| ᠪᠠᠲᠠᠢ ᠶᠢᠨ ᠵᠢᠷᠠᠨ | ᠵᠡᠬᠦᠨᠭᠠᠷ᠂ ᠪᠠᠲᠤᠴᠠᠭᠠᠨ | ᠠᠯᠲᠠᠨ ᠳᠡᠯᠡᠬᠡᠢ ᠶᠢᠨ ᠰᠤᠨᠤᠷ ᠲᠤ ᠳᠣᠮᠤᠭ ᠢᠶᠠᠷ ᠢᠶᠠᠨ ᠡᠷᠲᠡ ᠬᠦᠷᠦᠭᠰᠡᠨ | ᠠᠯᠠᠱᠠ ᠶᠢ ᠮᠡᠳᠡᠬᠦ ᠦᠬᠡᠢ ᠬᠦᠮᠦᠨ ᠵᠢᠷᠡᠨ ᠢ ᠮᠡᠳᠡᠳᠡᠭ ᠪᠠᠶᠢᠭᠰᠠᠨ | ᠳᠣᠮᠤᠭ ᠢᠶᠠᠷ ᠰᠡᠷᠢᠵᠤ ᠳᠣᠮᠤᠭ ᠢᠶᠠᠷ ᠵᠡᠬᠦᠳᠣᠯᠡᠳᠡᠭ ᠭᠠᠵᠠᠷ ᠤᠨ ᠴᠠᠩᠬᠡᠷ ᠨᠢᠳᠣᠨ | ᠳᠣᠲᠣᠭᠠᠳᠤ ᠡᠩᠭᠡᠷ ᠤᠨ ᠮᠢᠨᠢ ᠳᠣᠯᠠᠭᠠᠨ ᠨᠦᠮᠦᠷᠢ ᠪᠠᠳᠠᠢ ᠶᠢᠨ ᠵᠢᠷᠠᠨ | ᠵᠢᠰᠤ ᠪᠠᠨ ᠬᠡᠵᠢᠶᠡᠲᠠ ᠬᠤᠪᠢᠷᠠᠭᠠᠳᠠᠭ᠂ ᠳᠣᠵᠢ ᠳᠠᠭᠠᠨ ᠰᠢᠨ᠎ᠠ ᠵᠢᠷᠠᠨ | ᠵᠤᠭᠠᠴᠠᠬᠤ ᠬᠦᠮᠦᠰ ᠤᠨ ᠰᠡᠳᠬᠢᠯ ᠳᠤ ᠬᠤᠷᠭᠤᠳᠠᠭᠰᠠᠨ ᠨᠠᠷᠠᠲᠤ ᠶᠢᠨ ᠨᠢᠭᠤᠴᠠᠲᠤ ᠠᠷᠠᠯ | ᠬᠤᠷᠢᠨ ᠵᠠᠭᠤᠨ ᠤ ᠪᠢᠰᠢ᠂ ᠵᠠᠭᠤᠨ ᠵᠠᠭᠤᠨ ᠤ ᠰᠢᠭᠤᠷᠭᠠᠨ ᠳᠤ | ᠬᠤᠷᠸ᠎ᠠ ᠳᠤ ᠪᠠᠶᠢᠷᠢ ᠪᠠᠨ ᠣᠯᠣᠭᠰᠠᠨ ᠠᠯᠠᠱᠠ ᠠᠴᠠ ᠰᠠᠯᠵᠤ ᠨᠡᠬᠦᠭᠡ ᠦᠬᠡᠢ | ᠡᠯᠢᠬᠡᠨ ᠠᠴᠠ ᠪᠠᠨ ᠡᠮᠳᠡᠷᠡᠨ᠂ ᠤᠶᠡᠷᠠᠵᠤ ᠤᠷᠤᠰᠳᠠᠭ ᠡᠯᠡᠰᠤᠨ ᠳᠠᠯᠠᠢ | ᠡᠩ ᠳᠡᠯᠡᠭᠡᠢ ᠶᠢ ᠰᠦᠷ ᠢᠶᠠᠷ ᠢᠶᠠᠨ ᠰᠦᠬᠦᠳᠭᠡᠭᠰᠡᠨ ᠪᠠᠶᠢᠭᠠᠯᠢ ᠶᠢᠨ ᠠᠶᠤᠳᠠᠰᠤ | ᠨᠢᠭᠤᠴᠠ ᠪᠠᠨ ᠪᠤᠮᠪᠠᠯᠠᠵᠤ ᠦᠯᠡᠳᠡᠬᠡᠬᠦ ᠬᠤᠷᠸ᠎ᠠ ᠶᠢᠨ ᠠᠮᠢᠳᠣ ᠤᠩᠭᠤᠨ | ᠨᠢᠷᠤᠭᠤ ᠨᠢ ᠬᠡᠵᠢᠶᠡᠳᠠ ᠳᠡᠭᠷᠢ ᠬᠦᠳᠤᠶᠢᠯᠬᠡᠬᠦ ᠦᠨᠳᠦᠷ ᠨᠡᠷ᠎ᠡ ᠶᠢᠨ ᠬᠠᠭᠠᠨ | ᠰᠢᠳᠢ ᠪᠠᠨ ᠡᠷᠲᠠ ᠢᠯᠡᠷᠡᠬᠦᠯᠳᠡᠭ ᠦᠬᠡᠢ ᠭᠠᠵᠠᠷ ᠤᠨ ᠪᠠᠰᠠ ᠨᠢᠭᠡ ᠫᠢᠷᠠᠮᠢᠳ᠋ | ᠰᠢᠨᠵᠢᠬᠦ ᠬᠦᠮᠦᠰ ᠤᠨ ᠲᠤᠯᠤᠭᠠᠢ ᠡᠷᠬᠢᠬᠦᠯᠦᠭᠰᠡᠨ ᠳᠠᠯᠠᠢ ᠶᠢᠨ ᠬᠠᠷ᠎ᠠ ᠭᠤᠷᠪᠠᠯᠵᠢᠨ | ᠡᠭᠡ ᠪᠦᠮᠪᠦᠷᠴᠡᠭ ᠤᠨ ᠨᠢᠯᠬ᠎ᠠ ᠴᠠᠭ ᠲᠤ ᠡᠷᠬᠢ ᠪᠠᠨ ᠴᠠᠯᠬᠢᠭᠰᠠᠨ ᠳᠠᠯᠠᠢ | ᠡᠷᠬᠢᠬᠦ ᠡᠨᠡ ᠵᠠᠭᠤᠨ ᠳᠤ ᠶᠢᠯᠸᠢ ᠪᠠᠷ ᠢᠶᠠᠨ ᠲᠤᠲᠤᠷᠠᠭᠰᠠᠨ ᠡᠯᠡᠰᠦᠵᠢᠨ | ᠠᠯᠲᠠᠨ ᠳᠡᠬᠡᠯᠡᠢ ᠶᠢᠨ ᠲᠠᠭᠤᠨ ᠳᠤ ᠣᠶᠠᠷᠠᠨ ᠤᠶᠠᠷᠠᠨ ᠦᠰᠴᠤ | ᠠᠭᠠᠳᠠᠷ ᠤᠨ ᠴᠠᠩᠭᠡᠷ ᠬᠤᠷ᠎ᠠ ᠳᠤ ᠳᠣᠪᠰᠢᠭᠤᠯᠤᠨ ᠲᠤᠪᠰᠢᠭᠤᠯᠤᠨ ᠬᠠᠳᠠᠭᠤᠷᠠᠵᠤ | ᠴᠤᠬᠢᠶ᠎ᠠ ᠦᠨᠲᠦᠷ ᠤᠷᠬᠢᠯ ᠳᠤᠨᠢ ᠭᠤᠷᠪᠠᠨ ᠮᠠᠷᠠᠯ ᠲᠦᠬᠡᠷᠢᠵᠤ ᠬᠤᠨᠤᠭᠰᠠᠨ ᠦᠯᠢᠬᠡᠷ ᠲᠠᠢ | ᠴᠤᠤᠲᠠᠢ ᠵᠠᠷ ᠲᠠᠢ ᠰᠠᠶᠢᠨ ᠡᠷ᠎ᠡ ᠨᠤᠲᠤᠭᠯᠠᠵᠤ ᠰᠠᠭᠤᠭᠰᠠᠨ ᠮᠦᠷ ᠲᠠᠢ | ᠪᠦᠷᠢᠲᠤ ᠬᠠᠷᠠᠬᠠᠨ ᠨᠠᠭᠤᠷ ᠲᠤᠨᠢ ᠪᠦᠲᠦᠨ ᠰᠠᠷ᠎ᠠ ᠰᠦᠨᠢᠵᠢᠨ ᠤᠬᠢᠶᠠᠭᠳᠠᠵᠤ ᠴᠠᠶᠢᠷᠠᠳᠠᠭ | ᠪᠦᠯᠢᠶᠡᠨ ᠡᠯᠡᠰᠦ ᠨᠢ ᠤᠮᠠᠷᠠᠨ ᠣᠮᠠᠷᠠᠨ ᠨᠤᠷᠠᠵᠤ ᠮᠦᠷ ᠢᠶᠠᠨ ᠪᠠᠯᠯᠠᠳᠠᠭ | ᠲᠤᠭᠤᠨᠤ ᠪᠠᠷ ᠦᠩᠬᠡᠶᠢᠬᠦ ᠤᠷᠤᠶᠢᠳ ᠨᠢ ᠲᠡᠮᠡᠬᠡᠨ ᠰᠢᠷᠭᠠᠯ ᠦᠩᠬᠡ ᠲᠠᠢ | ᠲᠤᠭᠤᠭ᠎ᠠ ᠲᠠᠢ ᠰᠦ ᠳᠤ ᠣᠨᠠᠭᠰᠠᠨ ᠳᠣᠯᠣᠭᠠᠨ ᠤᠳᠤᠨ ᠤ ᠵᠢᠷᠤᠭ ᠲᠠᠢ | ᠵᠢᠭᠳᠡᠨ ᠤ ᠰᠢᠬᠢᠷᠯᠢᠭ ᠦᠨᠦᠷ ᠢᠶᠠᠷ ᠨᠢ ᠵᠦᠩᠳᠡᠭᠡᠨ ᠬᠦᠮᠦᠰ ᠡᠷᠢᠭ᠍ᠰᠡᠨ ᠬᠡᠨᠡᠮ | ᠵᠢᠭᠳᠡᠢ ᠭᠠᠶᠢᠬᠠᠮᠰᠢᠭ ᠤᠨ ᠣᠷᠴᠢᠯᠠᠩ ᠳᠤ ᠲᠦᠬᠡᠷᠢᠬᠦ ᠠᠴᠠ ᠦᠬᠡᠷ᠎ᠡ ᠵᠠᠮ ᠦᠬᠡᠢ ᠬᠡᠨᠡᠮ | ᠪᠤᠷᠤᠭᠤ ᠵᠠᠮ ᠢᠶᠠᠷ ᠤᠷᠤᠪᠠᠯ ᠪᠤᠴᠠᠬᠤ ᠮᠦᠷ ᠦᠬᠡᠢ ᠴᠠᠩᠭᠠᠵᠤ ᠦᠬᠦᠬᠦ ᠬᠠᠳᠠᠭᠤ ᠴᠠᠭᠠᠵᠠ | ᠪᠦᠷᠢᠲᠣ ᠠᠴᠠ ᠨᠢ ᠤᠤᠭᠤᠲᠠᠭ ᠵᠡᠷᠯᠢᠭ ᠳᠡᠮᠡᠭᠡᠳ ᠶᠠᠰᠤ ᠳᠠᠯᠪᠢᠬᠤ ᠠᠮᠢᠲᠤ ᠶᠢᠨ ᠳ᠋ᠢᠪᠠᠵᠢᠨ | ᠳᠡᠯᠯᠡᠵᠤ ᠰᠢᠭᠤᠷᠠᠭᠰᠠᠨ ᠡᠯᠡᠰᠦ ᠨᠢ ᠨᠡᠬᠦᠵᠤ ᠡᠷᠢᠶ᠎ᠡ ᠪᠠᠨ ᠦᠷᠬᠦᠯᠵᠤ ᠰᠤᠯᠢᠨ᠎ᠠ | ᠳᠠᠯᠠᠢ ᠶᠢ ᠲᠦᠷᠰᠦᠯᠡᠬᠦ ᠴᠠᠩᠭᠡᠷ ᠭᠠᠨᠳᠢᠷᠰᠦᠨ ᠠᠴᠠ ᠭᠠᠯ ᠤᠨ ᠨᠦᠯᠦ ᠤᠶᠢᠯᠭᠠᠨ᠎ᠠ | ᠰᠦᠰᠦ ᠶᠢ ᠨᠢ ᠰᠢᠯᠭᠠᠵᠤ ᠪᠠᠶᠢᠵᠤ ᠵᠤᠷᠢᠮᠠᠭ ᠭᠡᠳᠣᠭᠡᠨ ᠡᠵᠡᠨ ᠰᠤᠩᠭᠤᠳᠠᠭ | ᠮᠦᠰᠦ ᠶᠢ ᠨᠢ ᠦᠵᠡᠵᠤ ᠪᠠᠶᠢᠵᠤ ᠲᠤᠭ᠎ᠠ ᠲᠠᠢ ᠴᠦᠬᠡᠨ ᠬᠦᠮᠦᠨ ᠤᠷᠤᠭᠤᠯᠳᠠᠭ | ᠵᠠᠭᠤᠨ ᠠᠴᠠ ᠴᠦ ᠤᠷᠲᠤ ᠨᠠᠰᠤ ᠲᠠᠢ ᠵᠢᠷᠤᠭ ᠤᠨ ᠶᠤᠮᠰᠢᠭ ᠪᠠᠶᠢᠭᠠᠯᠢ | ᠵᠢᠬᠦᠷᠲᠡᠨ ᠰᠢᠪᠠᠭᠤᠳ ᠭᠠᠩᠭᠠᠨᠠᠯᠳᠣᠭᠰᠠᠨ ᠬᠤᠷᠸ᠎ᠠ ᠶᠢᠨ ᠦᠩᠭᠡᠲᠤ ᠵᠢᠷᠤᠭ | ᠵᠢᠷᠠᠨ ᠬᠡᠯᠡᠨ ᠤ ᠡᠷᠡᠴᠤᠤᠤᠯ ᠢ ᠵᠢᠰᠤ ᠪᠠᠷ ᠢᠶᠠᠨ ᠲᠠᠳᠠᠭᠰᠠᠨ ᠲᠠᠬᠢᠨᠢ | ᠵᠤᠨ ᠤ ᠴᠠᠴᠡᠭ ᠰᠢᠭ ᠬᠡᠤᠭᠡᠨ ᠤ ᠵᠢᠷᠦᠬᠡᠨ ᠳᠤ ᠰᠦᠮᠪᠦᠷᠯᠡᠬᠦ ᠬᠠᠶᠢᠷᠬᠠᠨ | ᠪᠠᠳᠠᠢ ᠯᠠᠮᠠ ᠶᠢᠨ ᠢᠯᠡᠷᠡᠬᠦᠯᠦᠭᠰᠡᠨ ᠵᠢᠷᠡᠨ ᠨᠠᠭᠤᠷ ᠤᠨ ᠨᠢᠭᠤᠴᠠ | ᠪᠠᠭᠠᠲᠤᠷ ᠳᠡᠭᠡᠳᠤᠰ ᠲᠠᠢ ᠪᠢᠳᠠ ᠨᠠᠷ ᠤᠨ ᠰᠢᠲᠤᠨ ᠪᠢᠰᠢᠷᠡᠬᠦ ᠪᠠᠭᠤᠴᠠ | ᠴᠤᠬᠢᠶ᠎ᠠ ᠦᠨᠲᠦᠷ ᠤᠷᠬᠢᠯ ᠳᠤᠨᠢ ᠭᠤᠷᠪᠠᠨ ᠮᠠᠷᠠᠯ ᠲᠦᠬᠡᠷᠢᠵᠤ ᠬᠤᠨᠤᠭᠰᠠᠨ ᠦᠯᠢᠭᠡᠷ ᠲᠠᠢ | ᠴᠤᠤᠲᠠᠢ ᠵᠠᠷ ᠲᠠᠢ ᠰᠠᠶᠢᠨ ᠡᠷ᠎ᠡ ᠨᠤᠲᠤᠭᠯᠠᠵᠤ ᠰᠠᠭᠤᠭᠰᠠᠨ ᠮᠦᠷ ᠲᠠᠢ | ᠲᠤᠭᠤᠨᠤ ᠪᠠᠷ ᠦᠩᠬᠡᠶᠢᠬᠦ ᠤᠷᠤᠶᠢᠳ ᠨᠢ ᠲᠡᠮᠡᠭᠡᠨ ᠰᠢᠷᠭᠠᠯ ᠦᠩᠬᠡ ᠲᠠᠢ | ᠲᠤᠭᠤᠭ᠎ᠠ ᠲᠠᠢ ᠰᠦ ᠳᠤ ᠤᠨᠠᠭᠰᠠᠨ ᠲᠤᠯᠤᠭᠠᠨ ᠤᠲᠤᠨ ᠤ ᠵᠢᠷᠤᠭ ᠲᠠᠢ | ᠬᠠᠶ᠋ᠢᠭ᠄ ᠠᠯᠠᠱᠠ ᠷᠠᠳᠢᠣ᠋ | ᠬᠤᠷᠢᠶ᠎ᠠ |