| ᠴᠠᠭᠠᠨ ᠬᠡᠬᠡᠨ — ᠵᠡᠮᠢᠶᠡᠯᠢᠭᠰᠢᠳᠵᠠᠮᠰᠦ ᠶᠢᠨ ᠲᠤᠪᠴᠢ ᠨᠠᠮᠳᠠᠷ | ᠴᠠᠭᠠᠨ ᠬᠡᠬᠡᠨ ᠪᠤᠯ ᠴᠠᠭᠠᠨ ᠤᠪᠤᠭ᠎ᠠ ᠰᠦᠮ᠎ᠡ ᠶᠢᠨ ᠲᠠᠪᠤᠳᠤᠭᠠᠷ ᠲᠦᠷᠢ ᠶᠢᠨ ᠬᠡᠬᠡᠨ · ᠤᠭ | ᠨᠡᠷ᠎ᠡ ᠨᠢ ᠵᠡᠮᠢᠶᠡᠯᠢᠭᠰᠢᠳᠵᠠᠮᠰᠦ᠃ | 1887 ᠤᠨ ᠤ 10 ᠰᠠᠷ᠎ᠠ 3 ᠳᠤ ᠰᠦᠨᠢᠳ ᠵᠡᠬᠦᠨ ᠭᠠᠷ ᠤᠨ ᠬᠤᠰᠢᠭᠤᠨ ᠤ ᠶᠡᠭᠡ | ᠴᠠᠭᠠᠨ ᠰᠤᠮᠤᠨ ᠤ ᠬᠤᠨᠭ᠍ᠭᠤᠷ ᠤᠪᠤᠭᠠᠨ ᠤ ᠠᠷᠤ ᠳᠤ ᠬᠠᠷ᠎ᠠ ᠲᠡᠰ ᠬᠡᠰᠡᠨ ᠭᠠᠵᠠᠷ ᠡᠬᠡ ᠨᠠᠮᠠᠪᠷᠠᠢ ᠶᠢᠨ ᠬᠦᠤ ᠪᠤᠯᠤᠨ | ᠵᠠᠶᠠᠭᠠᠵᠠᠢ᠃ | 1891 ᠤᠨ ᠳᠤ᠂ ᠴᠠᠭᠠᠨ ᠤᠪᠤᠭ᠎ᠠ ᠰᠦᠮ᠎ᠡ ᠶᠢᠨ ᠲᠦᠷᠪᠡᠳᠦᠭᠡᠷ ᠲᠦᠷᠢ ᠶᠢᠨ | ᠬᠡᠭᠡᠨ ᠵᠠᠮᠪᠠᠵᠠᠮᠰᠤ ᠶᠢᠨ ᠬᠤᠪᠢᠯᠭᠠᠨ ᠲᠠᠪᠤᠳᠤᠭᠠᠷ ᠲᠦᠷᠢ ᠶᠢᠨ ᠭᠡᠭᠡᠨ ᠢᠶᠠᠷ ᠲᠠᠪᠤᠨ ᠨᠠᠰᠤᠨ ᠳᠠᠭᠠᠨ ᠴᠠᠭᠠᠨ ᠤᠪᠤᠭ᠎ᠠ | ᠰᠦᠮ᠎ᠡ ᠳᠤ ᠵᠠᠯᠠᠭᠳᠠᠵᠠᠢ᠃ | 1891 — 1901 ᠤᠨ ᠬᠦᠷᠳᠡᠯ᠎ᠡ ᠴᠠᠭᠠᠨ ᠤᠪᠤᠭ᠎ᠠ ᠰᠦᠮ᠎ᠡ ᠶᠢᠨ ᠬᠡᠭᠡᠨ | ᠯᠠᠪᠷᠦ᠋ᠡᠭ ᠳᠠᠭᠠᠨ ᠨᠠᠭᠰᠢ ᠡᠷᠳᠡᠨᠢᠰᠠᠩᠵᠠᠪ ᠤᠨ ᠭᠠᠷ ᠲᠡᠭᠡᠷ᠎ᠡ ᠮᠤᠩᠭᠤᠯ ᠲᠦᠪᠡᠳ ᠨᠤᠮ ᠰᠣᠷᠴᠦ᠂ ᠱᠠᠰᠢᠨ ᠤ ᠨᠤᠮ | ᠰᠣᠷᠣᠯᠴᠠᠨ ᠰᠦᠮ᠎ᠡ ᠳᠡᠭᠡᠨ ᠰᠠᠭᠤᠪᠠ᠃ | 1906 ᠤᠨ ᠳᠤ ᠪᠤᠭᠳᠠ ᠶᠢᠨ ᠬᠦᠷᠢᠶᠡᠨ ᠳᠤ ᠠᠷᠪᠠᠨ ᠭᠤᠷᠪᠠᠳᠤᠭᠠᠷ ᠲᠦᠷᠢ ᠶᠢᠨ | ᠲᠠᠯᠠᠢ ᠪᠤᠭᠳᠠ ᠲᠠᠢ ᠠᠭᠤᠯᠵᠠᠵᠦ᠂ ᠺᠠᠮᠪᠤ ᠶᠢᠨ ᠬᠡᠷᠭᠡᠮ ᠬᠦᠷᠳᠡᠪᠡᠢ᠃ ᠲᠤᠰ ᠵᠢᠯ ᠳᠡᠭᠡᠨ ᠬᠦᠬᠡᠨᠠᠭᠤᠷ ᠮᠤᠵᠢ ᠶᠢᠨ | ᠬᠦᠮᠪᠦᠮ ᠬᠡᠶᠢᠳ ᠢᠶᠠᠷ ᠶᠠᠪᠤᠵᠦ ᠮᠦᠷᠬᠦᠯ ᠬᠢᠵᠦ ᠨᠤᠮ ᠪᠢᠰᠢᠯᠭᠠᠪᠠᠢ᠃ | 1907 ᠤᠨ ᠳᠤ ᠯᠾᠠᠰᠠ ᠬᠡᠶᠢᠳ ᠲᠤ ᠬᠦᠷᠴᠦ᠂ ᠲᠠᠯᠠᠢ ᠪᠤᠭᠳᠠ ᠠᠴᠠ ᠤᠯᠠᠭᠠᠨ | ᠵᠠᠯᠠᠭ᠎ᠠ ᠬᠦᠷᠳᠡᠵᠦ᠂ ᠴᠤᠷᠵᠢ ᠺᠠᠮᠪᠤ ᠶᠢᠨ ᠴᠤᠯᠠ ᠡᠷᠬᠦᠮᠵᠢᠯᠡᠭᠳᠡᠪᠡᠢ᠃ | 1947 ᠤᠨ ᠳᠤ ᠮᠤᠩᠭᠤᠯ ᠤᠯᠤᠰ ᠤᠨ ᠤᠷᠢᠯᠭ᠎ᠠ ᠪᠠᠷ᠂ ᠮᠤᠩᠭᠤᠯ ᠤᠯᠤᠰ ᠤᠨ | ᠤᠯᠤᠰ ᠤᠨ ᠪᠠᠶᠠᠷ ᠲᠤ ᠤᠷᠤᠯᠴᠠᠵᠦ᠂ ᠮᠠᠷᠱᠠᠯ ᠴᠣᠶᠢᠪᠠᠯᠰᠠᠩ ᠲᠠᠢ ᠠᠭᠤᠯᠵᠠᠵᠠᠢ᠃ ᠲᠤᠰ ᠵᠢᠯ ᠳᠤ ᠴᠠᠭᠠᠨ ᠬᠡᠭᠡᠨ | 61 ᠨᠠᠰᠤᠨ ᠤ ᠶᠡᠭᠡ ᠨᠠᠶᠢᠷ ᠬᠢᠵᠠᠢ᠃ ᠮᠦᠨ ᠲᠤᠰ ᠵᠢᠯ ᠳᠤ ᠴᠠᠭᠠᠨ ᠬᠡᠭᠡᠨ ᠦᠪᠦᠷ ᠮᠤᠩᠭᠤᠯ ᠤᠨ ᠠᠷᠠᠳ ᠤᠨ | ᠬᠤᠷᠠᠯ ᠤᠨ ᠬᠡᠰᠢᠬᠦᠨ ᠢᠶᠠᠷ ᠰᠤᠩᠭᠤᠭᠳᠠᠪᠠ᠃ | 1949 ᠤᠨ ᠤ 9 ᠰᠠᠷ᠎ᠠ ᠳᠤ ᠴᠠᠭᠠᠨ ᠭᠡᠭᠡᠨ ᠤᠯᠠᠭᠠᠨᠬᠦᠦ ᠨᠦᠬᠦᠷ ᠲᠠᠢ ᠬᠠᠮᠳᠦ | ᠪᠡᠭᠡᠵᠢᠩ ᠳᠤ ᠲᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ ᠵᠦᠪᠯᠡᠯᠬᠡᠨ ᠤ ᠬᠤᠷᠠᠯ ᠳᠤ ᠤᠷᠤᠯᠴᠠᠵᠦ᠂ | ᠲᠡᠷᠢᠬᠦᠯᠡᠭᠴᠢ ᠮᠠᠤ ᠽᠧ ᠳ᠋ᠦᠡᠭ ᠤᠨ ᠶᠠᠷᠢᠶ᠎ᠠ ᠶᠢ ᠰᠤᠨᠤᠰᠴᠠᠢ᠃ ᠮᠦᠨ ᠲᠢᠶᠠᠨ ᠠᠨ ᠮᠧᠨ ᠲᠠᠯᠠᠪᠠᠢ ᠳᠤ ᠠᠷᠠᠳ ᠤᠨ | ᠪᠠᠭᠠᠳᠤᠷᠴᠤᠳ ᠤᠨ ᠲᠤᠷᠠᠰᠬᠠᠯ ᠤᠨ ᠰᠤᠪᠤᠷᠭ᠎ᠠ ᠶᠢᠨ ᠰᠠᠭᠤᠷᠢ ᠲᠠᠯᠪᠢᠬᠤ ᠶᠤᠰᠤᠯᠠᠯ ᠳᠤ ᠤᠷᠤᠯᠴᠠᠪᠠ᠃ | 1951 ᠤᠨ ᠤ 3 ᠰᠠᠷ᠎ᠠ ᠶᠢᠨ ᠲᠤᠯᠤᠭᠠᠨ ᠳᠤ ᠦᠪᠦᠷ ᠮᠤᠩᠭᠤᠯ ᠤᠨ ᠦᠪᠡᠷᠳᠡᠬᠡᠨ | ᠵᠠᠰᠠᠬᠤ ᠤᠷᠤᠨ ᠤ ᠯᠠᠮᠠ ᠶᠢᠨ ᠱᠠᠰᠢᠨ ᠤ ᠠᠩᠬᠠᠳᠤᠭᠠᠷ ᠤᠳᠠᠭᠠᠨ ᠤ ᠲᠦᠯᠦᠬᠡᠯᠡᠭᠴᠢ ᠶᠢᠨ ᠬᠤᠷᠠᠯ ᠢ ᠦᠪᠦᠷ | ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠦᠷ ᠴᠠᠭ ᠤᠨ ᠰᠠᠭᠤᠭ᠎ᠠ ᠵᠠᠩ ᠵᠢᠶᠠ ᠺᠸᠣ ᠳᠤ ᠬᠢᠵᠠᠢ᠂ ︽ | ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠯᠠᠮᠠ ᠶᠢᠨ ᠲᠠᠪᠬᠤᠷᠭᠠᠳᠠᠨ ᠤ ᠠᠮᠧᠷᠢᠺᠠ ᠶᠢ ᠡᠰᠡᠷᠬᠦᠴᠡᠨ | ᠰᠤᠯᠤᠩᠭᠤᠰ ᠢ ᠲᠤᠰᠠᠯᠠᠬᠤ ᠲᠦᠯᠦᠬᠡᠯᠡᠭᠴᠢ ᠶᠢᠨ ᠬᠤᠷᠠᠯ︾ ᠪᠤᠯᠤᠨ᠎ᠠ᠃ ᠬᠤᠷᠠᠯᠳᠤᠭᠠᠨ ᠳᠤ ᠬᠦᠯᠦᠨ ᠪᠤᠶᠢᠷ ᠤᠨ | ᠭᠭᠠᠯᠰᠠᠩ ᠬᠡᠬᠡᠨ᠂ ᠤᠰᠤᠷ ᠳ᠋ᠠ ᠯᠠᠮᠠ᠂ ᠬᠢᠨᠭ᠍ᠭᠠᠨ ᠠᠶᠢᠮᠠᠭ ᠤᠨ ᠮᠠᠶᠢᠳᠠᠷ ᠬᠡᠭᠡᠨ᠂ ᠰᠢᠯᠢ ᠶᠢᠨ ᠭᠤᠤᠯ ᠤᠨ ᠴᠠᠭᠠᠨ | ᠬᠡᠭᠡᠨ᠂ ᠵᠤᠤ ᠤᠳᠠ ᠠᠶᠢᠮᠠᠭ᠂ ᠴᠠᠬᠠᠷ ᠠᠶᠢᠮᠠᠭ ᠤᠨ ᠬᠡᠭᠡᠨ ᠬᠤᠪᠢᠯᠭᠠᠨ᠂ ᠯᠠᠮᠠ ᠨᠡᠶᠢᠳᠡ 19 ᠬᠦᠮᠦᠨ | ᠤᠷᠤᠯᠴᠠᠵᠠᠢ᠃ | 1954 ᠤᠨ ᠳᠤ ᠲᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ | ᠵᠦᠪᠯᠡᠯᠬᠡᠨ ᠤ ᠬᠤᠶᠠᠳᠤᠭᠠᠷ ᠬᠤᠭᠤᠴᠠᠭᠠᠨ ᠤ ᠬᠤᠷᠠᠯ ᠪᠡᠬᠡᠵᠢᠩ ᠳᠤ ᠬᠢᠪᠡ᠃ ᠴᠠᠭᠠᠨ ᠬᠡᠬᠡᠨ ᠬᠤᠶᠠᠳᠤᠭᠠᠷ | ᠬᠤᠭᠤᠴᠠᠭᠠᠨ ᠤ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠢᠶᠠᠷ ᠬᠤᠷᠠᠯ ᠳᠤ ᠤᠷᠤᠯᠴᠠᠨ᠂ ᠦᠪᠦᠷ | ᠮᠤᠩᠭᠤᠯ ᠤᠨ ᠱᠠᠰᠢᠨ ᠤ ᠡᠳᠡᠬᠡᠳ ᠢ ᠲᠦᠯᠦᠬᠡᠯᠡᠵᠦ᠂ ᠶᠡᠭᠡ ᠬᠤᠷᠠᠯ ᠲᠡᠭᠡᠷ᠎ᠡ ᠶᠠᠷᠢᠶ᠎ᠠ ᠬᠢᠪᠡ᠃ | 1954 ᠤᠨ ᠳᠤ ᠴᠠᠭᠠᠨ ᠬᠡᠬᠡᠨ ᠦᠪᠦᠷ ᠮᠤᠩᠭᠤᠯ ᠤᠨ ᠦᠪᠡᠷᠳᠡᠬᠡᠨ ᠵᠠᠰᠠᠬᠤ | ᠤᠷᠤᠨ ᠤ ᠠᠷᠠᠳ ᠤᠨ ᠲᠦᠯᠦᠭᠡᠯᠡᠭᠴᠢ᠂ ᠰᠢᠯᠢ ᠶᠢᠨ ᠭᠤᠤᠯ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ | ᠲᠡᠳ᠋ ᠲᠡᠷᠢᠬᠦᠯᠡᠭᠴᠢ᠂ ᠰᠦᠨᠢᠳ ᠵᠡᠬᠦᠨ ᠬᠤᠰᠢᠭᠤᠨ ᠤ ᠠᠷᠠᠳ ᠤᠨ ᠲᠦᠯᠦᠭᠡᠯᠡᠭᠴᠢ ᠪᠤᠯᠪᠠ᠃ | 1955 ᠤᠨ ᠳᠤ ᠴᠠᠭᠠᠨ ᠭᠡᠭᠡᠨ ᠲᠦᠪ ᠤᠨ ᠲᠠᠷᠤᠭ᠎ᠠ ᠵᠤᠤ ᠹᠦ᠋ ᠴᠦ᠋ ᠶᠢᠨ | ᠲᠤᠮᠢᠯᠠᠯᠳᠠ ᠪᠠᠷ ᠲᠤᠰᠠᠬᠠᠢ ᠡᠭᠦᠷᠭᠡ ᠬᠦᠯᠢᠶᠡᠵᠦ᠂ ᠲᠦᠪᠡᠳ ᠤᠷᠤᠨ᠂ ᠬᠦᠮᠪᠦᠨ᠂ ᠬᠦᠮᠪᠦᠯᠦᠨ ᠵᠢᠴᠢ | ᠬᠦᠬᠡᠨᠠᠭᠤᠷ ᠤᠨ ᠯᠠᠪᠷᠤᠩ ᠬᠡᠶᠢᠳ ᠵᠡᠷᠭᠡ ᠭᠠᠵᠠᠷ ᠤᠷᠤᠨ ᠢᠶᠠᠷ ᠠᠶᠠᠯᠠᠨ ᠶᠠᠪᠤᠵᠦ᠂ ᠤᠯᠠᠨ ᠲᠡᠬᠡᠳᠦ ᠲᠠᠪᠭᠤᠷᠭᠠᠳᠠᠨ | ᠨᠠᠷ ᠲᠠᠢ ᠠᠭᠤᠯᠵᠠᠵᠦ ᠨᠠᠮ ᠤᠨ ᠱᠠᠰᠢᠨ ᠤ ᠲᠦᠷᠦ ᠶᠢᠨ ᠪᠤᠳᠤᠯᠭ᠎ᠠ ᠶᠢ ᠤᠬᠠᠭᠤᠯᠵᠦ᠂ ᠲᠠᠳᠠᠨ ᠠᠪᠬᠤ ᠠᠵᠢᠯ ᠬᠢᠪᠠ | ᠃ ᠬᠠᠮᠳᠦ ᠶᠠᠪᠤᠭᠰᠠᠨ ᠬᠦᠮᠦᠨ ᠨᠢ ᠲᠠᠰᠢᠴᠡᠷᠡᠨ᠃ | 1956 ᠤᠨ ᠳᠤ ᠴᠠᠭᠠᠨ ᠭᠡᠭᠡᠨ᠂ ᠭᠠᠯᠰᠠᠩ ᠬᠡᠭᠡᠨ᠂ ᠮᠡᠷᠭᠡᠨ ᠬᠡᠭᠡᠨ ᠲᠦᠷᠦᠬᠦᠤ ᠲᠠᠢ | 17 ᠬᠦᠮᠦᠨ ᠦᠪᠦᠷ ᠮᠤᠩᠭᠤᠯ ᠤᠨ ᠪᠤᠳ᠋ᠳ᠋ᠾᠠ ᠶᠢᠨ ᠱᠠᠰᠢᠨ ᠤ ᠨᠡᠶᠢᠬᠡᠮᠯᠢᠭ ᠢ ᠪᠠᠶᠢᠭᠤᠯᠬᠤ ᠶᠢ ᠰᠠᠨᠠᠭᠠᠴᠢᠯᠠᠪᠠ᠃ | ᠠᠷᠪᠠᠨ ᠰᠠᠷ᠎ᠠ ᠳᠤ ᠴᠠᠭᠠᠨ ᠬᠡᠭᠡᠨ᠂ ᠭᠠᠯᠰᠠᠩ ᠤᠨ ᠬᠡᠬᠡᠨ ᠲᠦᠷᠦᠬᠦᠤ ᠲᠠᠢ ᠲᠠᠪᠤᠨ ᠬᠦᠮᠦᠨ ᠢᠶᠠᠷ ᠪᠦᠷᠢᠯᠳᠦᠭᠰᠡᠨ | ᠪᠡᠯᠡᠳᠬᠡᠯ ᠵᠦᠪᠯᠡᠯ ᠪᠠᠶᠢᠭᠤᠯᠤᠭᠳᠠᠵᠦ ᠠᠵᠢᠯ ᠢᠶᠠᠨ ᠡᠬᠢᠯᠡᠬᠦᠯᠵᠡᠢ᠃ | 1957 ᠤᠨ ᠤ 4 ᠰᠠᠷ᠎ᠠ ᠶᠢᠨ 12 ᠤ ᠡᠳᠦᠷ ᠬᠦᠬᠡᠬᠤᠳᠠᠨ᠎ᠠ ᠦᠪᠦᠷ ᠮᠤᠩᠭᠤᠯ ᠤᠨ | ᠦᠪᠡᠷᠳᠡᠬᠡᠨ ᠵᠠᠰᠠᠬᠤ ᠤᠷᠤᠨ ᠤ ᠪᠤᠳ᠋ᠳ᠋ᠾᠠ ᠶᠢᠨ ᠱᠠᠰᠢᠨ ᠤ ᠨᠡᠶᠢᠬᠡᠮᠯᠢᠭ ᠤᠨ ᠨᠡᠷ᠎ᠡ ᠬᠦᠨᠳᠦᠳᠦ ᠲᠡᠷᠢᠬᠦᠯᠡᠭᠴᠢ ᠪᠠᠷ | ᠰᠤᠩᠭᠤᠭᠳᠠᠪᠠ᠃ | 1957 ᠤᠨ ᠤ 4 ᠰᠠᠷ᠎ᠠ ᠶᠢᠨ 22 ᠤ ᠡᠳᠦᠷ ᠴᠠᠭᠠᠨ ᠤᠪᠤᠭ᠎ᠠ ᠶᠢᠨ ᠴᠠᠷᠠᠭᠠᠳᠤ ᠬᠡᠮᠡᠬᠦ | ᠭᠠᠵᠠᠷ ᠨᠠᠰᠤᠨ ᠬᠤᠳᠤᠭ ᠪᠤᠯᠪᠠ᠃ |