| ᠨᠠᠷᠢᠯᠢᠭ ᠴᠢᠯᠠᠭᠤᠨ ᠪᠠᠭᠠᠵᠢ | ︵ᠦᠬᠡᠷ᠎ᠡ ᠪᠠᠷ ᠬᠡᠯᠡᠪᠡᠯ ᠴᠠᠬᠢᠭᠤᠷ ᠴᠢᠯᠠᠭᠤᠨ ᠪᠠᠭᠠᠵᠢ︶ | ᠨᠠᠷᠢᠯᠢᠭ ᠴᠢᠯᠠᠭᠤᠨ ᠵᠡᠪᠰᠡᠭ ︵ᠴᠠᠬᠢᠭᠤᠷ ᠴᠢᠯᠠᠭᠤᠨ ᠪᠠᠭᠠᠵᠢ︶ ᠪᠤᠯ ᠴᠢᠯᠠᠭᠤᠨ | ᠵᠡᠪᠰᠡᠭ ᠤᠨ ᠴᠢᠬᠤᠯᠠ ᠨᠢᠬᠡᠨ ᠪᠦᠷᠢᠯᠳᠦᠬᠦᠨ ᠪᠤᠯᠬᠤ ᠲᠡᠳᠦᠢ ᠦᠬᠡᠢ ᠲᠤᠳᠤᠷᠬᠠᠢ ᠨᠢᠬᠡᠨ ᠲᠡᠤᠬᠡᠨ ᠱᠠᠳᠦ ᠦᠶ᠎ᠡ ᠳᠤ | ᠪᠤᠢ ᠪᠤᠯᠤᠭᠰᠠᠨ ᠮᠤᠩᠭᠤᠯ ᠦᠨᠳᠦᠷᠯᠢᠭ ᠤᠨ ᠲᠦᠯᠦᠬᠡᠯᠡᠬᠦ ᠴᠢᠨᠠᠷᠳᠠᠢ ᠪᠦᠳᠦᠬᠡᠯ ᠪᠤᠯᠤᠨ᠎ᠠ᠃ | ᠬᠦᠷᠡᠩ᠂ ᠬᠠᠷ᠎ᠠ᠂ ᠰᠠᠷᠠᠯ᠂ ᠨᠤᠭᠤᠭᠠᠨ᠂ ᠶᠠᠭᠠᠨ᠂ ᠴᠠᠭᠠᠨ ᠦᠡᠭᠭᠡ ᠪᠦᠷᠢ ᠶᠢᠨ | ᠴᠠᠬᠢᠭᠤᠷ ᠴᠢᠯᠠᠭᠤ᠂ ᠮᠠᠨᠤᠤ ᠴᠢᠯᠠᠭᠤ᠂ ᠬᠠᠰ ᠴᠢᠯᠠᠭᠤ ᠪᠠᠷ ᠮᠠᠯᠳᠠᠵᠦ᠂ ᠴᠤᠬᠢᠵᠦ᠂ ᠬᠤᠯᠳᠤᠯᠵᠦ ᠨᠢᠮᠬᠡᠯᠡᠨ ᠵᠠᠰᠠᠵᠦ | ᠬᠢᠭᠰᠡᠨ ᠪᠠᠭᠠᠵᠢ ᠵᠡᠪᠰᠡᠭ ᠢ ᠬᠠᠭᠤᠴᠢ ᠰᠤᠳᠤᠯᠤᠯ ᠳᠤ ᠨᠠᠷᠢᠯᠢᠭ ᠴᠢᠯᠠᠭᠤᠨ ᠪᠠᠭᠠᠵᠢ ᠬᠡᠵᠦ ᠬᠡᠯᠡᠳᠡᠭ᠃ ᠡᠨᠡ ᠨᠢ | ᠴᠢᠯᠠᠭᠤᠨ ᠪᠠᠭᠠᠵᠢ ᠶᠢᠨ ᠬᠦᠭᠵᠢᠯ ᠤᠨ ᠦᠶ᠎ᠡ ᠳᠤ ᠪᠤᠢ ᠪᠤᠯᠵᠠᠢ᠃ | ᠬᠤᠷᠢᠳᠤᠭᠠᠷ ᠵᠠᠭᠤᠨ ᠤ ᠲᠦᠴᠢᠬᠡᠳ ᠤᠨ ᠤ ᠦᠶ᠎ᠡ ᠳᠤ ᠰᠦᠨᠢᠳ ᠤᠨ ᠲᠠᠯ᠎ᠠ | ᠨᠤᠳᠤᠭ ᠤᠨ ᠠᠩᠬ᠎ᠠ ᠴᠢᠯᠠᠭᠤᠨ ᠵᠡᠪᠰᠡᠭ ᠤᠯᠵᠦ ᠢᠯᠡᠷᠡᠬᠦᠯᠦᠭᠰᠡᠨ ᠠᠴᠠ ᠨᠠᠰᠢ ᠪᠠᠷᠤᠭ ᠰᠦᠨᠢᠳ ᠨᠤᠳᠤᠭ ᠠᠴᠠ | ᠨᠠᠷᠢᠯᠢᠭ ᠴᠢᠯᠠᠭᠤᠨ ᠵᠡᠪᠰᠡᠭ — ᠴᠠᠬᠢᠭᠤᠷ ᠴᠢᠯᠠᠭᠤᠨ ᠪᠠᠭᠠᠵᠢ ᠡᠯᠪᠡᠭ ᠤᠯᠳᠠᠵᠦ ᠪᠠᠶᠢᠨ᠎ᠠ᠃ | ᠡᠬᠦᠨᠳᠦ ᠤᠳᠤ ᠲᠡᠯᠭᠡᠨ ᠦᠵᠡᠬᠦᠯᠵᠦ ᠪᠠᠶᠢᠭ᠎ᠠ ᠨᠢᠬᠡ ᠬᠡᠰᠡᠭ ᠴᠢᠯᠠᠭᠤᠨ ᠵᠡᠪᠰᠡᠭ ᠢ | ᠲᠠᠨᠢᠯᠴᠠᠭᠤᠯᠪᠠᠯ᠄ | ᠤᠭᠳᠤᠯᠬᠤ᠂ ᠡᠰᠬᠡᠭᠦ᠂ ᠵᠦᠰᠦᠬᠦ᠂ ᠵᠤᠷᠭᠤᠭᠤ᠂ ᠬᠤᠰᠤᠬᠤ ᠳᠤ ᠵᠤᠷᠢᠭᠤᠯᠤᠯᠳᠠ ᠲᠠᠢ | ᠬᠢᠭᠰᠡᠨ ᠤᠯᠠᠨ ᠶᠠᠩᠵᠦ ᠬᠡᠯᠪᠡᠷᠢ ᠶᠢᠨ ᠢᠷᠳᠦ ᠮᠡᠰᠡ ᠤᠳ᠄ | ᠬᠤᠶᠠᠷ ᠲᠠᠯ᠎ᠠ ᠶᠢ ᠨᠢ ᠢᠷᠯᠡᠵᠦ ᠭᠢᠭᠰᠡᠨ ᠢᠷᠳᠦ ᠮᠡᠰᠡ᠂ ᠬᠢᠮᠦᠰᠦᠨ ᠬᠡᠯᠪᠡᠷᠢᠳᠡᠢ ᠢᠷᠳᠦ ᠮᠡᠰᠡ᠂ ᠨᠠᠪᠴᠢᠨ | ᠬᠡᠯᠪᠡᠷᠢᠳᠡᠢ ᠢᠷᠳᠦ ᠮᠡᠰᠡ᠂ ᠲᠠᠯ᠎ᠠ ᠲᠤᠭᠤᠢ ᠬᠡᠯᠪᠡᠷᠢᠳᠡᠢ ᠢᠷᠳᠦ ᠮᠡᠰᠡ᠂ ᠱᠤᠪᠬᠤ ᠦᠯᠡᠳᠡᠴᠡ᠂ ᠬᠢᠯᠪᠠᠷ | ᠬᠡᠯᠪᠡᠷᠢᠳᠡᠢ ᠢᠷᠳᠦ ᠮᠡᠰᠡ᠂ ᠬᠢᠳᠦᠭᠠᠨ ᠬᠡᠯᠪᠡᠷᠢᠳᠡᠢ ᠢᠷᠳᠦ ᠮᠡᠰᠡ᠂ ᠰᠤᠮᠤᠨ ᠬᠡᠯᠪᠡᠷᠢᠳᠡᠢ ᠢᠷᠳᠦ ᠮᠡᠰᠡ᠂ | ᠤᠷᠳᠦᠯᠵᠢᠨ ᠢᠷᠳᠦ ᠮᠡᠰᠡ᠂ ᠲᠠᠯ᠎ᠠ ᠲᠤᠭᠤᠢ ᠬᠡᠯᠪᠡᠷᠢᠳᠡᠢ ᠢᠷᠳᠦ ᠮᠡᠰᠡ᠂ ᠨᠠᠪᠴᠢᠨ ᠬᠡᠯᠪᠡᠷᠢᠳᠡᠢ ᠴᠢᠯᠠᠭᠤᠨ ᠵᠡᠪᠡ᠂ | ᠬᠤᠰᠢᠭᠤᠯᠵᠢᠨ ᠴᠢᠯᠠᠭᠤᠨ ᠵᠡᠪᠡ᠂ ᠦᠵᠦᠬᠦᠷ ᠭᠠᠷᠭᠠᠵᠦ ᠵᠢᠭᠰᠡᠨ ᠰᠢᠪᠦᠭᠡ᠂ ᠬᠢᠮᠦᠰᠦᠨ ᠬᠡᠯᠪᠡᠷᠢᠳᠡᠢ ᠵᠢᠵᠢᠭᠬᠡᠨ | ᠬᠤᠰᠤᠭᠤᠷ ᠴᠢᠯᠠᠭᠤ᠂ ᠵᠢᠵᠢᠭ ᠬᠡᠯᠪᠡᠷᠢᠳᠡᠢ ᠴᠢᠯᠠᠭᠤᠨ ᠠᠯᠤᠬ᠎ᠠ᠂ ᠵᠢᠵᠢᠭᠬᠡᠨ ᠬᠢᠭᠰᠡᠨ ᠴᠢᠯᠠᠭᠤᠨ ᠴᠦᠴᠡ᠂ | ᠴᠢᠯᠠᠭᠤᠨ ᠬᠤᠰᠤᠭᠤᠷ᠂ ᠱᠤᠪᠬᠤ ᠦᠯᠡᠳᠡᠴᠡ᠂ ᠴᠢᠯᠠᠭᠤᠨ ᠢᠯᠳᠠᠰᠦ᠂ ᠴᠤᠬᠢᠵᠦ ᠪᠠᠯᠪᠠᠴᠢᠬᠤ ᠴᠢᠯᠠᠭᠤᠨ ᠪᠠᠭᠠᠵᠢ᠂ | ᠨᠠᠷᠢᠬᠠᠨ ᠬᠢᠳᠤᠭᠠᠨ ᠢᠯᠳᠡᠰᠦ᠂ ᠴᠤᠬᠢᠵᠦ ᠪᠠᠯᠴᠢᠬᠤ ᠴᠢᠯᠠᠭᠤᠨ ᠪᠠᠭᠠᠵᠢ᠂ ᠨᠠᠷᠢᠬᠠᠨ ᠬᠢᠳᠤᠭᠠᠨ ᠢᠯᠳᠠᠰᠦ ᠵᠡᠷᠬᠡ | ᠬᠡᠯᠪᠡᠷᠢ ᠬᠢᠴᠡ ᠶᠡᠭᠡ ᠪᠠᠭ᠎ᠠ ᠨᠢ ᠠᠳᠠᠯᠢ ᠦᠬᠡᠢ ᠬᠢᠭᠰᠡᠨ ᠴᠠᠬᠢᠭᠤᠷ ᠴᠢᠯᠠᠭᠤᠨ ᠪᠠᠭᠠᠵᠢ ᠤᠳ ᠡᠯᠪᠡᠭ ᠦᠯᠡᠳᠡᠵᠡᠢ᠃ | ᠰᠦᠨᠢᠳ ᠵᠡᠬᠦᠨ ᠬᠤᠰᠢᠭᠤᠨ ᠤ ᠦᠷᠬᠡᠨ ᠠᠭᠤᠳᠠᠮ ᠨᠤᠳᠤᠭ ᠪᠤᠯ ᠦᠨᠢ ᠬᠤᠯᠠ ᠶᠢᠨ | ᠰᠤᠶᠤᠯ ᠲᠡᠤᠬᠡ ᠬᠠᠭᠤᠴᠢ ᠲᠤᠷᠠᠰᠬᠠᠯ ᠢᠶᠠᠨ ᠦᠪᠯᠡᠨ ᠬᠠᠳᠠᠭᠠᠯᠠᠵᠦ ᠪᠠᠶᠢᠭ᠎ᠠ ᠤᠷᠤᠨ ᠤ ᠨᠢᠬᠡ ᠪᠤᠯᠬᠤ ᠶᠤᠮ᠃ | ᠠᠯᠢ ᠡᠷᠳᠡ ᠲᠦᠴᠢᠬᠡᠳ ᠤᠨ ᠠᠴᠠ ᠮᠠᠨ ᠤ ᠰᠦᠨᠢᠳ ᠨᠤᠳᠤᠭ ᠤᠨ ᠴᠢᠯᠠᠭᠤᠨ ᠵᠡᠪᠰᠡᠭ ᠢ | ᠢᠯᠡᠷᠡᠬᠦᠯᠵᠦ᠂ ᠤᠳᠤ ᠪᠤᠯᠬᠤ ᠳᠤ ᠨᠢᠬᠡᠨᠳᠡ ᠲᠦᠮᠡ ᠭᠠᠷᠤᠢ ᠲᠦᠷᠦᠯ ᠵᠦᠢᠯ ᠤᠨ ᠴᠢᠯᠠᠭᠤᠨ ᠵᠡᠪᠰᠡᠭ ᠤᠯᠵᠦ | ᠢᠯᠡᠷᠡᠬᠦᠯᠵᠡᠢ᠃ | ᠠᠳᠡ ᠲᠡᠯᠬᠡᠨ ᠦᠵᠡᠬᠦᠯᠵᠦ ᠪᠠᠶᠢᠭ᠎ᠠ ᠴᠢᠯᠠᠭᠤᠨ ᠪᠠᠭᠠᠵᠢ ᠨᠢ ᠴᠤᠬᠢᠵᠦ ᠡᠮᠳᠡᠯᠡᠨ ᠬᠢᠭᠰᠡᠨ | ᠡᠯ᠎ᠡ ᠵᠦᠢᠯ ᠤᠨ ᠪᠠᠭᠠᠵᠢ ᠤᠳ ᠪᠤᠯᠤᠨ᠎ᠠ᠃ | ᠬᠠᠭᠤᠴᠢᠨ ᠴᠢᠯᠠᠭᠤᠨ ᠵᠡᠪᠰᠡᠭ ᠤᠨ ᠤᠯᠠᠮᠵᠢᠯᠠᠯ ᠠᠷᠭ᠎ᠠ ᠪᠠᠷ ᠴᠤᠬᠢᠵᠦ ᠡᠮᠳᠡᠯᠡᠨ ᠢᠷ | ᠭᠠᠷᠭᠠᠵᠦ ᠬᠢᠭᠰᠡᠨ ᠴᠢᠯᠠᠭᠤᠨ ᠪᠠᠭᠠᠵᠢ ᠤᠳ ᠬᠡᠪᠡᠯ᠄ | ᠬᠤᠶᠠᠷ ᠲᠠᠯ᠎ᠠ ᠶᠢ ᠨᠢ ᠴᠤᠬᠢᠵᠦ ᠡᠮᠳᠡᠯᠡᠵᠦ ᠬᠢᠭᠰᠡᠨ ᠰᠦᠬᠡ᠂ ᠴᠢᠯᠠᠭᠤᠨ ᠠᠯᠤᠬ᠎ᠠ᠂ | ᠴᠢᠯᠠᠭᠤᠨ ᠴᠦᠴᠡ᠂ ᠴᠢᠯᠠᠭᠤᠨ ᠬᠤᠰᠤᠭᠤᠷ᠂ ᠴᠢᠯᠠᠭᠤᠨ ᠨᠦᠳᠦᠬᠦᠷ᠂ ᠴᠢᠯᠠᠭᠤᠨ ᠪᠦᠮᠪᠦᠭᠡ ︵ᠲᠦᠡᠭᠭᠦᠷ ᠴᠢᠯᠠᠭᠤ | ︶᠂ ᠲᠠᠯ᠎ᠠ ᠪᠦᠷᠢ ᠠᠴᠠ ᠨᠢ ᠡᠮᠳᠡᠯᠡᠵᠦ ᠵᠠᠰᠠᠵᠦ ᠭᠤᠤᠯ ᠳᠠᠭᠠᠨ ᠨᠦᠬᠡ ᠲᠠᠢ ᠲᠠᠯᠠᠭᠳᠠᠬᠤ ᠪᠠᠭᠠᠵᠢ᠂ ᠬᠢᠯᠪᠠᠷ | ᠬᠡᠯᠪᠡᠷᠢᠳᠡᠢ ᠴᠤᠬᠢᠵᠦ ᠪᠠᠯᠪᠠᠴᠢᠬᠤ ᠪᠠᠭᠠᠵᠢ᠂ ᠴᠤᠬᠢᠵᠦ ᠡᠮᠳᠡᠯᠡᠨ ᠢᠷ ᠢᠷᠮᠡᠭ ᠭᠠᠷᠭᠠᠵᠦ ᠬᠢᠭᠰᠡᠨ ᠴᠢᠯᠠᠭᠤᠨ | ᠬᠢᠳᠤᠭ᠎ᠠ᠂ ᠡᠮᠳᠡᠯᠡᠨ ᠴᠤᠬᠢᠵᠦ ᠪᠦᠮᠪᠦᠬᠡᠯᠢᠭ ᠶᠠᠩᠵᠦ ᠤᠷᠤᠭᠤᠯᠤᠨ ᠵᠠᠰᠠᠵᠦ ᠭᠢᠭᠰᠡᠨ ᠴᠢᠯᠠᠭᠤᠨ ᠪᠦᠮᠪᠦᠭᠡ ︵ | ᠲᠦᠡᠭᠭᠦᠷ ᠴᠢᠯᠠᠭᠤ︶᠂ ᠲᠠᠯ᠎ᠠ ᠪᠦᠷᠢ ᠨᠢ ᠡᠮᠳᠡᠯᠡᠨ ᠵᠠᠰᠠᠵᠦ ᠬᠢᠭᠰᠡᠨ ᠴᠢᠯᠠᠭᠤᠨ ᠰᠢᠪᠦᠭᠡ᠂ ᠴᠢᠯᠠᠭᠤᠨ ᠲᠦᠰᠢ᠂ | ᠴᠤᠬᠢᠵᠦ ᠡᠮᠳᠡᠯᠡᠨ ᠶᠠᠩᠵᠦ ᠤᠷᠤᠭᠤᠯᠤᠨ ᠬᠢᠭᠰᠡᠨ ᠴᠢᠯᠠᠭᠤᠨ ᠨᠦᠳᠦᠬᠦᠷ᠂ ᠴᠤᠬᠢᠵᠦ ᠡᠮᠳᠡᠯᠡᠨ ᠵᠠᠰᠠᠵᠦ ᠬᠢᠭᠰᠡᠨ | ᠢᠷᠳᠦ ᠮᠡᠰᠡ᠂ ᠡᠮᠳᠡᠯᠡᠨ ᠵᠠᠰᠠᠵᠦ ᠬᠢᠭᠰᠡᠨ ᠬᠢᠯᠪᠠᠷ ᠴᠢᠯᠠᠭᠤ᠂ ᠡᠮᠳᠡᠯᠡᠵᠦ ᠵᠠᠰᠠᠭᠰᠠᠨ ᠴᠢᠯᠠᠭᠤᠨ ᠵᠡᠪᠡ᠂ ᠴᠢᠯᠠᠭᠤᠨ | ᠴᠠᠪᠴᠢᠭᠤᠷ ︵ᠰᠦᠬᠡ ᠶᠢᠨ ᠤᠷᠤᠨ ᠳᠤ ᠬᠡᠷᠡᠭᠯᠡᠳᠡᠭ︶᠂ ᠴᠢᠯᠠᠭᠤᠨ ᠴᠦᠮ᠎ᠡ᠂ ᠴᠢᠯᠠᠭᠤᠨ ᠢᠯᠳᠡᠰᠦ ︵ᠱᠤᠪᠬᠤ | ᠦᠯᠡᠳᠡᠴᠡ︶ ᠵᠡᠷᠬᠡ ᠤᠯᠠᠨ ᠲᠦᠷᠦᠯ ᠤᠨ ᠴᠢᠯᠠᠭᠤᠨ ᠪᠠᠭᠠᠵᠢ ᠤᠳ ᠪᠤᠢ᠃ | ᠡᠳᠡᠭᠡᠷ ᠴᠢᠯᠠᠭᠤᠨ ᠪᠠᠭᠠᠵᠢ ᠤᠯᠳᠠᠭᠰᠠᠨ ᠭᠠᠵᠠᠷ ᠠᠴᠠ ᠪᠠᠰᠠ ᠪᠦᠳᠦᠬᠦᠯᠢᠭ ᠬᠢᠴᠠ ᠲᠠᠢ | ᠸᠠᠭᠠᠷ ᠰᠠᠪᠠᠨ ᠤ ᠬᠠᠭᠠᠷᠬᠠᠢ᠂ ᠲᠤᠳᠠᠭᠤ ᠰᠢᠳᠠᠭᠰᠠᠨ ᠶᠠᠰᠦ ᠵᠡᠷᠬᠡ ᠦᠯᠡᠳᠡᠪᠦᠷᠢ ᠤᠳ ᠤᠯᠠᠳᠠᠵᠦ ᠪᠠᠶᠢᠳᠠᠭ᠃ | ᠪᠠᠯᠠᠷ ᠡᠷᠳᠡᠨ ᠤ ᠬᠦᠮᠦᠨ ᠠᠮᠢᠳᠤᠷᠠᠨ ᠪᠤᠢ ᠤᠷᠴᠢᠨ ᠲᠤᠭᠤᠷᠢᠨ ᠳᠠᠭᠠᠨ ᠲᠠᠰᠤᠨ | ᠵᠤᠬᠢᠴᠠᠵᠦ᠂ ᠦᠭᠬᠢᠶᠡᠮᠦᠷ ᠪᠠᠶᠢᠭᠠᠯᠢ ᠶᠢᠨ ᠰᠢᠮ᠎ᠡ ᠠᠰᠢᠭ ᠠᠴᠠ ᠨᠢ ᠬᠦᠷᠳᠡᠨ ᠠᠮᠢ ᠵᠢᠭᠤᠬᠤ ᠶᠠᠪᠤᠴᠠ ᠳᠠᠭᠠᠨ | ᠶᠠᠭᠤᠨ ᠤ ᠲᠡᠷᠢᠬᠦᠨ ᠳᠤ ᠪᠠᠶᠢᠭᠠᠯᠢ ᠡᠬᠡ ᠶᠢᠨ ᠰᠤᠳᠤᠨ ᠪᠦᠳᠦᠬᠡᠯ — ᠬᠠᠳᠠ ᠴᠢᠯᠠᠭᠤ ᠶᠢ ᠵᠡᠪᠰᠡᠭ ᠪᠠᠭᠠᠵᠢ | ᠪᠤᠯᠭᠠᠨ ᠪᠦᠳᠦᠬᠡᠯᠴᠢ ᠪᠠᠷ ᠠᠰᠢᠭᠯᠠᠵᠦ᠂ ᠲᠦᠷᠦᠯ ᠵᠦᠢᠯ ᠢ ᠨᠢ ᠤᠯᠠᠰᠢᠷᠠᠭᠤᠯᠤᠨ᠂ ᠴᠢᠨᠠᠷ ᠴᠢᠨᠰᠠᠭ᠎ᠠ ᠶᠢ ᠨᠢ | ᠰᠠᠶᠢᠵᠢᠷᠠᠭᠤᠯᠤᠨ᠂ ᠰᠢᠨ᠎ᠡ ᠰᠢᠨ᠎ᠡ ᠬᠦᠭᠵᠢᠯ ᠦᠬᠡᠳᠡ ᠲᠠᠰᠤᠷᠠᠯᠳᠠ ᠦᠬᠡᠢ ᠲᠠᠪᠰᠢᠭᠰᠠᠭᠠᠷ ᠢᠷᠡᠵᠡᠢ᠃ | ᠴᠢᠯᠠᠭᠤᠨ ᠵᠡᠪᠰᠡᠭ ᠪᠤᠯ ᠪᠠᠯᠠᠷ ᠡᠷᠳᠡᠨ ᠤ ᠬᠦᠮᠦᠨ ᠲᠦᠷᠦᠯᠬᠢᠳᠡᠨ ᠤ ᠠᠮᠢᠳᠤᠷᠠᠯ | ᠦᠢᠯᠡᠳᠪᠦᠷᠢᠯᠡᠯ ᠤᠨ ᠴᠢᠯᠠᠭᠤᠨ ᠪᠠᠭᠠᠵᠢ ᠵᠡᠪᠰᠡᠭ ᠨᠢ ᠪᠤᠯᠤᠨ᠎ᠠ᠃ ᠰᠦᠨᠢᠳ ᠤᠨ ᠲᠠᠮᠠᠴᠢ ᠶᠢᠨ ᠪᠠᠷᠤᠭ ᠪᠦᠬᠦ | ᠨᠤᠳᠤᠭ ᠠᠴᠠ ᠤᠯᠳᠠᠵᠦ ᠪᠠᠶᠢᠨ᠎ᠠ᠃ ᠦᠷᠦᠵᠦ ᠪᠢᠯᠡᠬᠦᠳᠡᠨ ᠵᠠᠰᠠᠵᠦ ᠬᠢᠭᠰᠡᠨ ᠲᠦᠷᠦᠯ ᠪᠦᠷᠢ ᠶᠢᠨ ᠵᠡᠪᠰᠡᠭ | ᠪᠠᠭᠠᠵᠢ ᠤᠳ ᠪᠤᠢ᠃ ᠴᠢᠯᠠᠭᠤᠨ ᠵᠡᠪᠰᠭ ᠤᠨ ᠬᠠᠭᠤᠴᠢ ᠦᠯᠡᠳᠡᠪᠦᠷᠢ ᠠᠴᠠ ᠨᠠᠷᠢᠨ ᠠᠵᠢᠭᠯᠠᠬᠤ ᠳᠤ ᠴᠢᠯᠠᠭᠤᠨ | ᠵᠡᠪᠰᠡᠭ ᠤᠨ ᠦᠶ᠎ᠡ ᠶᠢᠨ ᠪᠠᠭᠠᠵᠢ ᠵᠡᠪᠰᠡᠭ ᠦᠢᠯᠡᠳᠬᠦ ᠦᠨᠳᠦᠰᠦᠨ ᠠᠷᠭ᠎ᠠ ᠶᠢᠨ ᠤᠯᠠᠮᠵᠢᠯᠠᠯ ᠢ ᠬᠠᠳᠠᠭᠠᠯᠠᠬᠰᠠᠨ | ᠪᠠᠶᠢᠬᠤ ᠪᠦᠬᠡᠳ ᠬᠤᠶᠠᠷ ᠲᠠᠯ᠎ᠠ ᠠᠴᠠ ᠨᠢ ᠬᠡᠯᠳᠡᠯᠡᠵᠦ ᠢᠷ ᠤᠷᠤᠭᠤᠯᠤᠭᠰᠠᠨ — ᠢᠷᠳᠦ ᠦᠵᠦᠭᠦᠷᠳᠦ ᠮᠡᠰᠡ᠂ | ᠬᠢᠨᠭ᠍ᠭᠠᠷ ᠴᠢᠯᠠᠭᠤ ᠬᠢᠯᠪᠠᠷ ᠮᠡᠰᠡ᠂ ᠲᠡᠷᠬᠡᠯ ᠦᠯᠡᠳᠡᠴᠡ ᠵᠢᠴᠢ ᠡᠷᠬᠢᠨ ᠲᠤᠭᠤᠷᠢᠨ ᠡᠮᠳᠡᠯᠡᠵᠦ ᠢᠷᠯᠡᠭᠰᠡᠨ ᠬᠤᠰᠤᠭᠤᠷ | ᠴᠢᠯᠠᠭᠤ᠂ ᠡᠰᠬᠡᠬᠦᠷ᠂ ᠴᠤᠭᠤᠯᠳᠤᠷ᠂ ᠦᠵᠦᠭᠦᠷᠳᠦ ᠰᠢᠪᠦᠭᠡ ᠵᠡᠷᠬᠡ ᠰᠢᠨ᠎ᠡ ᠰᠢᠨ᠎ᠡ ᠪᠠᠭᠠᠵᠢ ᠵᠡᠪᠰᠡᠭ ᠦᠢᠯᠡᠳᠴᠦ | ᠴᠢᠳᠠᠬᠤ ᠪᠤᠯᠤᠭᠰᠠᠨ ᠲᠡᠳᠦᠢ ᠦᠬᠡᠢ᠂ ᠬᠤᠶᠠᠷ ᠲᠠᠯ᠎ᠠ ᠶᠢ ᠨᠢ ᠦᠷᠦᠵᠦ ᠪᠢᠯᠡᠬᠦᠳᠡᠨ ᠵᠠᠰᠠᠵᠦ ᠶᠠᠩᠵᠦ ᠬᠡᠯᠪᠡᠷᠢ | ᠤᠷᠤᠭᠤᠯᠤᠭᠰᠠᠨ — ᠲᠦᠷᠦᠯ ᠪᠦᠷᠢ ᠶᠢᠨ ᠪᠠᠭᠠᠵᠢ ᠵᠡᠪᠰᠡᠭ ᠴᠤ ᠤᠯᠠᠰᠢᠷᠠᠵᠠᠢ᠃ ᠰᠢᠨ᠎ᠡ ᠠᠷᠭ᠎ᠠ ᠪᠠᠷᠢᠯ ᠢᠶᠠᠷ | ᠬᠢᠭᠰᠡᠨ ᠤᠭᠳᠤᠯᠬᠤ᠂ ᠴᠤᠭᠤᠯᠬᠤ᠂ ᠬᠤᠰᠤᠬᠤ ᠵᠡᠷᠬᠡ ᠤᠯᠠᠨ ᠶᠠᠩᠵᠦ ᠪᠠᠷ ᠬᠡᠷᠡᠭᠯᠡᠵᠦ ᠪᠤᠯᠬᠤ ᠵᠤᠷᠢᠭᠤᠯᠤᠯᠳᠠ ᠲᠠᠢ | ᠨᠠᠷᠢᠯᠢᠭ ᠬᠢᠴᠠ ᠲᠠᠢ᠂ ᠬᠤᠷᠴᠠ ᠢᠷ ᠲᠠᠢ ᠵᠢᠵᠢᠭᠬᠡᠨ ︵ᠬᠦᠡᠭᠭᠡᠨ︶ ᠪᠠᠭᠠᠵᠢ ᠵᠡᠪᠰᠡᠭ ᠬᠢᠵᠦ ᠴᠢᠳᠠᠬᠤ ᠪᠤᠯᠤᠭᠰᠠᠨ | ᠨᠢ ᠲᠤᠬᠠᠢ ᠶᠢᠨ ᠦᠶ᠎ᠡ ᠶᠢᠨ ᠠᠪᠠ ᠠᠩᠨᠠᠯ ᠶᠡᠬᠡᠬᠡᠨ ᠬᠦᠭᠵᠢᠯ ᠲᠠᠢ ᠪᠤᠯᠤᠭᠰᠠᠨ ᠢ ᠬᠠᠷᠠᠭᠤᠯᠵᠦ ᠪᠠᠶᠢᠨ᠎ᠠ᠃ | ᠦᠷᠦᠵᠦ ᠪᠢᠯᠡᠬᠦᠳᠡᠨ᠂ ᠵᠠᠰᠠᠵᠦ ᠦᠡᠭᠭᠡᠯᠡᠨ ᠬᠢᠭᠰᠡᠨ ᠴᠢᠯᠠᠭᠤᠨ ᠪᠠᠭᠠᠵᠢ ᠤᠳ ᠲᠤ | ᠵᠢᠭᠠᠰᠤᠨ ᠬᠡᠯᠪᠡᠷᠢᠳᠡᠢ ᠰᠠᠮᠪᠠᠷ᠎ᠠ ᠴᠢᠯᠠᠭᠤ ︵ᠨᠤᠬᠤᠭᠤᠷ ᠴᠢᠯᠠᠭᠤ︶ ᠲᠠᠯᠠᠭᠳᠠᠬᠤ ᠪᠠᠭᠠᠵᠢ᠂ ᠵᠢᠵᠢᠭᠬᠡᠨ ᠭᠠᠷ | ᠲᠡᠭᠡᠷᠡᠮ ᠤᠨ ᠴᠢᠯᠠᠭᠤ᠂ ᠴᠢᠯᠠᠭᠤᠨ ᠰᠦᠬᠡ᠂ ᠴᠢᠯᠠᠭᠤᠨ ᠠᠯᠤᠬ᠎ᠠ᠂ ᠴᠢᠯᠠᠭᠤᠨ ᠴᠦᠴᠡ᠂ ᠴᠢᠯᠠᠭᠤᠨ ᠬᠤᠰᠤᠭᠤᠷ᠂ | ᠴᠢᠯᠠᠭᠤᠨ ᠬᠢᠳᠤᠭ᠎ᠠ᠂ ᠴᠢᠯᠠᠭᠤᠨ ᠠᠶᠠᠭ᠎ᠠ᠂ ᠪᠦᠮᠪᠦᠬᠡᠨ ᠴᠢᠯᠠᠭᠤ ︵ᠲᠦᠡᠭᠭᠦᠷ ᠴᠢᠯᠠᠭᠤ︶᠂ ᠴᠢᠯᠠᠭᠤᠨ ᠵᠡᠪᠡ᠂ | ᠴᠢᠯᠠᠭᠤᠨ ᠤᠭᠤᠷ᠂ ᠬᠢᠨᠭ᠍ᠭᠠᠷ ᠴᠢᠯᠠᠭᠤ᠂ ᠱᠤᠪᠬᠤ ᠦᠯᠡᠳᠡᠴᠡ᠂ ᠤᠯᠠᠨ ᠲᠠᠯ᠎ᠠ ᠲᠠᠢ ᠴᠠᠪᠴᠢᠮᠠᠯ ᠴᠢᠯᠠᠭᠤᠨ ᠪᠠᠭᠠᠵᠢ | ᠂ ᠲᠤᠭᠤᠷᠢᠭ ᠬᠤᠰᠤᠭᠤᠷ᠂ ᠬᠤᠳᠤᠭᠤᠷ ᠢᠷᠳᠦ ᠴᠢᠯᠠᠭᠤᠨ ᠬᠤᠰᠤᠭᠤᠷ᠂ ᠬᠢᠯᠪᠡᠷ ᠬᠡᠯᠪᠡᠷᠢᠳᠦ ᠴᠢᠯᠠᠭᠤᠨ | ᠬᠤᠰᠤᠭᠤᠷ᠂ ᠬᠠᠵᠠᠭᠤ ᠲᠠᠯ᠎ᠠ ᠪᠠᠷ ᠤᠷᠠᠯᠠᠵᠦ ᠬᠢᠭᠰᠡᠨ ᠴᠠᠪᠴᠢᠬᠤ ᠪᠠᠭᠠᠵᠢ᠂ ᠴᠢᠯᠠᠭᠤᠨ ᠰᠢᠳᠡᠮ᠂ ᠴᠢᠯᠠᠭᠤᠨ | ᠭᠠᠷᠠᠬ᠎ᠠ᠂ ᠴᠢᠯᠠᠭᠤᠨ ᠴᠤᠭᠤᠯᠳᠤᠷ᠂ ᠴᠢᠯᠠᠭᠤᠨ ᠬᠠᠳᠤᠭᠤᠷ᠂ ᠠᠨᠵᠢᠰᠦᠨ ᠴᠢᠯᠠᠭᠤ᠂ ᠴᠢᠯᠠᠭᠤᠨ ᠤᠡᠭᠭᠤ — | ᠵᠡᠷᠬᠡ ᠲᠦᠷᠦᠯ ᠪᠦᠷᠢ ᠶᠢᠨ ᠪᠠᠭᠠᠵᠢ ᠵᠡᠪᠰᠡᠭ ᠤᠳ ᠪᠤᠢ᠃ ᠰᠦᠨᠢᠳ ᠤᠨ ᠬᠡᠬᠡᠷ᠎ᠡ ᠶᠢᠨ ᠪᠦᠰᠡ ᠨᠤᠳᠤᠭ ᠠᠴᠠ | ᠤᠯᠳᠠᠵᠦ ᠪᠠᠶᠢᠭ᠎ᠠ ᠴᠢᠯᠠᠭᠤᠨ ᠵᠡᠪᠰᠡᠭ ᠤᠨ ᠴᠠᠭ ᠦᠶ᠎ᠡ ᠶᠢᠨ ᠠᠳᠠᠯᠢ ᠪᠤᠰᠦ ᠲᠡᠤᠬᠡᠨ ᠱᠠᠳᠤ ᠦᠶ᠎ᠡ ᠶᠢ ᠲᠤᠳᠤᠷᠬᠠᠢ | ᠬᠡᠮᠵᠢᠶᠡᠨ ᠳᠤ ᠢᠯᠡᠷᠬᠡᠶᠢᠯᠡᠵᠦ ᠴᠢᠳᠠᠬᠤ ᠲᠦᠯᠦᠬᠡᠯᠡᠬᠦ ᠪᠦᠳᠦᠬᠡᠯ — ᠡᠮᠳᠡᠯᠡᠵᠦ ᠰᠡᠳᠡᠯᠡᠵᠦ ᠢᠷ ᠢᠷᠮᠡᠭ | ᠤᠷᠤᠭᠤᠯᠤᠨ ᠬᠢᠭᠰᠡᠨ ᠴᠢᠯᠠᠭᠤᠨ ᠵᠡᠪᠡ᠂ ᠬᠢᠳᠤᠭ᠎ᠠ᠂ ᠰᠢᠪᠦᠭᠡ᠂ ᠬᠢᠨᠭ᠍ᠭᠠᠷ ᠴᠢᠯᠠᠭᠤ᠂ ᠬᠤᠰᠤᠭᠤᠷ ᠵᠢᠴᠢ ᠨᠦᠬᠡᠯᠡᠵᠦ | ᠵᠦᠯᠬᠡᠬᠦ ᠠᠷᠭ᠎ᠠ ᠪᠠᠷᠢᠯ ᠢᠶᠠᠷ ᠬᠢᠭᠰᠡᠨ ᠬᠤᠷᠴᠠ ᠢᠷ ᠲᠠᠢ ᠢᠷᠳᠦ ᠮᠡᠰᠡ ᠪᠤᠯᠤᠨ ᠰᠠᠮᠪᠠᠷ ᠴᠢᠯᠠᠭᠤ᠂ ᠴᠢᠯᠠᠭᠤᠨ | ᠰᠦᠬᠡ᠂᠂᠂᠂᠂᠂ ᠵᠡᠷᠬᠡ ᠴᠠᠭ ᠦᠶ᠎ᠡ ᠶᠢᠨ ᠢᠯᠡ ᠲᠤᠳᠤ ᠢᠮᠡ ᠲᠠᠮᠠᠭ᠎ᠠ ᠪᠦᠬᠦᠢ ᠪᠦᠳᠦᠬᠡᠯ ᠢ ᠲᠤᠷᠠᠳᠤᠵᠦ | ᠪᠤᠯᠬᠤ ᠵᠢᠱᠢᠶ᠎ᠡ ᠲᠠᠢ᠃ |