ᠨᠤᠳᠤᠭ
ᠨᠡᠶᠢᠲᠡᠯᠡᠭᠰᠡᠨ ᠴᠠᠭ᠄
2010/10/11
   
         ᠨᠤᠳᠤᠭ               ᠪᠠᠶᠠᠭᠤᠳ ᠰᠠᠩᠵᠢ  ᠲᠡᠪᠡᠯᠳᠦ ᠶᠢᠨ ᠤᠬᠠᠭᠠᠨ ᠢ ᠰᠡᠬᠦᠳᠡᠷ ᠴᠢᠳᠦᠷᠯᠡᠵᠤ ᠵᠢᠷᠦᠬᠡ ᠵᠢᠩᠳᠡᠭᠰᠡᠨ ᠳᠡᠯᠳᠦ ᠶᠢᠨ ᠬᠤᠷᠳᠤ ᠶᠢ ᠳᠤᠤᠷ ᠦᠷᠦᠭᠡᠯᠳᠦᠵᠤ ᠳᠠᠯ᠎ᠠ ᠨᠢ ᠶᠠᠪᠠᠭᠠᠷᠠᠭᠰᠠ ᠤᠰᠤ ᠬᠠᠷᠠᠶ᠎ᠠ ᠬᠡᠬᠦᠯᠡᠷ ᠠᠶᠠᠭᠠᠨ ᠤ ᠮᠢᠨᠢ ᠤᠰᠤ ᠡᠭ᠍ᠰᠢᠮᠡᠷ ᠯᠠ ᠰᠠᠨᠠᠭᠳᠠᠨ᠎ᠠ ᠠᠭᠤᠯᠠᠨ ᠳᠤ ᠭᠠᠷᠤᠶ᠎ᠠ ᠬᠡᠬᠦᠯᠡᠷ ᠤᠷᠤᠮᠳᠠᠭᠰᠠᠨ ᠪᠤᠭᠤ ᠨᠢ ᠬᠠᠳᠠᠨ ᠳᠤ ᠰᠢᠩᠭᠡᠮᠡᠷ ᠯᠠ ᠦᠵᠡᠭᠳᠡᠨ᠎ᠡ ᠦᠪ ᠠᠴᠠ ᠬᠤᠯᠠᠳᠠᠬᠤ ᠵᠡᠬᠦᠳᠦ ᠮᠡᠳᠦ ᠲᠦᠪ ᠠᠴᠠ ᠵᠢᠭᠤᠳᠠᠬᠤ ᠴᠡᠭ ᠮᠡᠳᠦ ᠨᠤᠳᠤᠭ᠃ ᠰᠠᠨᠠᠵᠤ ᠰᠠᠨᠠᠭᠤᠯᠬᠤ ᠶᠢᠨ ᠦᠢᠯᠡ ᠶᠢ ᠰᠠᠯᠬᠢᠨ ᠤ ᠬᠢᠨᠢ ᠦᠵᠦᠬᠦᠷ ᠠᠮᠢᠰᠬᠤᠭ᠎ᠠ ᠵᠤᠯᠭᠠᠭᠤᠯᠵᠤ ᠰᠠᠨᠠᠭᠠᠳ ᠤᠴᠢᠬᠤ ᠶᠢᠨ ᠴᠠᠭ ᠲᠤ ᠰᠠᠭᠠᠮᠰᠢᠭᠰᠠᠨ ᠰᠦᠨ ᠤ ᠬᠢᠨᠢ ᠭᠡᠷᠡᠯ ᠢᠶᠠᠷ ᠰᠢᠯᠦᠭ ᠤᠨ ᠬᠦᠯᠦᠭ ᠳᠠᠷᠬᠢᠭᠤᠯᠵᠤ ᠡᠬᠢᠯᠡᠳᠡᠭ ᠰᠠᠯᠤᠭᠠᠳ ᠤᠳᠠᠬᠤ ᠶᠢᠨ ᠴᠠᠭ ᠢᠶᠠᠷ ᠠᠭᠠᠭ ᠲᠠᠢ ᠰᠠᠯᠬᠢ ᠨᠢ ᠵᠡᠬᠦᠳᠦᠨ ᠳᠤ ᠡᠷᠬᠢᠵᠤ ᠰᠠᠷᠠ ᠲᠠᠢ ᠪᠠᠨ ᠬᠠᠮᠳᠤ ᠲᠡᠷᠡᠨ ᠤ ᠮᠢᠨᠢ ᠲᠡᠷᠭᠡᠳᠡ ᠵᠡᠬᠦᠷᠮᠡᠭᠯᠡᠳᠡᠭ ᠨᠡᠷ᠎ᠡ ᠨᠢ ᠴᠢᠰᠤᠨ ᠳᠤ ᠮᠢᠨᠢ ᠡᠰᠵᠢᠭ᠍ᠰᠡᠨ ᠨᠢᠯᠪᠤᠰᠤ ᠨᠢ ᠴᠢᠯᠠᠭᠤᠨ ᠳᠤ ᠨᠢ ᠲᠠᠭᠠᠪᠤᠷᠯᠠᠭᠰᠠᠨ — ᠨᠤᠳᠤᠭ ᠪᠤᠭᠤᠷᠤᠯ ᠢᠶᠠᠨ ᠬᠦᠳᠡᠭᠡᠯᠡᠬᠦᠯᠦᠬᠡᠳ ᠪᠤᠴᠠᠬᠤ ᠳᠤ ᠴᠡᠴᠡᠭᠡᠰ ᠤᠨ ᠲᠤᠯᠤᠭᠠᠢ ᠳᠤ ᠭᠤᠨᠢᠭ ᠰᠢᠬᠦᠳᠡᠷᠢᠯᠡᠭᠰᠡᠨ ᠪᠤᠳᠤᠯ ᠳᠤ ᠪᠠᠨ ᠲᠦᠭᠡᠷᠢᠭᠰᠡᠨ ᠬᠡᠮᠡᠷᠬᠡᠨ ᠠᠭᠤᠯᠠᠰ ᠤᠨ ᠵᠤᠯᠠᠢ ᠨᠢ ᠮᠠᠨᠠᠨ ᠬᠦᠰᠢᠭᠡᠯᠡᠭᠰᠡᠨ ᠪᠤᠴᠠᠵᠤ ᠡᠷᠬᠢᠬᠦ ᠦᠬᠡᠢ ᠴᠠᠭ ᠬᠤᠭᠤᠴᠠᠭᠠᠨ ᠤ ᠵᠢᠮ᠎ᠡ ᠶᠢ ᠲᠡᠭᠡᠳᠦᠰ ᠤᠨ ᠮᠢᠨᠢ ᠪᠤᠩᠬᠤᠨ ᠤ ᠲᠡᠷᠭᠡᠳᠡ ᠦᠷ᠎ᠡ ᠶᠢᠨ ᠨᠢᠯᠪᠤᠰᠤ ᠲᠠᠢ ᠴᠤᠭ ᠢᠶᠠᠷ ᠡᠵᠡᠯᠡᠬᠦ ᠳᠤ ᠪᠠᠨ ᠬᠦᠯᠵᠢᠬᠦ ᠳᠤ ᠮᠢᠨᠢ ᠳᠡᠯᠡᠬᠡᠢ ᠶᠢᠨ ᠳᠡᠶᠢᠳᠡᠢ ᠨᠦᠮᠦᠷᠢᠯᠡᠵᠤ ᠬᠦᠮᠦᠵᠢᠬᠦ ᠳᠤ ᠮᠢᠨᠢ ᠶᠠᠰᠤᠨ ᠤ ᠳᠠᠮᠢᠷ ᠨᠦᠭᠦᠭᠰᠡᠨ ᠠᠭᠤᠯᠠ — ᠨᠤᠳᠤᠭ ᠠᠷᠭᠠᠮᠵᠢᠶᠡᠨ ᠵᠠᠶᠢᠳᠠᠢ ᠤᠶᠢᠷᠠᠬᠠᠨ ᠠᠴᠠ ᠬᠤᠨᠢᠨ ᠤ ᠪᠤᠷᠤ ᠪᠠᠨ ᠠᠯᠳᠠᠴᠢᠬᠠᠭᠠᠳ ᠦᠬᠡᠢ ᠶᠡᠷᠦ ᠨᠢ ᠴᠦᠪ ᠤᠨ ᠴᠠᠭ ᠪᠤᠯᠬᠤ ᠨᠢ ᠤᠤ ᠭᠡᠵᠤ ᠦᠬᠡᠯᠡᠵᠤ ᠰᠠᠭᠤᠭᠰᠠᠨ ᠡᠪᠦᠬᠡᠳ ᠤᠨ ᠤᠨᠢᠰᠤᠨ ᠤ ᠲᠤᠬᠠᠢ ᠵᠤᠭᠤᠭ ᠲᠡᠯᠭᠡᠭᠰᠡᠨ ᠦᠯᠢᠭᠡᠷ ᠬᠠᠮᠤᠭ ᠰᠡᠬᠦᠯᠴᠢ ᠶᠢᠨ ᠮᠠᠯᠴᠢᠨ ᠠᠶᠢᠯ ᠲᠤᠭᠤᠨᠤ ᠪᠠᠨ ᠲᠡᠭᠡᠭᠡᠭᠡᠳ ᠡᠬᠢᠯᠡᠬᠦᠯᠡᠷ ᠬᠠᠨ ᠲᠡᠭᠷᠢ ᠶᠢᠨ ᠨᠢᠯᠪᠤᠰᠤ ᠦᠶᠡᠷᠯᠡᠵᠤ ᠬᠡᠮᠡᠨ ᠬᠠᠷ᠎ᠠ ᠳᠠᠷᠤᠭᠰᠠᠨ ᠵᠡᠬᠦᠳᠦ — ᠨᠤᠳᠤᠭ ᠪᠦᠷᠭᠦᠳ ᠤᠨ ᠵᠢᠬᠦᠷ ᠴᠤᠴᠠᠭᠠᠬᠤ ᠠᠭᠤᠯᠠᠰ ᠤᠨ ᠢᠶᠠᠨ ᠴᠤᠤᠷᠢᠶ᠎ᠠ ᠶᠢ ᠴᠢᠩᠨᠠᠵᠤ ᠦᠰᠬᠦ ᠳᠤ ᠪᠠᠨ ᠪᠦᠳᠦᠨ ᠪᠠᠶᠢᠭᠠᠯᠢ ᠶᠢᠨ ᠢᠶᠠᠨ ᠬᠡᠯᠡ ᠶᠢ ᠤᠬᠠᠭᠠᠷᠠᠵᠤ ᠨᠤᠳᠤᠭ ᠲᠠᠢ ᠪᠠᠨ ᠪᠢ ᠰᠡᠳᠬᠢᠯ ᠢᠶᠠᠷ ᠢᠶᠠᠨ ᠶᠠᠷᠢᠯᠴᠠᠳᠠᠭ ᠪᠤᠯᠬᠤᠷ ᠴᠢᠯᠠᠭᠤ ᠨᠢ ᠦᠬᠡᠳᠡ ᠪᠠᠨ ᠳᠡᠮᠡᠤᠯ ᠭᠡᠰᠡᠨ ᠳᠠᠩᠭᠠᠷᠢᠭ ᠤᠰᠤ ᠨᠢ ᠤᠶᠠᠷᠠᠵᠤ ᠰᠤᠷ ᠭᠡᠰᠡᠨ ᠵᠠᠷᠯᠢᠭ ᠡᠯᠡᠰᠦ ᠨᠢ ᠨᠢᠬᠦᠯ ᠢᠶᠠᠨ ᠮᠡᠳᠡᠷᠡ ᠭᠡᠰᠡᠨ ᠴᠠᠭᠠᠵᠠᠯᠠᠯ ᠡᠷᠬᠢᠵᠤ ᠢᠷᠡᠬᠦ ᠦᠬᠡᠢ ᠰᠢᠤ ᠡᠨᠡ ᠨᠤᠳᠤᠭ ᠴᠢᠨᠢ ᠭᠡᠵᠤ ᠲᠤᠬᠤᠮ ᠤᠨ ᠴᠢᠨᠡᠬᠡᠬᠡᠨ ᠭᠠᠵᠠᠷ ᠰᠢᠷᠤᠢ ᠢᠶᠠᠨ ᠪᠦᠬᠡᠴᠡᠶᠢᠯᠡᠵᠤ ᠪᠢ ᠦᠪᠡᠷ ᠢᠶᠠᠨ ᠨᠤᠳᠤᠭ ᠪᠠᠶᠢᠭᠰᠠᠨ ᠢᠶᠠᠨ ᠮᠡᠳᠡᠷᠡᠨ᠎ᠡ ᠪᠢᠳᠡᠬᠦᠬᠡᠨ ᠭᠤᠨᠢᠭ ᠢᠶᠠᠨ ᠳᠤᠳᠤᠭᠰᠢ ᠪᠠᠨ ᠵᠠᠯᠬᠢᠯᠠᠵᠤ ᠴᠦᠮᠦᠷᠡᠬᠦ ᠭᠠᠵᠠᠷ ᠰᠢᠷᠤᠢ ᠪᠢᠯᠢᠬᠦᠨ ᠶᠡᠭᠡ ᠤᠬᠠᠭᠠᠨ ᠢᠶᠠᠨ ᠭᠠᠳᠠᠭᠰᠢ ᠪᠠᠨ ᠳᠡᠯᠡᠵᠤ ᠳᠡᠯᠪᠡᠷᠡᠬᠦ ᠭᠠᠯᠳᠤ ᠠᠭᠤᠯᠠ ᠢᠷᠡᠭᠡ ᠦᠬᠡᠢ ᠰᠢᠭᠤᠷᠭᠠᠨ ᠤ ᠰᠤᠪᠢᠩ ᠦᠨᠦᠷᠳᠦᠭᠦᠯᠦᠭᠰᠡᠨ ᠲᠤᠬᠢᠶ᠎ᠠ ᠢᠷᠡᠵᠤ ᠶᠠᠪᠤᠭ᠎ᠠ ᠭᠤᠨᠢᠭ ᠲᠠᠢ ᠢᠯᠡ ᠪᠠᠷ ᠳᠠᠶᠢᠯᠠᠯᠳᠤᠬᠤ ᠰᠡᠯᠡᠮ᠎ᠡ ᠪᠢᠳᠡ ᠦᠪᠡᠷ ᠢᠶᠠᠨ ᠨᠤᠳᠤᠭ ᠡ᠃
 
ᠢᠷᠡᠯᠲᠡ᠄ ᠲᠠᠪᠤᠳᠤᠬᠢ ᠤᠳᠠᠭᠠᠨ  ᠤ ︽ᠬᠢᠯᠦᠭᠡᠨ ᠤᠶᠠᠩᠭ᠎ᠠ︾ ᠢᠷᠠᠭᠤ ᠨᠠᠶᠢᠷᠠᠭ ᠤᠨ ᠮᠦᠷᠦᠶᠢᠴᠡᠬᠡᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号