| ᠨᠠᠷᠢᠯᠢᠭ ᠴᠢᠯᠠᠭᠤᠨ ᠪᠠᠭᠠᠵᠢ | ︵ᠦᠬᠡᠷ᠎ᠡ ᠪᠠᠷ ᠬᠡᠯᠡᠪᠡᠯ ᠴᠠᠬᠢᠭᠤᠷ ᠴᠢᠯᠠᠭᠤᠨ ᠪᠠᠭᠠᠵᠢ︶ | ᠨᠠᠷᠢᠯᠢᠭ ᠴᠢᠯᠠᠭᠤᠨ ᠵᠡᠪᠰᠡᠭ ︵ᠴᠠᠬᠢᠭᠤᠷ ᠴᠢᠯᠠᠭᠤᠨ ᠪᠠᠭᠠᠵᠢ︶ ᠪᠤᠯ ᠴᠢᠯᠠᠭᠤᠨ ᠵᠡᠪᠰᠡᠭ ᠤᠨ | ᠴᠢᠬᠤᠯᠠ ᠨᠢᠬᠡᠨ ᠪᠦᠷᠢᠯᠳᠦᠬᠦᠨ ᠪᠤᠯᠬᠤ ᠲᠡᠳᠦᠢ ᠦᠬᠡᠢ ᠲᠤᠳᠤᠷᠬᠠᠢ ᠨᠢᠬᠡᠨ ᠲᠡᠤᠬᠡᠨ ᠱᠠᠳᠦ ᠦᠶ᠎ᠡ ᠳᠤ ᠪᠤᠢ | ᠪᠤᠯᠤᠭᠰᠠᠨ ᠮᠤᠩᠭᠤᠯ ᠦᠨᠳᠦᠷᠯᠢᠭ ᠤᠨ ᠲᠦᠯᠦᠬᠡᠯᠡᠬᠦ ᠴᠢᠨᠠᠷᠳᠠᠢ ᠪᠦᠳᠦᠬᠡᠯ ᠪᠤᠯᠤᠨ᠎ᠠ᠃ | ᠬᠦᠷᠡᠩ᠂ ᠬᠠᠷ᠎ᠠ᠂ ᠰᠠᠷᠠᠯ᠂ ᠨᠤᠭᠤᠭᠠᠨ᠂ ᠶᠠᠭᠠᠨ᠂ ᠴᠠᠭᠠᠨ ᠦᠡᠭᠭᠡ ᠪᠦᠷᠢ ᠶᠢᠨ ᠴᠠᠬᠢᠭᠤᠷ | ᠴᠢᠯᠠᠭᠤ᠂ ᠮᠠᠨᠤᠤ ᠴᠢᠯᠠᠭᠤ᠂ ᠬᠠᠰ ᠴᠢᠯᠠᠭᠤ ᠪᠠᠷ ᠮᠠᠯᠳᠠᠵᠦ᠂ ᠴᠤᠬᠢᠵᠦ᠂ ᠬᠤᠯᠳᠤᠯᠵᠦ ᠨᠢᠮᠬᠡᠯᠡᠨ ᠵᠠᠰᠠᠵᠦ ᠬᠢᠭᠰᠡᠨ | ᠪᠠᠭᠠᠵᠢ ᠵᠡᠪᠰᠡᠭ ᠢ ᠬᠠᠭᠤᠴᠢ ᠰᠤᠳᠤᠯᠤᠯ ᠳᠤ ᠨᠠᠷᠢᠯᠢᠭ ᠴᠢᠯᠠᠭᠤᠨ ᠪᠠᠭᠠᠵᠢ ᠬᠡᠵᠦ ᠬᠡᠯᠡᠳᠡᠭ᠃ ᠡᠨᠡ ᠨᠢ ᠴᠢᠯᠠᠭᠤᠨ | ᠪᠠᠭᠠᠵᠢ ᠶᠢᠨ ᠬᠦᠭᠵᠢᠯ ᠤᠨ ᠦᠶ᠎ᠡ ᠳᠤ ᠪᠤᠢ ᠪᠤᠯᠵᠠᠢ᠃ | ᠬᠤᠷᠢᠳᠤᠭᠠᠷ ᠵᠠᠭᠤᠨ ᠤ ᠲᠦᠴᠢᠬᠡᠳ ᠤᠨ ᠤ ᠦᠶ᠎ᠡ ᠳᠤ ᠰᠦᠨᠢᠳ ᠤᠨ ᠲᠠᠯ᠎ᠠ ᠨᠤᠳᠤᠭ ᠤᠨ ᠠᠩᠬ᠎ᠠ | ᠴᠢᠯᠠᠭᠤᠨ ᠵᠡᠪᠰᠡᠭ ᠤᠯᠵᠦ ᠢᠯᠡᠷᠡᠬᠦᠯᠦᠭᠰᠡᠨ ᠠᠴᠠ ᠨᠠᠰᠢ ᠪᠠᠷᠤᠭ ᠰᠦᠨᠢᠳ ᠨᠤᠳᠤᠭ ᠠᠴᠠ ᠨᠠᠷᠢᠯᠢᠭ ᠴᠢᠯᠠᠭᠤᠨ | ᠵᠡᠪᠰᠡᠭ — ᠴᠠᠬᠢᠭᠤᠷ ᠴᠢᠯᠠᠭᠤᠨ ᠪᠠᠭᠠᠵᠢ ᠡᠯᠪᠡᠭ ᠤᠯᠳᠠᠵᠦ ᠪᠠᠶᠢᠨ᠎ᠠ᠃ | ᠡᠬᠦᠨᠳᠦ ᠤᠳᠤ ᠲᠡᠯᠭᠡᠨ ᠦᠵᠡᠬᠦᠯᠵᠦ ᠪᠠᠶᠢᠭ᠎ᠠ ᠨᠢᠬᠡ ᠬᠡᠰᠡᠭ ᠴᠢᠯᠠᠭᠤᠨ ᠵᠡᠪᠰᠡᠭ ᠢ ᠲᠠᠨᠢᠯᠴᠠᠭᠤᠯᠪᠠᠯ | ᠄ | ᠤᠭᠳᠤᠯᠬᠤ᠂ ᠡᠰᠬᠡᠭᠦ᠂ ᠵᠦᠰᠦᠬᠦ᠂ ᠵᠤᠷᠭᠤᠭᠤ᠂ ᠬᠤᠰᠤᠬᠤ ᠳᠤ ᠵᠤᠷᠢᠭᠤᠯᠤᠯᠳᠠ ᠲᠠᠢ ᠬᠢᠭᠰᠡᠨ | ᠤᠯᠠᠨ ᠶᠠᠩᠵᠦ ᠬᠡᠯᠪᠡᠷᠢ ᠶᠢᠨ ᠢᠷᠳᠦ ᠮᠡᠰᠡ ᠤᠳ᠄ | ᠬᠤᠶᠠᠷ ᠲᠠᠯ᠎ᠠ ᠶᠢ ᠨᠢ ᠢᠷᠯᠡᠵᠦ ᠭᠢᠭᠰᠡᠨ ᠢᠷᠳᠦ ᠮᠡᠰᠡ᠂ ᠬᠢᠮᠦᠰᠦᠨ ᠬᠡᠯᠪᠡᠷᠢᠳᠡᠢ ᠢᠷᠳᠦ ᠮᠡᠰᠡ᠂ ᠨᠠᠪᠴᠢᠨ | ᠬᠡᠯᠪᠡᠷᠢᠳᠡᠢ ᠢᠷᠳᠦ ᠮᠡᠰᠡ᠂ ᠲᠠᠯ᠎ᠠ ᠲᠤᠭᠤᠢ ᠬᠡᠯᠪᠡᠷᠢᠳᠡᠢ ᠢᠷᠳᠦ ᠮᠡᠰᠡ᠂ ᠱᠤᠪᠬᠤ ᠦᠯᠡᠳᠡᠴᠡ᠂ ᠬᠢᠯᠪᠠᠷ | ᠬᠡᠯᠪᠡᠷᠢᠳᠡᠢ ᠢᠷᠳᠦ ᠮᠡᠰᠡ᠂ ᠬᠢᠳᠦᠭᠠᠨ ᠬᠡᠯᠪᠡᠷᠢᠳᠡᠢ ᠢᠷᠳᠦ ᠮᠡᠰᠡ᠂ ᠰᠤᠮᠤᠨ ᠬᠡᠯᠪᠡᠷᠢᠳᠡᠢ ᠢᠷᠳᠦ ᠮᠡᠰᠡ᠂ | ᠤᠷᠳᠦᠯᠵᠢᠨ ᠢᠷᠳᠦ ᠮᠡᠰᠡ᠂ ᠲᠠᠯ᠎ᠠ ᠲᠤᠭᠤᠢ ᠬᠡᠯᠪᠡᠷᠢᠳᠡᠢ ᠢᠷᠳᠦ ᠮᠡᠰᠡ᠂ ᠨᠠᠪᠴᠢᠨ ᠬᠡᠯᠪᠡᠷᠢᠳᠡᠢ ᠴᠢᠯᠠᠭᠤᠨ ᠵᠡᠪᠡ᠂ | ᠬᠤᠰᠢᠭᠤᠯᠵᠢᠨ ᠴᠢᠯᠠᠭᠤᠨ ᠵᠡᠪᠡ᠂ ᠦᠵᠦᠬᠦᠷ ᠭᠠᠷᠭᠠᠵᠦ ᠵᠢᠭᠰᠡᠨ ᠰᠢᠪᠦᠭᠡ᠂ ᠬᠢᠮᠦᠰᠦᠨ ᠬᠡᠯᠪᠡᠷᠢᠳᠡᠢ ᠵᠢᠵᠢᠭᠬᠡᠨ | ᠬᠤᠰᠤᠭᠤᠷ ᠴᠢᠯᠠᠭᠤ᠂ ᠵᠢᠵᠢᠭ ᠬᠡᠯᠪᠡᠷᠢᠳᠡᠢ ᠴᠢᠯᠠᠭᠤᠨ ᠠᠯᠤᠬ᠎ᠠ᠂ ᠵᠢᠵᠢᠭᠬᠡᠨ ᠬᠢᠭᠰᠡᠨ ᠴᠢᠯᠠᠭᠤᠨ ᠴᠦᠴᠡ᠂ | ᠴᠢᠯᠠᠭᠤᠨ ᠬᠤᠰᠤᠭᠤᠷ᠂ ᠱᠤᠪᠬᠤ ᠦᠯᠡᠳᠡᠴᠡ᠂ ᠴᠢᠯᠠᠭᠤᠨ ᠢᠯᠳᠠᠰᠦ᠂ ᠴᠤᠬᠢᠵᠦ ᠪᠠᠯᠪᠠᠴᠢᠬᠤ ᠴᠢᠯᠠᠭᠤᠨ ᠪᠠᠭᠠᠵᠢ᠂ | ᠨᠠᠷᠢᠬᠠᠨ ᠬᠢᠳᠤᠭᠠᠨ ᠢᠯᠳᠡᠰᠦ᠂ ᠴᠤᠬᠢᠵᠦ ᠪᠠᠯᠴᠢᠬᠤ ᠴᠢᠯᠠᠭᠤᠨ ᠪᠠᠭᠠᠵᠢ᠂ ᠨᠠᠷᠢᠬᠠᠨ ᠬᠢᠳᠤᠭᠠᠨ ᠢᠯᠳᠠᠰᠦ ᠵᠡᠷᠬᠡ | ᠬᠡᠯᠪᠡᠷᠢ ᠬᠢᠴᠡ ᠶᠡᠭᠡ ᠪᠠᠭ᠎ᠠ ᠨᠢ ᠠᠳᠠᠯᠢ ᠦᠬᠡᠢ ᠬᠢᠭᠰᠡᠨ ᠴᠠᠬᠢᠭᠤᠷ ᠴᠢᠯᠠᠭᠤᠨ ᠪᠠᠭᠠᠵᠢ ᠤᠳ ᠡᠯᠪᠡᠭ ᠦᠯᠡᠳᠡᠵᠡᠢ᠃ | ᠰᠦᠨᠢᠳ ᠵᠡᠬᠦᠨ ᠬᠤᠰᠢᠭᠤᠨ ᠤ ᠦᠷᠬᠡᠨ ᠠᠭᠤᠳᠠᠮ ᠨᠤᠳᠤᠭ ᠪᠤᠯ ᠦᠨᠢ ᠬᠤᠯᠠ ᠶᠢᠨ ᠰᠤᠶᠤᠯ | ᠲᠡᠤᠬᠡ ᠬᠠᠭᠤᠴᠢ ᠲᠤᠷᠠᠰᠬᠠᠯ ᠢᠶᠠᠨ ᠦᠪᠯᠡᠨ ᠬᠠᠳᠠᠭᠠᠯᠠᠵᠦ ᠪᠠᠶᠢᠭ᠎ᠠ ᠤᠷᠤᠨ ᠤ ᠨᠢᠬᠡ ᠪᠤᠯᠬᠤ ᠶᠤᠮ᠃ | ᠠᠯᠢ ᠡᠷᠳᠡ ᠲᠦᠴᠢᠬᠡᠳ ᠤᠨ ᠠᠴᠠ ᠮᠠᠨ ᠤ ᠰᠦᠨᠢᠳ ᠨᠤᠳᠤᠭ ᠤᠨ ᠴᠢᠯᠠᠭᠤᠨ ᠵᠡᠪᠰᠡᠭ ᠢ | ᠢᠯᠡᠷᠡᠬᠦᠯᠵᠦ᠂ ᠤᠳᠤ ᠪᠤᠯᠬᠤ ᠳᠤ ᠨᠢᠬᠡᠨᠳᠡ ᠲᠦᠮᠡ ᠭᠠᠷᠤᠢ ᠲᠦᠷᠦᠯ ᠵᠦᠢᠯ ᠤᠨ ᠴᠢᠯᠠᠭᠤᠨ ᠵᠡᠪᠰᠡᠭ ᠤᠯᠵᠦ | ᠢᠯᠡᠷᠡᠬᠦᠯᠵᠡᠢ᠃ | ᠠᠳᠡ ᠲᠡᠯᠬᠡᠨ ᠦᠵᠡᠬᠦᠯᠵᠦ ᠪᠠᠶᠢᠭ᠎ᠠ ᠴᠢᠯᠠᠭᠤᠨ ᠪᠠᠭᠠᠵᠢ ᠨᠢ ᠴᠤᠬᠢᠵᠦ ᠡᠮᠳᠡᠯᠡᠨ ᠬᠢᠭᠰᠡᠨ ᠡᠯ᠎ᠡ | ᠵᠦᠢᠯ ᠤᠨ ᠪᠠᠭᠠᠵᠢ ᠤᠳ ᠪᠤᠯᠤᠨ᠎ᠠ᠃ | ᠬᠠᠭᠤᠴᠢᠨ ᠴᠢᠯᠠᠭᠤᠨ ᠵᠡᠪᠰᠡᠭ ᠤᠨ ᠤᠯᠠᠮᠵᠢᠯᠠᠯ ᠠᠷᠭ᠎ᠠ ᠪᠠᠷ ᠴᠤᠬᠢᠵᠦ ᠡᠮᠳᠡᠯᠡᠨ ᠢᠷ ᠭᠠᠷᠭᠠᠵᠦ | ᠬᠢᠭᠰᠡᠨ ᠴᠢᠯᠠᠭᠤᠨ ᠪᠠᠭᠠᠵᠢ ᠤᠳ ᠬᠡᠪᠡᠯ᠄ | ᠬᠤᠶᠠᠷ ᠲᠠᠯ᠎ᠠ ᠶᠢ ᠨᠢ ᠴᠤᠬᠢᠵᠦ ᠡᠮᠳᠡᠯᠡᠵᠦ ᠬᠢᠭᠰᠡᠨ ᠰᠦᠬᠡ᠂ ᠴᠢᠯᠠᠭᠤᠨ ᠠᠯᠤᠬ᠎ᠠ᠂ ᠴᠢᠯᠠᠭᠤᠨ | ᠴᠦᠴᠡ᠂ ᠴᠢᠯᠠᠭᠤᠨ ᠬᠤᠰᠤᠭᠤᠷ᠂ ᠴᠢᠯᠠᠭᠤᠨ ᠨᠦᠳᠦᠬᠦᠷ᠂ ᠴᠢᠯᠠᠭᠤᠨ ᠪᠦᠮᠪᠦᠭᠡ ︵ᠲᠦᠡᠭᠭᠦᠷ ᠴᠢᠯᠠᠭᠤ︶᠂ ᠲᠠᠯ᠎ᠠ | ᠪᠦᠷᠢ ᠠᠴᠠ ᠨᠢ ᠡᠮᠳᠡᠯᠡᠵᠦ ᠵᠠᠰᠠᠵᠦ ᠭᠤᠤᠯ ᠳᠠᠭᠠᠨ ᠨᠦᠬᠡ ᠲᠠᠢ ᠲᠠᠯᠠᠭᠳᠠᠬᠤ ᠪᠠᠭᠠᠵᠢ᠂ ᠬᠢᠯᠪᠠᠷ ᠬᠡᠯᠪᠡᠷᠢᠳᠡᠢ | ᠴᠤᠬᠢᠵᠦ ᠪᠠᠯᠪᠠᠴᠢᠬᠤ ᠪᠠᠭᠠᠵᠢ᠂ ᠴᠤᠬᠢᠵᠦ ᠡᠮᠳᠡᠯᠡᠨ ᠢᠷ ᠢᠷᠮᠡᠭ ᠭᠠᠷᠭᠠᠵᠦ ᠬᠢᠭᠰᠡᠨ ᠴᠢᠯᠠᠭᠤᠨ ᠬᠢᠳᠤᠭ᠎ᠠ᠂ | ᠡᠮᠳᠡᠯᠡᠨ ᠴᠤᠬᠢᠵᠦ ᠪᠦᠮᠪᠦᠬᠡᠯᠢᠭ ᠶᠠᠩᠵᠦ ᠤᠷᠤᠭᠤᠯᠤᠨ ᠵᠠᠰᠠᠵᠦ ᠭᠢᠭᠰᠡᠨ ᠴᠢᠯᠠᠭᠤᠨ ᠪᠦᠮᠪᠦᠭᠡ ︵ᠲᠦᠡᠭᠭᠦᠷ ᠴᠢᠯᠠᠭᠤ | ︶᠂ ᠲᠠᠯ᠎ᠠ ᠪᠦᠷᠢ ᠨᠢ ᠡᠮᠳᠡᠯᠡᠨ ᠵᠠᠰᠠᠵᠦ ᠬᠢᠭᠰᠡᠨ ᠴᠢᠯᠠᠭᠤᠨ ᠰᠢᠪᠦᠭᠡ᠂ ᠴᠢᠯᠠᠭᠤᠨ ᠲᠦᠰᠢ᠂ ᠴᠤᠬᠢᠵᠦ ᠡᠮᠳᠡᠯᠡᠨ | ᠶᠠᠩᠵᠦ ᠤᠷᠤᠭᠤᠯᠤᠨ ᠬᠢᠭᠰᠡᠨ ᠴᠢᠯᠠᠭᠤᠨ ᠨᠦᠳᠦᠬᠦᠷ᠂ ᠴᠤᠬᠢᠵᠦ ᠡᠮᠳᠡᠯᠡᠨ ᠵᠠᠰᠠᠵᠦ ᠬᠢᠭᠰᠡᠨ ᠢᠷᠳᠦ ᠮᠡᠰᠡ᠂ | ᠡᠮᠳᠡᠯᠡᠨ ᠵᠠᠰᠠᠵᠦ ᠬᠢᠭᠰᠡᠨ ᠬᠢᠯᠪᠠᠷ ᠴᠢᠯᠠᠭᠤ᠂ ᠡᠮᠳᠡᠯᠡᠵᠦ ᠵᠠᠰᠠᠭᠰᠠᠨ ᠴᠢᠯᠠᠭᠤᠨ ᠵᠡᠪᠡ᠂ ᠴᠢᠯᠠᠭᠤᠨ ᠴᠠᠪᠴᠢᠭᠤᠷ ︵ | ᠰᠦᠬᠡ ᠶᠢᠨ ᠤᠷᠤᠨ ᠳᠤ ᠬᠡᠷᠡᠭᠯᠡᠳᠡᠭ︶᠂ ᠴᠢᠯᠠᠭᠤᠨ ᠴᠦᠮ᠎ᠡ᠂ ᠴᠢᠯᠠᠭᠤᠨ ᠢᠯᠳᠡᠰᠦ ︵ᠱᠤᠪᠬᠤ ᠦᠯᠡᠳᠡᠴᠡ︶ | ᠵᠡᠷᠬᠡ ᠤᠯᠠᠨ ᠲᠦᠷᠦᠯ ᠤᠨ ᠴᠢᠯᠠᠭᠤᠨ ᠪᠠᠭᠠᠵᠢ ᠤᠳ ᠪᠤᠢ᠃ | ᠡᠳᠡᠭᠡᠷ ᠴᠢᠯᠠᠭᠤᠨ ᠪᠠᠭᠠᠵᠢ ᠤᠯᠳᠠᠭᠰᠠᠨ ᠭᠠᠵᠠᠷ ᠠᠴᠠ ᠪᠠᠰᠠ ᠪᠦᠳᠦᠬᠦᠯᠢᠭ ᠬᠢᠴᠠ ᠲᠠᠢ ᠸᠠᠭᠠᠷ | ᠰᠠᠪᠠᠨ ᠤ ᠬᠠᠭᠠᠷᠬᠠᠢ᠂ ᠲᠤᠳᠠᠭᠤ ᠰᠢᠳᠠᠭᠰᠠᠨ ᠶᠠᠰᠦ ᠵᠡᠷᠬᠡ ᠦᠯᠡᠳᠡᠪᠦᠷᠢ ᠤᠳ ᠤᠯᠠᠳᠠᠵᠦ ᠪᠠᠶᠢᠳᠠᠭ᠃ | ᠪᠠᠯᠠᠷ ᠡᠷᠳᠡᠨ ᠤ ᠬᠦᠮᠦᠨ ᠠᠮᠢᠳᠤᠷᠠᠨ ᠪᠤᠢ ᠤᠷᠴᠢᠨ ᠲᠤᠭᠤᠷᠢᠨ ᠳᠠᠭᠠᠨ ᠲᠠᠰᠤᠨ ᠵᠤᠬᠢᠴᠠᠵᠦ᠂ | ᠦᠭᠬᠢᠶᠡᠮᠦᠷ ᠪᠠᠶᠢᠭᠠᠯᠢ ᠶᠢᠨ ᠰᠢᠮ᠎ᠡ ᠠᠰᠢᠭ ᠠᠴᠠ ᠨᠢ ᠬᠦᠷᠳᠡᠨ ᠠᠮᠢ ᠵᠢᠭᠤᠬᠤ ᠶᠠᠪᠤᠴᠠ ᠳᠠᠭᠠᠨ ᠶᠠᠭᠤᠨ ᠤ | ᠲᠡᠷᠢᠬᠦᠨ ᠳᠤ ᠪᠠᠶᠢᠭᠠᠯᠢ ᠡᠬᠡ ᠶᠢᠨ ᠰᠤᠳᠤᠨ ᠪᠦᠳᠦᠬᠡᠯ — ᠬᠠᠳᠠ ᠴᠢᠯᠠᠭᠤ ᠶᠢ ᠵᠡᠪᠰᠡᠭ ᠪᠠᠭᠠᠵᠢ ᠪᠤᠯᠭᠠᠨ | ᠪᠦᠳᠦᠬᠡᠯᠴᠢ ᠪᠠᠷ ᠠᠰᠢᠭᠯᠠᠵᠦ᠂ ᠲᠦᠷᠦᠯ ᠵᠦᠢᠯ ᠢ ᠨᠢ ᠤᠯᠠᠰᠢᠷᠠᠭᠤᠯᠤᠨ᠂ ᠴᠢᠨᠠᠷ ᠴᠢᠨᠰᠠᠭ᠎ᠠ ᠶᠢ ᠨᠢ | ᠰᠠᠶᠢᠵᠢᠷᠠᠭᠤᠯᠤᠨ᠂ ᠰᠢᠨ᠎ᠡ ᠰᠢᠨ᠎ᠡ ᠬᠦᠭᠵᠢᠯ ᠦᠬᠡᠳᠡ ᠲᠠᠰᠤᠷᠠᠯᠳᠠ ᠦᠬᠡᠢ ᠲᠠᠪᠰᠢᠭᠰᠠᠭᠠᠷ ᠢᠷᠡᠵᠡᠢ᠃ | ᠴᠢᠯᠠᠭᠤᠨ ᠵᠡᠪᠰᠡᠭ ᠪᠤᠯ ᠪᠠᠯᠠᠷ ᠡᠷᠳᠡᠨ ᠤ ᠬᠦᠮᠦᠨ ᠲᠦᠷᠦᠯᠬᠢᠳᠡᠨ ᠤ ᠠᠮᠢᠳᠤᠷᠠᠯ | ᠦᠢᠯᠡᠳᠪᠦᠷᠢᠯᠡᠯ ᠤᠨ ᠴᠢᠯᠠᠭᠤᠨ ᠪᠠᠭᠠᠵᠢ ᠵᠡᠪᠰᠡᠭ ᠨᠢ ᠪᠤᠯᠤᠨ᠎ᠠ᠃ ᠰᠦᠨᠢᠳ ᠤᠨ ᠲᠠᠮᠠᠴᠢ ᠶᠢᠨ ᠪᠠᠷᠤᠭ ᠪᠦᠬᠦ | ᠨᠤᠳᠤᠭ ᠠᠴᠠ ᠤᠯᠳᠠᠵᠦ ᠪᠠᠶᠢᠨ᠎ᠠ᠃ ᠦᠷᠦᠵᠦ ᠪᠢᠯᠡᠬᠦᠳᠡᠨ ᠵᠠᠰᠠᠵᠦ ᠬᠢᠭᠰᠡᠨ ᠲᠦᠷᠦᠯ ᠪᠦᠷᠢ ᠶᠢᠨ ᠵᠡᠪᠰᠡᠭ | ᠪᠠᠭᠠᠵᠢ ᠤᠳ ᠪᠤᠢ᠃ ᠴᠢᠯᠠᠭᠤᠨ ᠵᠡᠪᠰᠭ ᠤᠨ ᠬᠠᠭᠤᠴᠢ ᠦᠯᠡᠳᠡᠪᠦᠷᠢ ᠠᠴᠠ ᠨᠠᠷᠢᠨ ᠠᠵᠢᠭᠯᠠᠬᠤ ᠳᠤ ᠴᠢᠯᠠᠭᠤᠨ | ᠵᠡᠪᠰᠡᠭ ᠤᠨ ᠦᠶ᠎ᠡ ᠶᠢᠨ ᠪᠠᠭᠠᠵᠢ ᠵᠡᠪᠰᠡᠭ ᠦᠢᠯᠡᠳᠬᠦ ᠦᠨᠳᠦᠰᠦᠨ ᠠᠷᠭ᠎ᠠ ᠶᠢᠨ ᠤᠯᠠᠮᠵᠢᠯᠠᠯ ᠢ ᠬᠠᠳᠠᠭᠠᠯᠠᠬᠰᠠᠨ | ᠪᠠᠶᠢᠬᠤ ᠪᠦᠬᠡᠳ ᠬᠤᠶᠠᠷ ᠲᠠᠯ᠎ᠠ ᠠᠴᠠ ᠨᠢ ᠬᠡᠯᠳᠡᠯᠡᠵᠦ ᠢᠷ ᠤᠷᠤᠭᠤᠯᠤᠭᠰᠠᠨ — ᠢᠷᠳᠦ ᠦᠵᠦᠭᠦᠷᠳᠦ ᠮᠡᠰᠡ᠂ | ᠬᠢᠨᠭ᠍ᠭᠠᠷ ᠴᠢᠯᠠᠭᠤ ᠬᠢᠯᠪᠠᠷ ᠮᠡᠰᠡ᠂ ᠲᠡᠷᠬᠡᠯ ᠦᠯᠡᠳᠡᠴᠡ ᠵᠢᠴᠢ ᠡᠷᠬᠢᠨ ᠲᠤᠭᠤᠷᠢᠨ ᠡᠮᠳᠡᠯᠡᠵᠦ ᠢᠷᠯᠡᠭᠰᠡᠨ ᠬᠤᠰᠤᠭᠤᠷ | ᠴᠢᠯᠠᠭᠤ᠂ ᠡᠰᠬᠡᠬᠦᠷ᠂ ᠴᠤᠭᠤᠯᠳᠤᠷ᠂ ᠦᠵᠦᠭᠦᠷᠳᠦ ᠰᠢᠪᠦᠭᠡ ᠵᠡᠷᠬᠡ ᠰᠢᠨ᠎ᠡ ᠰᠢᠨ᠎ᠡ ᠪᠠᠭᠠᠵᠢ ᠵᠡᠪᠰᠡᠭ ᠦᠢᠯᠡᠳᠴᠦ | ᠴᠢᠳᠠᠬᠤ ᠪᠤᠯᠤᠭᠰᠠᠨ ᠲᠡᠳᠦᠢ ᠦᠬᠡᠢ᠂ ᠬᠤᠶᠠᠷ ᠲᠠᠯ᠎ᠠ ᠶᠢ ᠨᠢ ᠦᠷᠦᠵᠦ ᠪᠢᠯᠡᠬᠦᠳᠡᠨ ᠵᠠᠰᠠᠵᠦ ᠶᠠᠩᠵᠦ ᠬᠡᠯᠪᠡᠷᠢ | ᠤᠷᠤᠭᠤᠯᠤᠭᠰᠠᠨ — ᠲᠦᠷᠦᠯ ᠪᠦᠷᠢ ᠶᠢᠨ ᠪᠠᠭᠠᠵᠢ ᠵᠡᠪᠰᠡᠭ ᠴᠤ ᠤᠯᠠᠰᠢᠷᠠᠵᠠᠢ᠃ ᠰᠢᠨ᠎ᠡ ᠠᠷᠭ᠎ᠠ ᠪᠠᠷᠢᠯ ᠢᠶᠠᠷ | ᠬᠢᠭᠰᠡᠨ ᠤᠭᠳᠤᠯᠬᠤ᠂ ᠴᠤᠭᠤᠯᠬᠤ᠂ ᠬᠤᠰᠤᠬᠤ ᠵᠡᠷᠬᠡ ᠤᠯᠠᠨ ᠶᠠᠩᠵᠦ ᠪᠠᠷ ᠬᠡᠷᠡᠭᠯᠡᠵᠦ ᠪᠤᠯᠬᠤ ᠵᠤᠷᠢᠭᠤᠯᠤᠯᠳᠠ ᠲᠠᠢ | ᠨᠠᠷᠢᠯᠢᠭ ᠬᠢᠴᠠ ᠲᠠᠢ᠂ ᠬᠤᠷᠴᠠ ᠢᠷ ᠲᠠᠢ ᠵᠢᠵᠢᠭᠬᠡᠨ ︵ᠬᠦᠡᠭᠭᠡᠨ︶ ᠪᠠᠭᠠᠵᠢ ᠵᠡᠪᠰᠡᠭ ᠬᠢᠵᠦ ᠴᠢᠳᠠᠬᠤ ᠪᠤᠯᠤᠭᠰᠠᠨ | ᠨᠢ ᠲᠤᠬᠠᠢ ᠶᠢᠨ ᠦᠶ᠎ᠡ ᠶᠢᠨ ᠠᠪᠠ ᠠᠩᠨᠠᠯ ᠶᠡᠬᠡᠬᠡᠨ ᠬᠦᠭᠵᠢᠯ ᠲᠠᠢ ᠪᠤᠯᠤᠭᠰᠠᠨ ᠢ ᠬᠠᠷᠠᠭᠤᠯᠵᠦ ᠪᠠᠶᠢᠨ᠎ᠠ᠃ | ᠦᠷᠦᠵᠦ ᠪᠢᠯᠡᠬᠦᠳᠡᠨ᠂ ᠵᠠᠰᠠᠵᠦ ᠦᠡᠭᠭᠡᠯᠡᠨ ᠬᠢᠭᠰᠡᠨ ᠴᠢᠯᠠᠭᠤᠨ ᠪᠠᠭᠠᠵᠢ ᠤᠳ ᠲᠤ ᠵᠢᠭᠠᠰᠤᠨ | ᠬᠡᠯᠪᠡᠷᠢᠳᠡᠢ ᠰᠠᠮᠪᠠᠷ᠎ᠠ ᠴᠢᠯᠠᠭᠤ ︵ᠨᠤᠬᠤᠭᠤᠷ ᠴᠢᠯᠠᠭᠤ︶ ᠲᠠᠯᠠᠭᠳᠠᠬᠤ ᠪᠠᠭᠠᠵᠢ᠂ ᠵᠢᠵᠢᠭᠬᠡᠨ ᠭᠠᠷ ᠲᠡᠭᠡᠷᠡᠮ ᠤᠨ | ᠴᠢᠯᠠᠭᠤ᠂ ᠴᠢᠯᠠᠭᠤᠨ ᠰᠦᠬᠡ᠂ ᠴᠢᠯᠠᠭᠤᠨ ᠠᠯᠤᠬ᠎ᠠ᠂ ᠴᠢᠯᠠᠭᠤᠨ ᠴᠦᠴᠡ᠂ ᠴᠢᠯᠠᠭᠤᠨ ᠬᠤᠰᠤᠭᠤᠷ᠂ ᠴᠢᠯᠠᠭᠤᠨ | ᠬᠢᠳᠤᠭ᠎ᠠ᠂ ᠴᠢᠯᠠᠭᠤᠨ ᠠᠶᠠᠭ᠎ᠠ᠂ ᠪᠦᠮᠪᠦᠬᠡᠨ ᠴᠢᠯᠠᠭᠤ ︵ᠲᠦᠡᠭᠭᠦᠷ ᠴᠢᠯᠠᠭᠤ︶᠂ ᠴᠢᠯᠠᠭᠤᠨ ᠵᠡᠪᠡ᠂ ᠴᠢᠯᠠᠭᠤᠨ | ᠤᠭᠤᠷ᠂ ᠬᠢᠨᠭ᠍ᠭᠠᠷ ᠴᠢᠯᠠᠭᠤ᠂ ᠱᠤᠪᠬᠤ ᠦᠯᠡᠳᠡᠴᠡ᠂ ᠤᠯᠠᠨ ᠲᠠᠯ᠎ᠠ ᠲᠠᠢ ᠴᠠᠪᠴᠢᠮᠠᠯ ᠴᠢᠯᠠᠭᠤᠨ ᠪᠠᠭᠠᠵᠢ᠂ | ᠲᠤᠭᠤᠷᠢᠭ ᠬᠤᠰᠤᠭᠤᠷ᠂ ᠬᠤᠳᠤᠭᠤᠷ ᠢᠷᠳᠦ ᠴᠢᠯᠠᠭᠤᠨ ᠬᠤᠰᠤᠭᠤᠷ᠂ ᠬᠢᠯᠪᠡᠷ ᠬᠡᠯᠪᠡᠷᠢᠳᠦ ᠴᠢᠯᠠᠭᠤᠨ ᠬᠤᠰᠤᠭᠤᠷ | ᠂ ᠬᠠᠵᠠᠭᠤ ᠲᠠᠯ᠎ᠠ ᠪᠠᠷ ᠤᠷᠠᠯᠠᠵᠦ ᠬᠢᠭᠰᠡᠨ ᠴᠠᠪᠴᠢᠬᠤ ᠪᠠᠭᠠᠵᠢ᠂ ᠴᠢᠯᠠᠭᠤᠨ ᠰᠢᠳᠡᠮ᠂ ᠴᠢᠯᠠᠭᠤᠨ ᠭᠠᠷᠠᠬ᠎ᠠ᠂ | ᠴᠢᠯᠠᠭᠤᠨ ᠴᠤᠭᠤᠯᠳᠤᠷ᠂ ᠴᠢᠯᠠᠭᠤᠨ ᠬᠠᠳᠤᠭᠤᠷ᠂ ᠠᠨᠵᠢᠰᠦᠨ ᠴᠢᠯᠠᠭᠤ᠂ ᠴᠢᠯᠠᠭᠤᠨ ᠤᠡᠭᠭᠤ — ᠵᠡᠷᠬᠡ ᠲᠦᠷᠦᠯ | ᠪᠦᠷᠢ ᠶᠢᠨ ᠪᠠᠭᠠᠵᠢ ᠵᠡᠪᠰᠡᠭ ᠤᠳ ᠪᠤᠢ᠃ ᠰᠦᠨᠢᠳ ᠤᠨ ᠬᠡᠬᠡᠷ᠎ᠡ ᠶᠢᠨ ᠪᠦᠰᠡ ᠨᠤᠳᠤᠭ ᠠᠴᠠ ᠤᠯᠳᠠᠵᠦ ᠪᠠᠶᠢᠭ᠎ᠠ | ᠴᠢᠯᠠᠭᠤᠨ ᠵᠡᠪᠰᠡᠭ ᠤᠨ ᠴᠠᠭ ᠦᠶ᠎ᠡ ᠶᠢᠨ ᠠᠳᠠᠯᠢ ᠪᠤᠰᠦ ᠲᠡᠤᠬᠡᠨ ᠱᠠᠳᠤ ᠦᠶ᠎ᠡ ᠶᠢ ᠲᠤᠳᠤᠷᠬᠠᠢ ᠬᠡᠮᠵᠢᠶᠡᠨ ᠳᠤ | ᠢᠯᠡᠷᠬᠡᠶᠢᠯᠡᠵᠦ ᠴᠢᠳᠠᠬᠤ ᠲᠦᠯᠦᠬᠡᠯᠡᠬᠦ ᠪᠦᠳᠦᠬᠡᠯ — ᠡᠮᠳᠡᠯᠡᠵᠦ ᠰᠡᠳᠡᠯᠡᠵᠦ ᠢᠷ ᠢᠷᠮᠡᠭ ᠤᠷᠤᠭᠤᠯᠤᠨ ᠬᠢᠭᠰᠡᠨ | ᠴᠢᠯᠠᠭᠤᠨ ᠵᠡᠪᠡ᠂ ᠬᠢᠳᠤᠭ᠎ᠠ᠂ ᠰᠢᠪᠦᠭᠡ᠂ ᠬᠢᠨᠭ᠍ᠭᠠᠷ ᠴᠢᠯᠠᠭᠤ᠂ ᠬᠤᠰᠤᠭᠤᠷ ᠵᠢᠴᠢ ᠨᠦᠬᠡᠯᠡᠵᠦ ᠵᠦᠯᠬᠡᠬᠦ ᠠᠷᠭ᠎ᠠ | ᠪᠠᠷᠢᠯ ᠢᠶᠠᠷ ᠬᠢᠭᠰᠡᠨ ᠬᠤᠷᠴᠠ ᠢᠷ ᠲᠠᠢ ᠢᠷᠳᠦ ᠮᠡᠰᠡ ᠪᠤᠯᠤᠨ ᠰᠠᠮᠪᠠᠷ ᠴᠢᠯᠠᠭᠤ᠂ ᠴᠢᠯᠠᠭᠤᠨ ᠰᠦᠬᠡ᠂᠂᠂᠂᠂᠂ | ᠵᠡᠷᠬᠡ ᠴᠠᠭ ᠦᠶ᠎ᠡ ᠶᠢᠨ ᠢᠯᠡ ᠲᠤᠳᠤ ᠢᠮᠡ ᠲᠠᠮᠠᠭ᠎ᠠ ᠪᠦᠬᠦᠢ ᠪᠦᠳᠦᠬᠡᠯ ᠢ ᠲᠤᠷᠠᠳᠤᠵᠦ ᠪᠤᠯᠬᠤ ᠵᠢᠱᠢᠶ᠎ᠡ ᠲᠠᠢ᠃ |