ᠴᠡᠴᠡᠭ ᠤᠨ ᠲᠠᠯᠪᠠᠭ᠎ᠠ ᠬᠠᠶᠠᠯᠠᠭᠰᠠᠨ ᠴᠡᠯᠡᠬᠡᠷ ᠪᠠᠶᠠᠨ ᠲᠠᠮᠤᠴᠢ | ᠨᠤᠳᠤᠭ | ᠴᠠᠴᠡᠨ ᠠᠷᠠᠳ ᠤᠨ ᠦᠯᠦᠬᠡᠢ ᠪᠤᠯᠤᠭᠰᠠᠨ ᠬᠢᠯᠦᠬᠡᠨ | ᠪᠠᠭᠠᠳᠤᠷ ᠤᠨ ᠵᠡᠬᠦᠨ ᠰᠦᠨᠢᠳ | ᠲᠠᠭᠠᠨ᠎ᠠ ᠶᠢᠨ ᠴᠡᠴᠡᠭ ᠤᠨ ᠬᠦᠮᠡᠢ ᠳᠤ ᠲᠠᠯ᠎ᠠ ᠶᠢᠨ ᠴᠠᠭᠠᠨ ᠠᠶᠢᠯ ᠪᠦᠪᠠᠶᠢᠯᠡᠭᠳᠡᠨ ᠲᠠᠩᠰᠤᠭ | ᠪᠠᠶᠠᠨ ᠰᠦᠷᠦᠭ ᠤᠨ ᠲᠡᠷᠬᠡᠳᠡ ᠲᠡᠭᠷᠢ ᠶᠢᠨ ᠬᠡᠰᠢᠭᠳᠦ ᠪᠤᠳᠠᠷ ᠴᠢᠯᠠᠭᠤ᠂ ᠲᠡᠨᠢᠬᠡᠷ ᠲᠠᠮᠤᠴᠢ ᠶᠢᠨ ᠰᠦᠭ ᠵᠢᠷᠤᠭ | ᠬᠡᠶᠢᠮᠦᠷᠢ ᠲᠠᠯᠯᠠᠵᠦ ᠬᠠᠷᠠᠭᠳᠠᠨ᠎ᠠ᠃ ᠡᠨᠡ ᠪᠤᠯ ᠵᠡᠬᠦᠨ ᠰᠦᠨᠢᠳ ᠨᠤᠳᠤᠭ᠂ ᠵᠡᠬᠦᠳᠦᠨ ᠤ ᠲᠡᠷᠬᠡᠯᠬᠡᠨ ᠲᠠᠯ᠎ᠠ᠃ | ᠠᠯᠤᠰ ᠪᠠᠷ᠎ᠠ ᠶᠢᠨ ᠭᠠᠵᠠᠷ ᠠᠴᠠ ᠠᠯᠳᠠᠨ ᠭᠠᠨᠵᠢᠷ᠎ᠠ ᠨᠢ ᠬᠢᠯᠠᠯᠵᠠᠭᠰᠠᠨ ᠴᠠᠭᠠᠬᠤᠪᠤᠭ᠎ᠠ ᠰᠦᠮ᠎ᠡ ᠬᠡᠰᠢᠭ ᠲᠠᠭᠠᠳᠬᠠᠨ | ᠰᠡᠬᠦᠶᠢᠬᠦ ᠳᠤ ᠠᠷ ᠨᠢ ᠬᠦᠷᠳᠡᠯ᠎ᠡ ᠮᠦᠡᠭᠭᠦᠷᠡᠨ ᠪᠠᠶᠢᠳᠠᠭ ᠡᠩᠭᠡᠷ᠂ ᠨᠦᠬᠡᠰ ᠤᠨ ᠭᠤᠤᠯ ᠨᠢ ᠦᠡᠭ ᠰᠠᠶᠢᠬᠠᠨ ᠡᠨᠡ | ᠨᠤᠳᠤᠭ ᠢ ᠤᠮᠳᠠᠯᠠᠨ ᠤᠮᠳᠠᠯᠠᠨ ᠬᠤᠯᠠ ᠶᠢ ᠵᠤᠷᠢᠨ᠎ᠠ᠃ ᠲᠠᠭᠤᠯᠠᠬᠤ ᠳᠤ ᠠᠭᠠᠷ ᠨᠢ ᠬᠦᠷᠳᠡᠯ᠎ᠡ ᠰᠠᠭᠠᠮᠰᠢᠵᠦ | ᠲᠤᠪᠳᠤᠯᠬᠤ ᠳᠤ ᠴᠢᠯᠠᠭᠤᠳ ᠨᠢ ᠬᠦᠷᠳᠡᠯ᠎ᠡ ᠤᠶᠠᠩᠭᠠᠷᠠᠳᠠᠭ ᠡᠨᠡ ᠨᠤᠳᠤᠭ ᠤᠨ ᠬᠦᠮᠦᠨ ᠤ ᠰᠡᠳᠬᠢᠯ ᠨᠢ ᠵᠤᠨ ᠢᠶᠠᠷ | ᠪᠢᠯᠬᠠᠵᠦ ᠬᠦᠷᠦᠰᠦ ᠰᠢᠷᠦᠶᠢᠨ ᠳᠤᠨᠢ ᠬᠦᠷᠦᠩᠭᠡ ᠪᠠᠶᠠᠨ ᠪᠠᠶᠢᠳᠠᠭ᠃ ᠠᠳᠡ ᠠᠯᠳᠠ᠂ ᠲᠡᠮᠦᠷ᠂ ᠬᠦᠡᠭᠭᠡᠨ ᠴᠠᠭᠠᠨ᠂ | ᠴᠢᠯᠠᠭᠤᠨ ᠲᠤᠰᠤ᠂ ᠪᠤᠯᠤᠷ ᠤᠨ ᠡᠷᠦᠳᠡᠰᠦ ᠡᠯᠪᠡᠭ ᠪᠠᠶᠢᠵᠦ᠂ ᠬᠦᠷᠦᠰᠦᠨ ᠲᠡᠬᠡᠷ᠎ᠡ ᠨᠢ ᠬᠦ᠋ ᠦᠬᠡᠢ ᠮᠦᠡᠭᠭᠦ ᠰᠢᠭ | ᠪᠦᠮᠪᠦᠷᠢᠵᠦ ᠪᠠᠶᠢᠳᠠᠭ ᠰᠦᠨᠢᠳ ᠬᠤᠨᠢ᠂ ᠬᠤᠨᠢᠨ ᠤ ᠸᠠᠩ ᠬᠡᠳᠡᠭ ᠰᠠᠶᠢᠬᠠᠨ ᠨᠡᠷ᠎ᠡ ᠬᠦᠷᠳᠡᠵᠦ᠂ ᠤᠭᠤᠷᠠᠭ ᠰᠢᠮ᠎ᠡ | ᠰᠠᠶᠢᠳᠠᠢ ᠪᠠᠷ ᠢᠶᠠᠨ ︽ᠮᠢᠬᠠᠨ ᠤ ᠲᠤᠳᠤᠷᠠᠬᠢ ᠤᠷᠬᠤᠳᠠᠢ︾ ᠬᠡᠵᠦ ᠠᠯᠳᠠᠷᠰᠢᠵᠠᠢ᠃ | ᠬᠠᠮᠢᠭ᠎ᠠ ᠬᠦᠷᠦᠭᠰᠡᠨ ᠴᠤ ᠬᠠᠳᠠᠭ ᠲᠠᠢ᠂ ᠲᠠᠭᠤᠤ ᠲᠠᠢ ᠰᠦᠨᠢᠳ ᠨᠤᠳᠤᠭ ᠬᠦᠷᠦᠬᠡ ᠦᠬᠡᠢ | ᠬᠦᠮᠦᠰ ᠤᠨ ᠬᠦᠰᠡᠯ ᠢ ᠲᠠᠯᠯᠠᠵᠦ᠂ ᠬᠦᠷᠦᠭᠰᠡᠨ ᠪᠤᠯᠭᠠᠨ ᠤ ᠵᠡᠬᠦᠳᠦᠨ ᠳᠤ ᠬᠤᠨᠤᠭᠰᠢᠳᠠᠭ ᠠᠵᠠᠢ᠃ ᠡᠨᠡ | ᠨᠤᠳᠤᠭ ᠤᠨ ᠬᠡᠶᠢᠮᠦᠷᠢ ᠰᠦᠯᠳᠡ ᠬᠡᠴᠢᠨᠡᠨ ᠤᠯᠠᠨ ᠮᠡᠷᠬᠡᠳ ᠪᠠᠭᠠᠳᠤᠷ ᠤᠳ ᠢ ᠬᠦᠮᠦᠵᠢᠬᠦᠯᠵᠦ ᠦᠭᠬᠦᠭᠰᠡᠨ ᠢ | ᠤᠶᠠᠩᠭᠠᠯᠠᠭᠠᠳ ᠪᠠᠶᠢᠬᠤ ᠤᠤ ᠳ᠋ᠠ︖ ᠦᠨᠦᠳᠦᠷ ᠴᠡᠴᠡᠨ ᠮᠡᠷᠬᠡᠨ ᠰᠦᠨᠢᠳ ᠲᠦᠮᠡᠨ ᠦᠬᠡᠳᠡᠯᠡᠨ ᠲᠠᠪᠰᠢᠬᠤ | ᠦᠯᠵᠡᠶᠢᠳᠦ ᠵᠠᠮ ᠤᠨ ᠵᠢᠯᠤᠭᠤ ᠬᠦᠨᠳᠡᠷᠴᠦ᠂ ᠦᠡᠭᠭᠡ ᠢᠯᠭᠠᠷᠠᠭᠰᠠᠨ ᠢᠷᠡᠬᠡᠳᠦᠢ ᠵᠦᠭ ᠬᠦᠯᠦᠭ ᠤᠨ ᠵᠢᠯᠤᠭᠤ | ᠰᠤᠩᠭᠠᠨ︕ ᠰᠤᠮᠤᠳᠠᠵᠦ ᠲᠠᠪᠬᠢᠨ᠎ᠠ︕ | ᠠᠶᠢᠷᠠᠭ ᠴᠠᠭ᠎ᠠ ᠠᠩᠬᠢᠯᠤᠭᠰᠠᠨ ᠠᠭᠤᠳᠠᠮ ᠲᠠᠮᠤᠴᠢ ᠶᠢᠨ ᠵᠡᠬᠦᠨ ᠰᠦᠨᠢᠳ ᠠᠷᠪᠠᠨ ᠵᠦᠭ ᠤᠨ | ᠬᠡᠶᠢᠴᠢᠳ ᠢᠶᠠᠨ ᠠᠷᠠᠳ ᠤᠨ ᠰᠠᠶᠢᠬᠠᠨ ᠲᠠᠭᠤᠤ᠂ ᠠᠮᠠ ᠴᠠᠭᠠᠨ ᠬᠠᠳᠠᠭ ᠲᠠᠢ ᠪᠠᠨ ᠤᠭᠳᠤᠨ ᠪᠠᠶᠢᠨᠠᠮ︕ | ᠮᠤᠷᠢᠯᠠᠨ ᠰᠠᠭᠠᠳᠠᠭᠠᠷᠠᠢ︕ ᠡᠷᠬᠢᠮ ᠲᠠᠨ ᠤ ᠰᠤᠶᠤᠯ ᠤᠨ ᠠᠮᠢᠳᠤᠷᠠᠯ ᠳᠤ ᠴᠢᠨᠢ ᠨᠢᠬᠡᠨ ᠪᠠᠭᠴᠠ ᠴᠡᠴᠡᠭ ᠪᠤᠯᠵᠦ | ᠠᠩᠬᠢᠯᠠᠬᠤ ᠪᠤᠯᠳᠤᠭᠠᠢ︕ |