ᠦᠴᠢᠭ
ᠨᠡᠶᠢᠲᠡᠯᠡᠭᠰᠡᠨ ᠴᠠᠭ᠄
2010/10/11
 
   ᠦᠴᠢᠭ                  ᠰᠢᠷᠠᠶᠢᠳ ᠳᠦᠭᠦᠷᠡᠩᠵᠢᠷᠭᠠᠯ ᠠᠯᠲᠠᠨ ᠬᠠᠷᠭᠠᠨ᠎ᠠ ᠦᠶᠡᠯᠵᠠᠭᠦᠯᠬᠦ ᠲᠠᠯ᠎ᠠ ᠶᠢᠨ ᠬᠦᠬᠡ ᠰᠠᠯᠬᠢ ᠨᠢ ᠠᠪᠤ ᠯᠡ ᠡᠵᠢ ᠪᠠᠨ ᠡᠷᠬᠢᠬᠦ ᠳᠡᠭᠡᠨ ᠤᠨᠤᠭ᠎ᠠ ᠪᠤᠯᠭᠠᠮᠠᠷ ᠵᠢᠷᠤᠭ᠎ᠠ ᠳ᠋ᠠ ᠠᠯᠣᠰ ᠤᠨ ᠠᠯᠣᠰ ᠲᠤ ᠴᠣᠶᠢᠯᠵᠠᠬᠤ ᠣᠰᠣᠨ ᠳᠡᠯᠡᠮᠡᠨ ᠵᠡᠷᠭᠡᠯᠭᠡ ᠨᠢ ᠠᠷᠪᠠᠨ ᠨᠠᠢᠮᠠᠲᠠᠢ ᠰᠡᠳᠬᠢᠯ ᠮᠢᠨᠢ ᠰᠢᠭ ᠬᠠᠷᠠᠴᠠᠨ ᠳᠤ ᠠᠷᠭᠠᠮᠵᠢᠭᠳᠠᠭ᠎ᠠ ᠦᠭᠡᠢ ᠡᠮᠨᠢᠭ ᠳ᠋ᠠ ᠰᠠᠯᠬᠢᠨ ᠵᠡᠷᠭᠡᠯᠭᠡ ᠬᠤᠶᠠᠷ ᠨᠢ ᠮᠣᠷᠢᠨ ᠤ ᠶᠠᠪᠣᠳᠠᠯ ᠢ ᠰᠠᠨᠠᠭᠳᠠᠭᠤᠯᠣᠭᠰᠠᠨ ᠰᠠᠶᠢᠬᠠᠨ ᠡᠨᠡ ᠣᠷᠴᠢᠯᠠᠩ ᠳᠤ ᠮᠠᠭᠤᠬᠠᠢ ᠠᠪᠤᠷᠢᠯᠠᠵᠤ ᠴᠢᠳᠠᠬᠤ ᠦᠬᠡᠢ ᠨᠢ ᠡ︕ ᠳᠡᠪᠡᠯ ᠲᠠᠢ ᠡᠷ᠎ᠡ ᠶᠢᠨ ᠬᠡᠢ ᠮᠣᠷᠢ ᠰᠢᠭ ᠦᠭᠡᠳᠡ ᠪᠠᠨ ᠰᠣᠷ ᠲᠠᠢ ᠭᠠᠯ ᠨᠢ ᠳᠡᠯ ᠰᠡᠭᠦᠯ ᠪᠠᠷ ᠢᠶᠠᠨ ᠳᠣᠭᠯᠠᠬᠤ ᠰᠠᠯᠬᠢᠨ ᠬᠦᠯᠦᠭ ᠤᠨ ᠰᠦᠷ ᠤᠤ ᠳ᠋ᠠ ᠳᠡᠯᠡᠬᠡᠢ ᠶᠢᠨ ᠬᠡᠪᠡᠯᠢ ᠳᠠᠭᠠᠵᠣ ᠣᠷᠣᠰᠬᠤ ᠣᠮᠣᠭᠯᠠᠩ ᠴᠡᠩᠭᠡᠷ ᠣᠰᠣ ᠨᠢ ᠳᠡᠩᠳᠡᠭᠦᠦ ᠬᠤᠯᠠ ᠠᠴᠠ ᠳᠠᠰᠣᠷᠠᠭᠰᠠᠨ ᠳᠣᠳᠣ ᠮᠠᠩᠯᠠᠢ ᠶᠢᠨ ᠬᠤᠷᠳᠣ ᠤᠤ ᠳ᠋ᠠ ᠭᠠᠯ ᠣᠰᠣ ᠬᠤᠶᠠᠷ ᠨᠢ ᠮᠣᠷᠢᠨ ᠤ ᠶᠠᠪᠣᠳᠠᠯ ᠢ ᠰᠠᠨᠠᠭᠤᠯᠤᠭᠰᠠᠨ ᠭᠠᠶᠢᠬᠠᠯᠲᠠᠢ ᠡᠨᠡ ᠽᠠᠮᠪᠤ ᠳᠤ ᠭᠠᠩᠳᠠᠭᠤ ᠶᠠᠪᠤᠵᠤ ᠳᠡᠪᠴᠢᠬᠦ ᠦᠭᠡᠢ ᠨᠢ ᠡ︕ ᠠᠵᠠᠢ ᠪᠤᠭᠤᠷᠣᠯ ᠨᠠᠷᠠᠨ ᠠᠭᠤᠯᠠᠨ ᠤ ᠡᠩᠭᠡᠷ ᠠᠴᠠ ᠮᠠᠨᠳᠣᠬᠤ ᠳᠤ ᠠᠳᠣᠭᠤᠨ ᠮᠠᠨᠠᠭᠰᠠᠨ ᠠᠪᠤ ᠮᠢᠨᠢ ᠣᠶᠠᠭᠠᠨ ᠳᠠᠭᠠᠨ ᠪᠠᠭᠤᠬᠤ ᠨᠢ ᠬᠠᠷᠠᠭᠳᠠᠨ᠎ᠠ ᠠᠮᠠᠷᠠᠠᠭ ᠴᠠᠭᠠᠨ ᠰᠠᠷᠠᠨ ᠣᠷᠴᠢᠯᠠᠩ ᠢ ᠰᠦᠯᠡᠨ ᠳᠡᠷᠭᠡᠯᠰᠢᠬᠦ ᠨᠢ ᠠᠶᠢᠯ ᠤᠨ ᠵᠢᠭᠠᠬᠠᠨ ︽ᠰᠦᠩᠵᠢᠳᠮ᠎ᠠ︾ ᠪᠠᠨ ᠰᠠᠨᠠᠵᠤ ︽ᠰᠢᠪᠠᠭᠤᠨ ᠰᠠᠷᠠᠯ︾ ᠳᠠᠭᠠᠨ ᠮᠣᠷᠳᠠᠨ᠎ᠠ ᠨᠠᠷᠠᠨ ᠰᠠᠷᠠᠨ ᠬᠤᠶᠠᠷ ᠨᠢ ᠮᠣᠷᠢᠨ ᠤ ᠶᠠᠪᠤᠳᠠᠯ ᠶᠢᠨ ᠰᠠᠨᠠᠭᠤᠯᠤᠭᠰᠠᠨ ᠨᠠᠶᠢᠷᠲᠠᠢ ᠰᠠᠶᠢᠬᠠᠨ ᠬᠤᠷᠸ᠎ᠠ ᠳᠤ ᠳᠠᠭᠤᠣ ᠦᠭᠡᠢ ᠳᠦᠩᠭᠦᠶᠢᠵᠦ ᠴᠢᠳᠠᠬᠤ ᠦᠭᠡᠢ ᠨᠢ︕ ᠬᠦᠮᠦᠨ ᠪᠤᠯᠬᠤ ᠬᠡᠵᠦ ᠨᠢᠯᠬ᠎ᠠ ᠬᠡᠦᠬᠡᠳ ᠴᠠᠰᠬᠢᠬᠦ ᠬᠦᠯᠦᠭ ᠪᠤᠯᠬᠤ ᠭᠡᠵᠦ ᠨᠣᠶᠢᠳᠠᠨ ᠣᠨᠠᠭ᠎ᠠ ᠳᠡᠩᠴᠡᠬᠦ ᠬᠤᠶᠠᠷ ᠲᠤ ᠪᠣᠷᠬᠠᠳ ᠠᠳᠠᠯᠢᠬᠠᠨ ᠪᠠᠶᠠᠷᠯᠠᠳᠠᠭ ᠭᠡᠨᠡᠮ ᠣᠨᠣᠭᠳᠠᠭᠰᠠᠨ ᠵᠠᠶᠠᠭᠠᠨ ᠳᠠᠭᠠᠨ ᠪᠠᠭᠳᠠᠵᠤ ᠬᠦᠮᠦᠨ ᠦᠩᠭᠡᠷᠡᠬᠦ ᠣᠪᠣᠭᠠᠨ ᠳᠡᠭᠡᠷ᠎ᠡ ᠮᠣᠷᠢᠨ ᠳᠣᠯᠣᠭᠠᠢ ᠴᠠᠶᠢᠷᠠᠬᠤ ᠬᠤᠶᠠᠷ ᠲᠤ ᠪᠣᠷᠬᠠᠳ ᠠᠳᠠᠯᠢᠬᠠᠨ ᠭᠤᠨᠢᠳᠠᠭ ᠭᠡᠨᠡᠮ ᠬᠦᠮᠦᠨ ᠪᠣᠯᠭᠠᠵᠤ ᠤᠷᠴᠢᠯᠠᠩ ᠳᠤ ᠲᠦᠷᠦᠭᠦᠯᠵᠦ ᠮᠣᠷᠢᠨ ᠤ ᠶᠠᠪᠣᠳᠠᠯ ᠶᠢᠨ ᠰᠠᠨᠠᠭᠤᠯᠣᠭᠰᠠᠨ ᠬᠦᠭᠡᠷᠦᠭᠦᠢ ᠡᠨᠡ ᠪᠤᠷᠬᠠᠳ ᠤᠨ ᠡᠮᠤᠨ᠎ᠡ ᠪᠤᠷᠣᠭᠤ ᠶᠠᠪᠣᠵᠣ ᠵᠢᠷᠦᠬᠡᠯᠡᠬᠦ ᠨᠢ ᠡ ᠬᠠᠶ᠋ᠢᠭ᠄ ︽ᠦᠨᠢᠷ ᠴᠡᠴᠡᠭ︾ ᠰᠡᠳᠬᠦᠯ
 
ᠢᠷᠡᠯᠲᠡ᠄ ᠲᠠᠪᠤᠳᠣᠬᠢ ᠤᠳᠠᠭᠠᠨ  ᠤ ︽ᠬᠢᠯᠦᠭᠡᠨ ᠤᠶᠠᠩᠭ᠎ᠠ︾ ᠢᠷᠠᠭᠤ ᠨᠠᠶᠢᠷᠠᠭ ᠤᠨ ᠮᠦᠷᠦᠶᠢᠴᠡᠬᠡᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号