ᠲᠦᠷᠦᠯ ᠤᠨ ᠳᠠᠪᠤᠰᠤ ᠨᠢ ᠳᠡᠮᠡᠢ ᠶᠡᠭᠡ ᠢᠯᠭᠠᠭ᠎ᠠ ᠦᠬᠡᠢ᠃ ᠤᠴᠢᠷ ᠨᠢ ᠳᠠᠪᠤᠰᠤᠨ  ᠤ ᠭᠤᠤᠯ ᠪᠦᠷᠢᠯᠳᠦᠬᠦᠨ ᠨᠢ ᠡᠾᠯᠤᠷᠲᠤ ᠨᠠᠲᠷᠢ᠂ᠡᠾᠯᠤᠷᠲᠤ ᠨᠠᠲᠷᠢ ᠬᠦᠢᠴᠡᠳ ᠴᠡᠪᠡᠷ ᠪᠠᠶᠢᠪᠠᠯ ᠰᠢᠮ᠎ᠡ ᠲᠡᠵᠢᠬᠡᠯ ᠳᠠᠷᠤᠢ ᠬᠦᠢᠴᠡᠳ ᠬᠡᠰᠡᠨ ᠢ ᠢᠯᠡᠳᠬᠡᠨ᠎ᠡ᠃        ᠦᠨᠡᠨ ᠳᠡᠭᠡᠨ ᠢᠳᠡᠬᠡᠨ ᠢ ᠬᠠᠭᠤᠷᠴᠤ ᠬᠠᠭᠠᠷᠢᠬᠤ ᠠᠷᠭ᠎ᠠ ᠪᠠ ᠠᠮᠲᠠ ᠤᠷᠤᠭᠤᠯᠬᠤ ᠠᠷᠭ᠎ᠠ ᠶᠢ ᠠᠩᠬᠠᠷᠪᠠᠯ ᠳᠠᠷᠤᠢ ᠠᠮᠲᠠᠲᠠᠢ ᠢᠳᠡᠬᠡᠨ ᠤᠯᠬᠤ ᠶᠢᠨ ᠬᠠᠮᠲᠤ ᠡᠷᠡᠬᠦᠯ ᠴᠢᠬᠢᠷᠠᠭ ᠢ ᠪᠠᠲᠤᠯᠠᠵᠤ ᠴᠢᠳᠠᠨ᠎ᠠ᠃        1᠂ ᠤᠷᠤᠢ ᠳᠠᠪᠤᠰᠤ ᠬᠢᠬᠦ ᠨᠢ ᠡᠷᠲᠡ ᠳᠠᠪᠤᠰᠤ ᠬᠢᠬᠦ ᠠᠴᠠ ᠳᠡᠭᠡᠷ᠎ᠡ        ᠠᠳᠠᠯᠢᠠᠬᠠᠨ ᠱᠤᠷᠪᠤᠭ ᠠᠮᠲᠠ ᠲᠠᠢ ᠪᠤᠯᠭᠠᠶ᠎ᠠ ᠭᠡᠪᠡᠯ᠂ ᠤᠷᠤᠢ ᠳᠠᠪᠤᠰᠤ ᠬᠢᠬᠦ ᠨᠢ ᠡᠷᠲᠡ ᠳᠠᠪᠤᠰᠤ ᠬᠢᠬᠦ ᠠᠴᠠ ᠪᠠᠭ᠎ᠠ ᠰᠢᠭ᠋ ᠳᠠᠪᠤᠰᠤ ᠬᠡᠷᠡᠭᠯᠡᠨ᠎ᠡ᠃        2᠂ ᠼᠤ᠋ ᠢᠯᠡᠬᠦᠤ ᠬᠢᠵᠤ ᠰᠢᠬᠢᠷ ᠪᠠᠭ᠎ᠠ ᠬᠢᠨ᠎ᠡ        ᠪᠠᠭ᠎ᠠ ᠬᠡᠮᠵᠢᠶᠡᠨ ᠤ ᠳᠠᠪᠤᠰᠤ ᠨᠢ ᠶᠡᠭᠡ ᠬᠡᠮᠵᠢᠶᠡᠨ ᠤ ᠰᠢᠬᠢᠷ ᠤᠨ ᠰᠢᠬᠢᠷᠯᠢᠭ ᠠᠮᠲᠠ ᠶᠢ ᠳᠤᠪᠤᠶᠢᠯᠭᠠᠨ᠎ᠠ᠂ ᠬᠠᠷᠢᠨ ᠨᠢᠬᠡ ᠬᠠᠯᠪᠠᠭ᠎ᠠ ᠰᠢᠬᠢᠷ ᠬᠢᠪᠡᠯ ᠨᠤᠭᠤᠭ᠎ᠠ ᠶᠢᠨ ᠱᠤᠷᠪᠤᠭ ᠠᠮᠲᠠ ᠶᠢ ᠪᠠᠭᠠᠰᠬᠠᠳᠠᠭ᠃ ᠡᠬᠦᠨ ᠤ ᠡᠰᠡᠷᠭᠦ ᠪᠠᠷ ᠢᠰᠬᠦᠯᠡᠩ ᠠᠮᠲᠠ ᠨᠢ ᠬᠠᠷᠢᠨ ᠱᠤᠷᠪᠤᠭ ᠠᠮᠲᠠ ᠶᠢ ᠴᠢᠩᠭᠠᠷᠠᠭᠤᠯᠳᠠᠭ᠂ ᠼᠤ᠋ ᠠᠷᠪᠢᠨ ᠬᠢᠪᠡᠯ ᠱᠤᠷᠪᠤᠭ ᠠᠮᠲᠠ ᠨᠢ ᠳᠡᠩᠳᠡᠭᠦᠤ ᠰᠤᠯᠠ ᠰᠠᠨᠠᠭᠳᠠᠬᠤ ᠪᠠᠨ ᠪᠤᠯᠢᠳᠠᠭ᠃        3᠂ ᠳᠠᠪᠤᠰᠤ ᠲᠠᠢ ᠢᠳᠡᠬᠡᠨ ᠤ ᠨᠠᠶᠢᠷᠠᠯᠭ᠎ᠠ ᠶᠢ ᠠᠩᠬᠠᠷᠬᠤ ᠬᠡᠷᠡᠭᠲᠡᠢ        ᠳᠠᠪᠤᠰᠤ ᠪᠠ ᠵᠢᠶᠠᠩᠶ᠋ᠢᠤ ᠠᠴᠠ ᠭᠠᠳᠠᠨ᠎ᠠ᠂ ᠮᠠᠰᠢ ᠤᠯᠠᠨ ᠠᠮᠲᠠ ᠤᠷᠤᠭᠤᠯᠬᠤ ᠡᠳ᠋ ᠪᠠ ᠢᠳᠡᠬᠡᠨ ᠤ ᠨᠠᠶᠢᠷᠠᠯᠭ᠎ᠠ  ᠳᠤ ᠴᠦᠮ ᠳᠠᠪᠤᠰᠤ ᠠᠭᠤᠯᠵᠤ ᠪᠠᠶᠢᠳᠠᠭ᠂ ᠵᠢᠱᠢᠶᠡᠯᠡᠪᠡᠯ ᠢᠰᠬᠡᠬᠦᠯᠬᠡ ᠪᠤᠷᠴᠠᠭ᠂ ᠵᠢᠶᠠᠩ ᠵᠡᠷᠭᠡ᠃        4᠂ ᠨᠠᠲᠷᠢ ᠪᠠᠭ᠎ᠠ ᠠᠮᠲᠠ ᠤᠷᠭᠤᠯᠬᠤ ᠡᠳ᠋ ᠢ ᠬᠡᠷᠡᠭᠯᠡᠨ᠎ᠡ        ᠨᠠᠲᠷᠢ ᠪᠠᠭ᠎ᠠ ᠳᠠᠪᠤᠰᠤ ᠶᠢ ᠬᠡᠷᠡᠭᠯᠡᠬᠦ ᠪᠤᠯ ᠭᠡᠷ ᠪᠦᠯᠢ ᠶᠢᠨ ᠳᠠᠪᠤᠰᠤᠨ ᠤ ᠬᠡᠮᠵᠢᠶ᠎ᠡ ᠶᠢ ᠪᠠᠭᠠᠰᠬᠠᠬᠤ ᠬᠠᠮᠤᠭ ᠤᠨ ᠳᠦᠬᠦᠮ ᠠᠷᠭ᠎ᠠ ᠪᠤᠯᠤᠨ᠎ᠠ᠃ ᠨᠠᠲᠷᠢ ᠪᠠᠭ᠎ᠠ ᠳᠠᠪᠤᠰᠤ ᠨᠢ ᠱᠤᠷᠪᠤᠭ ᠠᠮᠲᠠ ᠶᠢᠨ ᠰᠡᠷᠡᠯ ᠢ ᠪᠠᠷᠤᠭ ᠨᠦᠯᠦᠬᠡᠯᠡᠬᠦ ᠦᠬᠡᠢ ᠪᠠᠶᠢᠬᠤ ᠶᠢᠨ ᠬᠠᠮᠲᠤ ᠳᠠᠪᠤᠰᠤᠨ ᠤ ᠬᠡᠮᠵᠢᠶ᠎ᠡ ᠶᠢ ᠪᠠᠭᠤᠷᠠᠭᠤᠯᠤᠨ ᠺᠠᠯᠢ ᠶᠢᠨ ᠬᠡᠮᠵᠢᠶ᠎ᠡ ᠶᠢ ᠨᠡᠮᠡᠭᠳᠡᠭᠦᠯᠳᠡᠭ᠂ ᠢᠳᠡᠷ ᠦᠳᠡᠯᠤᠬᠡ ᠨᠠᠰᠤᠨ ᠤ ᠬᠦᠮᠦᠨ ᠪᠤᠶᠤ ᠴᠢᠰᠤᠨ ᠳᠠᠷᠤᠯᠲᠠ ᠦᠨᠳᠦᠷ ᠬᠦᠮᠦᠨ ᠢᠳᠡᠬᠦ ᠳᠤ ᠳᠤᠬᠢᠷᠠᠨ᠎ᠠ᠃        5᠂ ᠪᠤᠯᠪᠠᠰᠤᠷᠠᠭᠤᠯᠤᠭᠰᠠ ᠢᠳᠡᠬᠡᠨ ᠢ ᠬᠤᠳᠠᠯᠳᠤᠨ ᠠᠪᠬᠤ ᠳᠠᠭᠠᠨ ᠨᠠᠲᠷᠢ ᠶᠢᠨ ᠠᠭᠤᠯᠤᠭᠳᠠᠴᠠ ᠶᠢ ᠦᠵᠡᠨ᠎ᠡ        ᠪᠦᠲᠦᠭᠡᠭᠳᠡᠭᠦᠨ ᠤ ᠪᠤᠭᠤᠳᠠᠯ ᠳᠡᠭᠡᠷᠡᠬᠢ ᠰᠢᠮ᠎ᠡ ᠲᠡᠵᠢᠬᠡᠯ ᠤᠨ ᠪᠦᠷᠢᠯᠳᠦᠬᠦᠨ ᠤ ᠬᠦᠰᠦᠨᠦᠭᠲᠦ ᠶᠢ ᠨᠠᠷᠢᠨ ᠤᠩᠰᠢᠵᠤ᠂ ᠠᠮᠲᠠ ᠰᠢᠮᠲᠡ ᠨᠢ ᠠᠳᠠᠯᠢᠬᠠᠨ ᠦᠳᠬᠡᠨ ᠪᠤᠯᠪᠠᠴᠤ ᠨᠠᠲᠷᠢ ᠶᠢᠨ ᠠᠭᠤᠯᠤᠭᠳᠠᠴᠠ ᠪᠠᠷ ᠨᠡᠯᠢᠶᠡᠳ ᠳᠤᠤᠷ᠎ᠠ ᠡᠳ᠋ᠰᠢᠬᠦᠯᠦᠭᠰᠡᠨ ᠪᠦᠲᠦᠭᠡᠭᠳᠡᠭᠦᠨ ᠢ ᠰᠤᠩᠭᠤᠨ ᠠᠪᠴᠤ ᠪᠤᠯᠤᠨ᠎ᠠ᠃        6᠂  ᠳᠠᠪᠤᠰᠤ ᠨᠡᠮᠡᠵᠤ ᠬᠢᠭᠰᠡᠨ ᠭᠤᠤᠯ ᠢᠳᠡᠬᠡᠨ ᠢ ᠠᠯᠢ ᠴᠢᠳᠠᠬᠤ ᠪᠠᠷ ᠪᠠᠭ᠎ᠠ ᠢᠳᠡᠨ᠎ᠡ        ᠵᠢᠱᠢᠶᠡᠯᠡᠪᠡᠯ᠂ ᠡᠯ᠎ᠡ ᠵᠤᠶᠢᠯ ᠤᠨ ᠱᠤᠷᠪᠤᠭ ᠠᠮᠲᠠ ᠲᠠᠢ ᠪᠤᠤᠪᠤ᠂ ᠳᠠᠪᠤᠰᠤ ᠪᠤᠯᠤᠨ ᠬᠤᠵᠢᠷ ᠢᠶᠠᠷ ᠬᠢᠭᠰᠡᠨ ᠭᠤᠸᠠᠮᠢᠶᠠᠨ ᠪᠤᠯᠤᠨ ᠲᠠᠲᠠᠮᠠᠯ ᠭᠤᠯᠢᠷ᠂ ᠳᠠᠪᠤᠰᠤ ᠬᠢᠵᠤ ᠢᠰᠬᠡᠭᠰᠡᠨ ᠲᠠᠯᠬ᠎ᠠ ᠵᠡᠷᠭᠡ᠃ ᠬᠡᠷᠪᠡ ᠦᠨᠡᠬᠡᠷ ᠲᠠᠲᠠᠮᠠᠯ ᠭᠤᠯᠢᠷ ᠮᠡᠲᠦ ᠶᠢᠨ ᠲᠦᠷᠬᠡᠨ ᠬᠤᠭᠤᠯᠠ ᠢᠳᠡᠬᠦ ᠳᠤ ᠬᠦᠷᠪᠡᠯ ᠱᠦᠯᠦ ᠶᠢ ᠨᠢ ᠤᠤᠭᠤᠬᠤ ᠦᠬᠡᠢ᠂ ᠴᠠᠢ ᠪᠤᠶᠤ ᠤᠰᠤ ᠢᠯᠡᠬᠦᠤ ᠤᠤᠭᠤᠨ᠎ᠠ᠃        7᠂  ᠪᠤᠯᠪᠠᠰᠤᠷᠠᠭᠤᠯᠤᠭᠰᠠᠨ ᠮᠢᠬᠠᠨ ᠤ ᠵᠤᠶᠢᠯ ᠢ ᠠᠯᠢ ᠴᠢᠳᠠᠬᠤ ᠪᠠᠷ ᠪᠠᠭ᠎ᠠ ᠢᠳᠡᠨ᠎ᠡ        ᠳᠠᠪᠤᠰᠤᠯᠠᠭᠰᠠᠨ ᠮᠢᠬ᠎ᠠ᠂ ᠬᠢᠮ᠎ᠠ ᠵᠡᠷᠭᠡ ᠪᠤᠯᠪᠠᠰᠤᠷᠠᠭᠤᠯᠤᠭᠰᠠᠨ ᠮᠢᠬᠠᠨ ᠢᠳᠡᠬᠡᠨ ᠤ ᠳᠠᠪᠤᠰᠤᠨ ᠤ ᠠᠭᠤᠯᠤᠭᠳᠠᠴᠠ ᠮᠠᠰᠢ ᠦᠨᠳᠦᠷ ᠪᠠᠶᠢᠳᠠᠭ᠃ ᠬᠡᠷᠪᠡ ᠵᠠᠪᠠᠯ ᠢᠳᠡᠬᠦ ᠴᠢᠬᠤᠯᠠ ᠲᠠᠢ ᠪᠤᠯ ᠳᠠᠪᠤᠰᠤ ᠨᠡᠮᠡᠬᠦ ᠦᠬᠡᠢ ᠪᠤᠶᠤ ᠳᠠᠪᠤᠰᠤ ᠪᠠᠭ᠎ᠠ ᠢᠳᠡᠬᠡᠨ ᠲᠠᠢ ᠬᠠᠪᠰᠤᠷᠭᠠᠨ ᠢᠳᠡᠬᠦ ᠶᠢ ᠰᠠᠨᠠᠭᠤᠯᠤᠶ᠎ᠠ᠃        8᠂ ᠡᠳᠦᠷ ᠦᠨᠵᠢᠬᠡᠳ ᠳᠠᠪᠤᠰᠤ ᠦᠬᠡᠢ ᠬᠤᠭᠤᠯᠠ ᠢᠳᠡᠨ᠎ᠡ        ᠦᠷᠯᠦᠬᠡ ᠶᠢᠨ ᠬᠤᠭᠤᠯᠠ ᠪᠤᠶᠤ ᠤᠷᠤᠢ ᠶᠢᠨ ᠬᠤᠭᠤᠯᠠᠠ ᠳᠤ ᠳᠠᠪᠤᠰᠤᠯᠠᠭᠰᠠᠨ ᠢᠳᠡᠬᠡᠨ ᠢ ᠤᠭᠲᠤ ᠢᠳᠡᠬᠦ ᠦᠬᠡᠢ᠃
 
ᠢᠷᠡᠯᠲᠡ᠄ ᠦᠪᠦᠷ ᠮᠤᠩᠭᠤᠯ ᠤᠨ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号