ᠤᠷᠠᠨ ᠪᠦᠰᠡᠬᠦᠢ ᠶᠢᠨ ᠤᠷᠠᠯᠠᠵᠤ ᠬᠤᠷᠢᠶᠠᠭᠰᠠᠨ ᠠᠷᠭᠠᠯ
ᠨᠡᠶᠢᠲᠡᠯᠡᠭᠰᠡᠨ ᠴᠠᠭ᠄
2024/3/28
        ︽ᠠᠵᠢᠯᠴᠢ ᠠᠶᠢᠯ ᠢ ᠠᠷᠭᠠᠯ ᠠᠴᠠ ᠨᠢ︾ ᠭᠡᠳᠡᠭᠴᠢᠯᠡᠨ ᠰᠦᠨᠢᠳ ᠵᠡᠬᠦᠨ ᠬᠤᠰᠢᠭᠤᠨ ᠤ ᠮᠠᠨᠳᠠᠯᠲᠤ ᠪᠠᠯᠭᠠᠰᠤᠨ ᠤ ᠪᠠᠶᠠᠠᠨᠠᠭᠤᠷ ᠭᠠᠴᠠᠭᠠᠨ ᠤ ᠠᠵᠢᠯᠴᠢ ᠪᠦᠰᠡᠬᠦᠢ ᠤᠨᠳᠤᠷᠭᠤᠸ᠎ᠠ᠂ ᠨᠦᠬᠦᠷ ᠭᠤ᠂ ᠴᠡᠷᠡᠩᠳᠤᠷᠵᠢ ᠲᠠᠢ  ᠪᠠᠨ ᠬᠤᠶᠠᠭᠤᠯᠠ ᠠᠷᠭᠠᠯ ᠢ ᠭᠤᠶᠢᠳᠠ ᠰᠠᠶᠢᠬᠠᠨ ᠤᠷᠠᠯᠠᠨ ᠬᠤᠷᠢᠶᠠᠳᠠᠭ᠃         ᠤᠨᠳᠤᠷᠭᠤᠸ᠎ᠠ ᠬᠤᠷᠢᠶᠠᠭᠰᠠᠨ ᠠᠷᠭᠠᠯ ᠤᠨ ᠢᠶᠠᠨ ᠡᠩᠭᠡᠷ ᠲᠠᠯ᠎ᠠ ᠳᠤᠨᠢ ᠦᠯᠵᠡᠢ ᠵᠠᠩᠭᠢᠶ᠎ᠠ ᠪᠠ ᠲᠤᠯᠭ᠎ᠠ  ᠶᠢᠨ ᠵᠢᠷᠤᠭ ᠳᠦᠷᠰᠤ ᠵᠢᠴᠢ ︽ᠵᠡᠬᠦᠨ ᠰᠦᠨᠢᠳ︾ ᠬᠡᠮᠡᠬᠦ ᠦᠰᠦᠭ ᠢ ᠬᠦᠷᠵᠡᠩ ᠢᠶᠠᠷ  ᠮᠠᠰᠢ ᠨᠠᠷᠢᠯᠢᠭ ᠰᠠᠶᠢᠬᠠᠨ ᠵᠢᠭᠢᠷᠢᠭᠯᠡᠵᠤ ᠭᠠᠷᠭᠠᠭᠰᠠᠨ ᠨᠢ ᠤᠨᠴᠠ ᠶᠢᠨ ᠦᠵᠡᠮᠦᠷᠢᠲᠡᠢ ᠬᠠᠷᠠᠭᠳᠠᠨ᠎ᠠ᠃ ᠡᠬᠦᠨ ᠤ ᠬᠠᠮᠲᠤ᠂ ᠲᠠᠪᠤᠨ ᠬᠤᠰᠢᠭᠤ ᠮᠠᠯ ᠤᠨ ᠢᠶᠠᠨ ᠢᠯᠭᠠᠳᠠᠰᠤ ᠶᠢ ᠮᠠᠯ ᠤᠨ ᠲᠦᠷᠦᠯ ᠢᠶᠠᠷ ᠨᠢ ᠠᠩᠭᠢᠯᠠᠵᠤ᠂ ᠤᠯᠠᠭᠠᠨ᠂ ᠬᠦᠬᠡ᠂ ᠴᠠᠭᠠᠨ᠂ ᠬᠠᠷ᠎ᠠ᠂ ᠬᠠᠯᠲᠠᠷ ᠦᠩᠭᠡ ᠳᠤ ᠬᠤᠪᠢᠶᠠᠨ ᠪᠤᠰᠤᠭ᠎ᠠ ᠬᠡᠯᠪᠡᠷᠢ ᠲᠠᠢ ᠴᠤᠩᠬᠤᠪᠴᠢᠯᠠᠨ ᠬᠤᠷᠢᠶᠠᠵᠤ᠂ ᠲᠤᠲᠤᠷ᠎ᠠ ᠨᠢ ᠠᠷᠭᠠᠯ ᠵᠢᠭᠢᠷᠢᠭᠯᠡᠨ ᠬᠤᠷᠢᠶᠠᠭᠰᠠᠨ ᠪᠠᠶᠢᠨ᠎ᠠ᠃
        ᠤᠨᠳᠤᠷᠭᠤᠸ᠎ᠠ ᠬᠠᠷᠠᠬᠠᠨ ᠪᠠᠭ᠎ᠠ ᠠᠴᠠ ᠪᠠᠨ ᠠᠵᠢᠯ ᠬᠦᠳᠡᠯᠮᠤᠷᠢ ᠳᠤ ᠪᠠᠭ᠋ᠠᠲᠠᠢ ᠪᠠᠶᠢᠵᠤ᠂ ᠡᠮᠡᠭᠡ ᠡᠵᠢ  ᠶᠢᠨ ᠢᠶᠠᠨ ᠨᠦᠯᠦᠬᠡ ᠪᠠᠷ ᠠᠷᠭᠠᠯ ᠢᠶᠠᠨ ᠲᠦᠭᠦᠷᠢᠭ᠂ ᠪᠦᠮᠪᠦᠭᠡᠷ ᠬᠡᠯᠪᠡᠷᠢ ᠲᠠᠢ ᠬᠤᠷᠢᠶᠠᠳᠠᠭ᠃ ᠡᠨᠡ ᠨᠢ ᠡᠪᠤᠯ ᠤᠨ ᠴᠠᠰᠤ ᠰᠢᠭᠤᠷᠭᠠᠨ ᠳᠤ ᠳᠠᠷᠤᠭᠳᠠᠬᠤ ᠦᠬᠡᠢ᠂ ᠬᠠᠪᠤᠷ ᠤᠨ ᠡᠯᠡᠰᠤ ᠰᠢᠷᠤᠢ ᠳᠤ ᠪᠤᠯᠠᠭᠳᠠᠬᠤ ᠦᠬᠡᠢ ᠳᠠᠪᠠᠭᠤᠯᠢᠭ ᠲᠠᠯ᠎ᠠ ᠲᠠᠢ ᠬᠡᠵᠤ ᠲᠡᠷᠡ ᠤᠴᠢᠷᠯᠠᠨ᠎ᠠ᠃ ᠤᠨᠳᠤᠷᠭᠤᠸ᠎ᠠ ᠶᠢᠨ ᠬᠤᠷᠢᠶᠠᠵᠤ ᠵᠢᠭᠢᠷᠢᠭᠯᠡᠭᠰᠡᠨ ᠠᠷᠭᠠᠯ ᠤᠨ ᠶᠡᠭᠡ ᠪᠠᠭ᠎ᠠ  ᠨᠢ 5 ᠬᠠᠨ᠎ᠠ ᠪᠤᠶᠤ 6 ᠬᠠᠨ᠎ᠠ ᠲᠠᠢ ᠮᠤᠩᠭᠤᠯ ᠭᠡᠷ ᠤᠨ ᠪᠠᠭᠤᠷᠢ ᠶᠢᠨ ᠴᠢᠨᠡᠭᠡ ᠪᠠᠶᠢᠵᠤ᠂ ᠬᠠᠮᠤᠭ ᠤᠯᠠᠨ ᠳᠤ ᠪᠠᠨ 13 ᠳᠠᠯᠠᠩ ᠬᠤᠷᠢᠶᠠᠯᠲᠠ ᠲᠠᠢ ᠠᠷᠭᠠᠯ ᠪᠠᠶᠢᠳᠠᠭ᠃

        ᠦᠢᠯᠡ ᠤᠶᠤᠳᠠᠯ ᠳᠤ ᠴᠦ ᠭᠠᠷᠮᠠᠭᠠᠢ ᠪᠠᠶᠢᠳᠠᠭ ᠲᠡᠷᠡᠪᠡᠷ ᠳᠡᠪᠡᠯ ᠬᠤᠪᠴᠠᠰᠤ ᠶᠢ ᠡᠪ ᠲᠦᠢ ᠲᠠᠢ᠂

ᠪᠡᠶ᠎ᠡ ᠳᠤ ᠳᠤᠬᠢᠷᠠᠮᠵᠢᠲᠠᠢ ᠰᠠᠶᠢᠬᠠᠨ ᠤᠶᠤᠳᠠᠭ᠃ ᠬᠠᠳᠬᠤᠮᠠᠯ᠂ ᠰᠢᠷᠢᠮᠡᠯ ᠲᠤᠭᠤᠷᠢᠭᠤᠯᠭ᠎ᠠ ᠪᠠ ᠰᠢᠷᠢᠳᠡᠭ ᠤᠨ ᠬᠡ

ᠤᠭᠠᠯᠵᠠ ᠶᠢ ᠡᠪᠲᠡᠢ ᠰᠠᠶᠢᠬᠠᠨ ᠭᠠᠷᠭᠠᠵᠤ᠂ ᠬᠠᠰᠢᠶ᠎ᠠ ᠬᠦᠷᠢᠶᠡᠨ ᠤ ᠤᠭᠤᠰᠤᠷ ᠪᠦᠴᠡ᠂ ᠤᠨᠢᠨ ᠤ ᠰᠡᠭᠡᠯᠳᠤᠷᠬᠡ

ᠵᠡᠷᠭᠡ ᠪᠦᠬᠦ ᠵᠤᠶᠢᠯ ᠢᠶᠠᠨ ᠦᠪᠡᠷ ᠢᠶᠠᠨ ᠤᠷᠠᠯᠠᠨ ᠰᠢᠷᠢᠵᠤ᠂ ᠠᠯᠢ ᠤᠯᠠᠨ ᠠᠵᠢᠯ ᠢ ᠪᠦᠷ ᠦᠪᠡᠷ ᠢᠶᠠᠨ

ᠠᠮᠵᠢᠭᠤᠯᠴᠢᠬᠠᠳᠠᠭ᠃

       

        ᠤᠨᠳᠤᠷᠭᠤᠸ᠎ᠠ᠄ ︽ᠲᠠᠪᠤᠨ ᠬᠤᠰᠢᠭᠤ ᠮᠠᠯ ᠤᠨ ᠠᠷᠤᠭ ᠶᠠᠰᠤ ᠠᠴᠠ ᠨᠢ ᠠᠷᠭᠠᠯ ᠳᠤ ᠨᠢ ᠬᠦᠷᠲᠡᠯ᠎ᠡ

ᠡᠷᠳᠡᠨᠢ ᠪᠠᠶᠢᠳᠠᠭ᠂ ᠠᠷᠭᠠᠯ ᠢᠶᠠᠨ ᠰᠠᠶᠢᠬᠠᠨ ᠬᠤᠷᠢᠶᠠᠨ᠎ᠠ ᠭᠡᠳᠡᠭ ᠨᠢ ᠮᠦᠨᠴᠦ ᠨᠠᠷᠢᠨ ᠬᠦᠳᠡᠯᠮᠤᠷᠢ᠂ ᠬᠦᠮᠦᠨ ᠶᠡᠷᠤᠨᠢ

ᠬᠦᠳᠡᠯᠮᠤᠷᠢ ᠶᠢᠨ ᠳᠤᠮᠳᠠ ᠪᠠᠶᠠᠷ ᠪᠠᠶᠠᠰᠤᠯ ᠢ ᠤᠯᠵᠤ ᠬᠦᠷᠲᠡᠲᠡᠭ᠃ ᠠᠷᠭᠠᠯ ᠬᠦᠷᠵᠡᠩ ᠢᠶᠠᠨ ᠬᠤᠷᠢᠶᠠᠬᠤ ᠡᠨᠡᠬᠦ

ᠤᠯᠠᠮᠵᠢᠯᠠᠯᠲᠤ ᠵᠠᠩ ᠦᠢᠯᠡ ᠪᠠᠨ ᠦᠷᠬᠦᠯᠵᠢᠯᠡᠨ ᠤᠯᠠᠮᠵᠢᠯᠠᠨ ᠵᠠᠯᠭᠠᠮᠵᠢᠯᠠᠵᠤ᠂ ᠬᠡᠤᠬᠡᠳ ᠳᠡᠬᠦᠤᠨᠡᠷ ᠲᠤ ᠪᠠᠨ

ᠳᠠᠭᠤᠷᠢᠶᠠᠯ ᠪᠤᠯᠬᠤ ᠪᠠᠷ ᠴᠢᠷᠮᠠᠶᠢᠨ᠎ᠠ ᠳ᠋ᠠ︾ ᠬᠡᠵᠤ ᠤᠷᠮᠠᠲᠠᠢ ᠶᠠᠷᠢᠵᠤ ᠪᠠᠶᠢᠯ᠎ᠠ᠃

 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号