ᠬᠠᠪᠤᠷ ᠨᠠᠮᠣᠷ ᠤᠨ ᠤᠯᠠᠷᠢᠯ ᠤᠨ ᠭᠠᠯ ᠰᠡᠷᠬᠡᠶᠢᠯᠡᠬᠦ ᠠᠵᠢᠯ ᠢ ᠰᠠᠶᠢᠲᠤᠷ ᠬᠢᠬᠦ ᠨᠢ ᠬᠦᠮᠤᠨ ᠪᠦᠬᠦᠨ ᠤ | ᠬᠠᠷᠢᠭᠤᠴᠠᠯᠭ᠎ᠠ ᠮᠦᠨ᠃ | ᠲᠡᠷᠡ ᠡᠳᠦᠷ ᠪᠢ ᠬᠠᠭᠤᠴᠢᠨ ᠪᠢᠴᠢᠭ ᠰᠣᠳᠣᠷ ᠢᠶᠠᠨ ᠤᠷᠪᠡᠭᠤᠯᠵᠤ ᠪᠠᠶᠢᠭᠠᠳ ᠨᠤᠮ ᠤᠨ ᠵᠠᠪᠰᠠᠷ ᠲᠤ | ᠪᠠᠶᠢᠭᠰᠠᠨ ︽ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠢ ᠬᠠᠷᠠᠭᠠᠳ ᠣᠯᠠᠨ ᠶᠠᠭᠤᠮ᠎ᠠ ᠪᠤᠳᠤᠯ᠎ᠠ᠃ ᠡᠨᠡ ᠪᠤᠯ ᠮᠢᠨᠦ | ᠭᠤᠴᠢᠭᠠᠳ ᠵᠢᠯ ᠤᠨ ᠡᠮᠦᠨ᠎ᠡ ᠬᠤᠰᠢᠭᠤ ᠱᠠᠳᠤᠨ ᠳᠤ ᠠᠵᠢᠯᠯᠠᠵᠦ ᠪᠠᠶᠢᠬᠤ ᠳᠠᠭᠠᠨ ᠬᠡᠷᠡᠭᠯᠡᠵᠦ ᠥᠩᠭᠡᠷᠡᠭᠰᠡᠨ ︽ᠭᠠᠯ ᠤᠨ | ᠠᠶᠤᠯ ᠢ ᠰᠡᠷᠬᠡᠶᠢᠯᠡᠬᠦ ᠳᠡᠮᠳᠡᠭ︾ ᠶᠤᠮ᠃ ᠲᠡᠷᠡ ᠦᠶᠡᠰ ᠬᠠᠪᠤᠷ ᠨᠠᠮᠣᠷ ᠤᠨ ᠤᠯᠠᠷᠢᠯ ᠤᠨ ᠭᠠᠯ ᠤᠨ ᠠᠶᠤᠯ ᠢ ᠰᠡᠷᠬᠡᠶᠢᠯᠡᠬᠦ | ᠬᠤᠭᠤᠴᠠᠭ᠎ᠠ ᠪᠤᠯᠪᠠᠯ ᠭᠠᠳᠠᠭᠰᠢ ᠭᠠᠷᠬᠤ ᠬᠦᠮᠦᠰ ᠢᠯᠠᠩᠭᠤᠶ᠎ᠠ ᠮᠠᠯᠵᠢᠬᠤ ᠣᠷᠣᠨ ᠳᠤ ᠤᠴᠢᠬᠤ ᠬᠦᠮᠦᠰ ᠡᠷᠬᠡᠪᠰᠢ ︽ | ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠲᠠᠢ ᠪᠠᠶᠢᠵᠦ᠂ ᠤᠴᠢᠭᠰᠠᠨ ᠭᠠᠵᠠᠷ ᠤᠨ ᠣᠯᠠᠨ ᠲᠦᠮᠡᠨ ᠤ ᠪᠠᠶᠢᠴᠠᠭᠠᠯᠳᠠ ᠶᠢ | ᠬᠦᠯᠢᠶᠡᠳᠡᠭ ᠴᠢᠩᠭ᠎ᠠ ᠶᠣᠰᠣᠳᠠᠢ ᠪᠠᠶᠢᠭᠰᠠᠨ ᠶᠤᠮ᠃ ᠵᠠᠮ ᠶᠠᠪᠤᠭ᠎ᠠ ᠪᠤᠶᠦ ᠭᠠᠳᠠᠨ᠎ᠠ ᠶᠢᠨ ᠬᠦᠮᠦᠨ ᠤᠴᠢᠪᠠᠯ ᠠᠮᠤᠷ | ᠮᠡᠨᠳᠦ ᠪᠠᠨ ᠮᠡᠳᠡᠯᠴᠡᠭᠰᠡᠨ ᠤ ᠳᠠᠷᠠᠭ᠎ᠠ ᠠᠶᠢᠯ ᠤᠨ ᠬᠦᠮᠦᠨ ᠤ ᠠᠰᠠᠭᠤᠬᠤ ᠨᠢ ᠳᠠᠷᠤᠢ ︽ᠲᠠ ᠭᠠᠯ ᠤᠨ ᠲᠡᠮᠳᠡᠭ ᠲᠠᠢ ᠦᠦ︖ | ︾ ᠬᠡᠬᠦ ᠪᠤᠶᠦ ᠠᠶᠢᠯ ᠤᠨ ᠪᠦᠰᠡᠬᠦᠢ ᠠᠶᠠᠭ᠎ᠠ ᠴᠠᠢ ᠪᠠᠨ ᠪᠠᠷᠢᠬᠤ ᠶᠢᠨ ᠵᠡᠷᠭᠡᠴᠡᠭᠡ ᠪᠠᠷ ᠠᠰᠠᠭᠤᠳᠠᠭ ᠨᠢ ᠮᠦᠨ ᠴᠦ ︽ᠲᠠ | ᠭᠠᠯ ᠠᠪᠴᠦ ᠶᠠᠪᠤᠭ᠎ᠠ ᠦᠦ︖︾ ᠭᠡᠳᠡᠭ ᠪᠠᠶᠢᠭᠰᠠᠨ᠃ ᠳᠡᠭᠡᠵᠦ ᠠᠰᠠᠭᠤᠲᠠᠭ ᠨᠢ ᠨᠢᠭᠡ ᠳᠦᠷᠢᠮ ᠮᠥᠷᠳᠡᠬᠡᠨ ᠮᠠᠯᠴᠢᠨ | ᠠᠷᠠᠳ ᠤᠨ ᠦᠵᠡᠯ ᠤᠬᠠᠮᠰᠠᠷ᠂ ᠦᠨᠡᠨ ᠪᠤᠳᠠᠳᠠᠢ ᠬᠠᠷᠢᠭᠤᠴᠠᠯᠭ᠎ᠠ ᠪᠠᠶᠢᠭ᠎ᠠ ᠶᠤᠮ᠃ ᠭᠠᠯ ᠤᠰᠤᠨ ᠤ ᠠᠶᠤᠯ ᠬᠠᠶᠢᠷ᠎ᠠ | ᠨᠠᠶᠢᠷ ᠦᠬᠡᠢ ᠭᠡᠳᠡᠭ ᠢᠶᠠᠷ ᠳᠠᠯ᠎ᠠ ᠨᠤᠳᠤᠭ ᠤᠨ ᠲᠦᠢᠮᠡᠷ ᠪᠤᠯ ᠮᠦᠨ ᠴᠦ ᠳᠠᠭᠠᠷᠢᠭᠰᠠᠨ ᠪᠦᠬᠦᠨ ᠢ ᠭᠠᠮᠰᠢᠭᠳᠠᠭᠤᠯᠳᠠᠭ | ᠬᠦᠨᠳᠦ ᠠᠶᠤᠯ ᠶᠤᠮ᠃ ᠨᠢᠬᠡᠨ ᠴᠠᠭ ᠤᠨ ᠠᠯᠮᠠᠶᠢᠷᠠᠯ ᠠᠴᠠ ᠪᠤᠯᠵᠦ ᠭᠠᠯ ᠠᠯᠲᠠᠪᠠᠯ ᠨᠡᠶᠢᠳᠡ ᠣᠯᠠᠨ ᠢ ᠭᠠᠮᠰᠢᠭᠳᠠᠭᠤᠯᠵᠦ᠂ | ᠪᠡᠯᠴᠢᠭᠡᠷ ᠡᠪᠡᠰᠦ ᠰᠢᠳᠠᠭᠳᠠᠨ ᠮᠠᠯ ᠰᠦᠷᠦᠭ ᠤᠨ ᠣᠨᠳᠣᠷᠣᠯᠳᠠ ᠳᠤ ᠬᠦᠴᠢᠷ ᠳᠤᠯᠭᠠᠷᠠᠬᠤ ᠪᠠᠷ ᠪᠠᠷᠠᠬᠤ ᠦᠬᠡᠢ ᠵᠠᠷᠢᠮ | ᠶᠡᠭᠡ ᠲᠦᠢᠮᠡᠷ ᠲᠤ ᠮᠠᠯ ᠤᠨᠤᠭ᠎ᠠ ᠰᠢᠳᠠᠵᠦ ᠬᠤᠬᠢᠷᠠᠬᠤ ᠪᠤᠶᠦ ᠫᠧᠩ ᠬᠤᠷᠢᠶ᠎ᠠ ᠭᠡᠷ ᠪᠠᠶᠢᠰᠢᠩ ᠳᠠᠭᠠᠷᠢᠭᠳᠠᠬᠤ ᠲᠡᠷᠡᠴᠢᠯᠡᠨ | ᠬᠦᠮᠦᠨ ᠤ ᠠᠮᠢ ᠨᠠᠰᠦ ᠶᠢ ᠴᠦ ᠬᠤᠬᠢᠷᠠᠭᠤᠯᠤᠭᠰᠠᠨ ᠬᠦᠨᠳᠦ ᠠᠶᠤᠯ ᠭᠠᠷᠳᠠᠭ ᠪᠠᠶᠢᠨ᠎ᠠ᠃ ᠡᠶᠢᠮᠦᠷᠬᠦᠤ ᠬᠦᠨᠳᠦ ᠬᠡᠴᠡᠬᠦᠦ | ᠰᠣᠷᠭᠠᠮᠵᠢ ᠶᠢᠨ ᠡᠮᠦᠨ᠎ᠡ ᠭᠠᠯ ᠲᠦᠢᠮᠡᠷ ᠢ ᠵᠠᠪᠠᠯ ᠰᠠᠶᠢᠨ ᠰᠡᠷᠬᠡᠶᠢᠯᠡᠬᠦ ᠬᠡᠷᠡᠭᠳᠡᠢ ᠭᠡᠳᠡᠭ ᠢ ᠮᠠᠯᠵᠢᠬᠤ ᠣᠷᠣᠨ ᠳᠤ ᠠᠵᠢᠯᠯᠠᠵᠦ | ᠠᠮᠢᠳᠤᠷᠠᠵᠦ ᠪᠠᠶᠢᠭ᠎ᠠ ᠬᠦᠮᠦᠰ ᠰᠠᠶᠢᠨ ᠮᠡᠳᠡᠨ᠎ᠡ᠃ ᠮᠥᠨ ᠴᠦ ᠡᠬᠦᠨ ᠳᠡᠭᠡᠨ ᠳᠤᠬᠢᠷᠠᠭᠰᠠᠨ ᠦᠵᠡᠯᠲᠡ ᠲᠠᠨᠢᠯᠳᠠ᠂ | ᠦᠨᠳᠦᠰᠣᠨ ᠮᠡᠳᠡᠯᠬᠡ᠂ ᠬᠠᠳᠠᠭᠤ ᠰᠠᠬᠢᠯᠭ᠎ᠠ᠂ ᠬᠠᠮᠢᠶᠠᠷᠤᠯᠳᠡ ᠶᠢᠨ ᠠᠷᠭ᠎ᠠ ᠪᠠᠷᠢᠯ ᠪᠠᠶᠢᠳᠠᠭ ᠶᠤᠮ᠃ ︽ᠭᠠᠯ ᠤᠨ ᠠᠶᠤᠯ ᠢ | ᠰᠡᠷᠬᠡᠶᠢᠯᠡᠬᠦ ᠳᠡᠮᠳᠡᠭ︾ ᠪᠤᠯ ᠶᠠᠭ ᠡᠶᠢᠮᠦ ᠣᠨᠴᠠᠭᠠᠢ ᠪᠠᠶᠢᠳᠠᠯ ᠳᠤᠤᠷ᠎ᠡ ᠪᠤᠢ ᠪᠤᠯᠤᠭᠰᠠᠨ ᠨᠢᠭᠡ ᠵᠦᠢᠯ ᠤᠨ | ᠬᠠᠮᠢᠶᠠᠷᠤᠯᠳᠡ ᠶᠢᠨ ᠠᠷᠭ᠎ᠠ ᠶᠤᠮ᠃ ︽ᠭᠠᠯ ᠤᠨ ᠠᠶᠤᠯ ᠢ ᠰᠡᠷᠬᠡᠶᠢᠯᠡᠬᠦ ᠲᠡᠮᠳᠡᠭ︾ ᠨᠢ ᠬᠡᠳᠦ᠋ᠢᠪᠡᠷ ᠨᠢᠮᠬᠡᠨ ᠨᠢᠬᠡ | ᠬᠠᠭᠤᠳᠠᠰᠦ ᠴᠠᠭᠠᠰᠦ ᠪᠤᠯᠪᠠᠴᠦ᠂ ᠲᠡᠷᠡ ᠪᠤᠯ ᠭᠠᠯ ᠤᠨ ᠠᠶᠤᠯ ᠢ ᠰᠡᠷᠬᠡᠶᠢᠯᠡᠬᠦ ᠳᠤᠬᠠᠢ ᠬᠦᠮᠦᠰ ᠲᠤ ᠳᠤᠰᠢᠶᠠᠭᠰᠠᠨ ᠡᠬᠦᠷᠭᠡ | ᠬᠠᠷᠢᠭᠤᠴᠠᠯᠭ᠎ᠠ᠂ ᠤᠯᠠᠮᠵᠢᠯᠠᠨ ᠰᠤᠷᠳᠠᠯᠴᠢᠯᠠᠳᠠᠭ ᠤᠬᠠᠭᠤᠯᠭ᠎ᠠ ᠶᠢᠨ ᠬᠠᠭᠤᠳᠠᠰᠦ᠂ ᠬᠢᠨᠠᠯᠳᠠ ᠲᠠᠯᠪᠢᠬᠤ ᠬᠡᠷᠡᠴᠢ ᠳᠡᠮᠳᠡᠭ᠂ | ᠬᠠᠷᠢᠯᠴᠠᠨ ᠰᠠᠬᠢᠳᠠᠭ ᠨᠡᠶᠢᠳᠡ ᠶᠢᠨ ᠬᠡᠷ᠎ᠡ᠂ ᠬᠠᠮᠳᠤᠷᠠᠨ ᠰᠡᠷᠬᠡᠶᠢᠯᠡᠬᠦ ᠨᠢᠭᠡ ᠬᠤᠯᠪᠤᠭᠠᠰᠦ ᠪᠠᠶᠢᠵᠦ ᠳᠠᠭᠠᠷᠠᠨ᠎ᠠ᠃ | ᠡᠨᠡ ᠬᠦ ᠠᠭᠤᠯᠭ᠎ᠠ ᠠᠴᠠ ᠨᠢ ᠠᠪᠴᠦ ᠬᠡᠯᠡᠪᠡᠯ ᠭᠠᠯ ᠢ ᠰᠡᠷᠬᠡᠶᠢᠯᠡᠬᠦ ᠳᠤ ᠬᠦᠮᠦᠨ ᠪᠦᠬᠦᠨ ᠬᠠᠷᠢᠭᠤᠴᠠᠯᠭ᠎ᠠ ᠲᠠᠢ᠂ | ᠭᠠᠯ ᠭᠠᠷᠬᠤ ᠶᠢ ᠦᠨᠳᠦᠰᠦᠨ ᠠᠴᠠ ᠨᠢ ᠬᠤᠷᠢᠭᠯᠠᠬᠤ ᠳᠤ ᠬᠠᠰᠢᠯᠠ ᠣᠯᠠᠨ ᠲᠦᠮᠡᠨ ᠤ ᠤᠬᠠᠮᠰᠠᠷᠳᠦ ᠠᠵᠢᠯᠯᠠᠭ᠎ᠠ ᠪᠤᠯᠤᠨ | ᠴᠠᠭ ᠢᠮᠠᠭᠳᠠ ᠶᠢᠨ ᠴᠢᠩᠭ᠎ᠠ ᠬᠠᠮᠢᠶᠠᠷᠤᠯᠳᠡ ᠳᠤ ᠳᠦᠰᠢᠭᠯᠡᠨ᠎ᠡ᠃ ᠤᠴᠢᠷ ᠨᠢ ᠪᠡᠯᠴᠢᠭᠡᠷ ᠤᠨ ᠲᠦᠢᠮᠡᠷ ᠤᠨ ᠡᠬᠦᠰᠦᠭᠰᠡᠨ | ᠰᠢᠯᠳᠠᠭᠠᠨ ᠠᠴᠠ ᠦᠵᠡᠪᠡᠯ ᠣᠯᠠᠩᠬᠢ ᠨᠢ ᠪᠦᠷ ᠯᠡ ᠠᠯᠢ ᠨᠢᠬᠡ ᠬᠦᠮᠦᠨ ᠤ ᠨᠢᠬᠡᠨ ᠴᠠᠭ ᠤᠨ ᠬᠢᠴᠢᠶᠡᠮᠵᠢ ᠦᠬᠡᠢ ᠠᠴᠠ | ᠪᠤᠯᠤᠭᠰᠠᠨ ᠠᠯᠮᠠᠶᠢᠷᠠᠯ ᠪᠠᠶᠢᠳᠠᠭ᠃ ᠳᠡᠭᠡᠪᠡᠯ ᠡᠶᠢᠮᠦᠷᠬᠦᠤ ᠠᠶᠤᠯ ᠢ ᠲᠥᠭᠵᠢᠬᠦ ᠶᠢᠨ ᠲᠥᠯᠦᠬᠡ ᠵᠠᠪᠠᠯ ᠥᠷᠬᠡᠨ | ᠬᠡᠪᠴᠢᠶᠡᠨ ᠤ ᠰᠤᠷᠳᠠᠯ ᠤᠬᠠᠭᠤᠯᠭ᠎ᠠ᠂ ᠠᠶᠢᠯ ᠡᠷᠦᠬᠡ ᠬᠦᠮᠦᠨ ᠪᠦᠷᠢ ᠳᠤ ᠨᠠᠶᠢᠳᠠᠪᠤᠷᠢᠵᠢᠭᠰᠠᠨ ᠠᠷᠭ᠎ᠠ ᠬᠡᠮᠵᠢᠶ᠎ᠡ᠂ ᠡᠯ᠎ᠡ | ᠱᠠᠳᠣᠨ ᠳᠤ ᠪᠤᠳᠠᠳᠠᠢ ᠬᠡᠷᠡᠭᠵᠢᠬᠦᠯᠦᠭᠳᠡᠵᠦ ᠪᠠᠶᠢᠭ᠎ᠠ ᠳᠦᠷᠢᠮ ᠳᠤᠭᠳᠠᠭᠠᠯ ᠵᠡᠷᠬᠡ ᠪᠠᠷ ᠭᠠᠯ ᠤᠨ ᠡᠬᠢ ᠰᠤᠷᠪᠤᠯᠵᠢ ᠬᠦᠳᠡᠭᠡ | ᠪᠡᠯᠴᠢᠬᠡᠷ ᠲᠤ ᠣᠷᠣᠬᠤ ᠶᠢ ᠬᠢᠵᠠᠭᠠᠷᠯᠠᠨ᠂ ᠭᠠᠯ ᠤᠨ ᠡᠬᠦᠰᠦᠯ ᠢ ᠡᠬᠢᠨ ᠠᠴᠠ ᠨᠢ ᠬᠤᠷᠢᠭᠯᠠᠬᠤ ᠪᠤᠯ ᠵᠠᠩᠬᠢᠯᠠᠭ᠎ᠠ ᠶᠤᠮ᠃ | ᠭᠠᠯ ᠤᠨ ᠠᠶᠤᠯ ᠢ ᠰᠡᠷᠬᠡᠶᠢᠯᠡᠬᠦ ᠳᠡᠭᠡᠨ ᠪᠢᠳᠡ ᠳᠤᠰ ᠭᠠᠵᠠᠷ ᠤᠨ ᠢᠶᠠᠨ ᠴᠠᠭ ᠠᠭᠤᠷ ᠤᠨ ᠪᠠᠶᠢᠳᠠᠯ᠂ ᠪᠡᠯᠴᠢᠭᠡᠷ | ᠨᠤᠳᠤᠭ ᠤᠨ ᠡᠪᠡᠰᠦᠨ ᠤ ᠪᠥᠷᠬᠦᠴᠡ ᠶᠢᠨ ᠪᠠᠶᠢᠳᠠᠯ᠂ ᠭᠠᠳᠠᠨ᠎ᠠ ᠲᠤᠲᠤᠨ᠎ᠠ ᠶᠢᠨ ᠬᠦᠮᠦᠰ ᠤᠨ ᠨᠠᠭᠠᠰᠢ ᠴᠠᠭᠠᠰᠢ ᠶᠠᠪᠤᠵᠦ | ᠰᠠᠭᠤᠭ᠎ᠠ ᠪᠠᠶᠢᠳᠠᠯ ᠵᠡᠷᠭᠡ ᠶᠢ ᠦᠨᠳᠦᠰᠦᠯᠠᠨ ᠪᠤᠳᠠᠳᠦ ᠪᠠᠶᠢᠳᠠᠯ ᠳᠠᠭᠠᠨ ᠵᠣᠬᠢᠴᠠᠭᠤᠯᠤᠨ ᠭᠠᠯ ᠢ ᠰᠡᠷᠬᠡᠶᠢᠯᠡᠬᠦ ᠠᠷᠭ᠎ᠠ | ᠬᠡᠮᠵᠢᠶ᠎ᠡ ᠪᠠᠨ ᠳᠤᠭᠳᠠᠭᠠᠨ᠂ ᠪᠤᠳᠠᠳᠠᠢ ᠵᠢᠯᠣᠭᠤᠳᠣᠨ ᠨᠠᠶᠢᠳᠠᠪᠤᠷᠢᠵᠢᠭᠤᠯᠬᠤ ᠪᠤᠯ ᠴᠢᠬᠤᠯᠠ ᠶᠤᠮ᠃ ᠡᠨᠡ ᠬᠠᠪᠤᠷ ᠤᠨ | ᠪᠠᠶᠢᠳᠠᠯ ᠠᠴᠠ ᠦᠵᠡᠪᠡᠯ ᠡᠪᠦᠯ ᠴᠠᠰᠦ ᠶᠡᠭᠡ ᠣᠷᠣᠭᠰᠠᠨ ᠠᠴᠠ ᠪᠡᠯᠴᠢᠭᠡᠷ ᠤᠨ ᠡᠪᠡᠰᠦ ᠳᠠᠷᠤᠭᠳᠠᠨ ᠦᠯᠡᠲᠡᠵᠤ ᠬᠠᠪᠤᠷ ᠤᠨ | ᠬᠠᠭᠳᠠ ᠡᠪᠡᠰᠦ ᠵᠤᠵᠠᠭᠠᠨ ᠪᠠᠶᠢᠬᠤ ᠨᠢ ᠲᠦᠢᠮᠡᠷ ᠭᠠᠷᠬᠤ ᠳᠤ ᠪᠤᠰᠤᠤᠡᠴᠢ ᠨᠥᠬᠦᠴᠡᠯ ᠪᠤᠯᠬᠤ ᠳᠤᠯᠠ ᠴᠠᠰᠦ | ᠬᠠᠶᠢᠯᠤᠭᠰᠠᠨ ᠤ ᠳᠠᠷᠠᠭᠠᠬᠢ ᠲᠦᠢᠮᠡᠷ ᠢ ᠰᠡᠷᠬᠡᠶᠢᠯᠡᠬᠦ ᠠᠵᠢᠯ ᠢ ᠡᠷᠳᠡ ᠠᠴᠠ ᠠᠤᠡᠬᠤᠬᠤ ᠴᠢᠬᠤᠯᠠᠳᠠᠢ ᠪᠤᠯᠤᠨ᠎ᠠ᠃ ᠬᠠᠷᠢᠨ | ᠴᠠᠰᠣᠨ ᠤ ᠴᠢᠬᠢᠭ ᠪᠠᠶᠢᠬᠤ ᠪᠤᠯᠬᠤᠷ ᠭᠠᠶᠢᠭᠤᠢ ᠬᠡᠮᠡᠨ ᠰᠠᠨᠠᠭ᠎ᠠ ᠠᠮᠠᠷᠠᠨ ᠰᠠᠭᠤᠵᠦ ᠪᠤᠯᠬᠤ ᠦᠬᠡᠢ᠂ ᠬᠠᠪᠤᠷ ᠤᠨ ᠬᠠᠯᠠᠭᠤᠨ | ᠰᠠᠯᠬᠢᠨ ᠳᠤ ᠡᠪᠡᠰᠦ ᠪᠤᠯᠤᠨ ᠭᠠᠵᠠᠷ ᠤᠨ ᠥᠩᠬᠡ ᠮᠠᠰᠢ ᠲᠦᠷᠬᠡᠨ ᠬᠠᠳᠠᠳᠠᠭ ᠪᠤᠯᠬᠤᠷ ᠭᠠᠯ ᠡᠬᠦᠰᠬᠦ ᠠᠶᠤᠯ ᠮᠦᠨ ᠯᠡ | ᠬᠦᠨᠳᠦ ᠪᠠᠶᠢᠬᠤ ᠶᠢ ᠰᠡᠷᠭᠡᠭ ᠢᠶᠠᠷ ᠳᠠᠨᠢᠵᠦ ᠤᠷᠢᠤᠡᠴᠢᠯᠡᠨ ᠰᠡᠷᠬᠡᠶᠢᠯᠡᠬᠦ ᠠᠵᠢᠯ ᠢ ᠰᠠᠶᠢᠲᠤᠷ ᠠᠤᠡᠬᠤᠬᠤ ᠬᠡᠷᠡᠭᠳᠡᠢ ᠶᠤᠮ᠃ | ᠠᠶᠤᠯ |