ᠠᠷᠪᠠᠨ ᠬᠤᠶᠠᠳᠤᠭᠠᠷ᠄ ᠴᠤᠶᠢᠰᠦ᠋ᠷᠦᠩ ︵1837 — 1881︶
ᠨᠡᠶᠢᠲᠡᠯᠡᠭᠰᠡᠨ ᠴᠠᠭ᠄
2010/10/6
       ᠠᠷᠪᠠᠨ ᠬᠤᠶᠠᠳᠤᠭᠠᠷ᠄ ᠴᠤᠶᠢᠰᠦ᠋ᠷᠦᠩ ︵1837 — 1881︶       ᠴᠤᠶᠢᠰᠦ᠋ᠷᠦᠩ ᠪᠤᠯ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠤᠨ ᠲᠤᠳᠠᠪᠦ᠋ᠮᠡᠨ ᠤ ᠬᠤᠶᠠᠳᠤᠭᠠᠷ ᠬᠦᠤ᠃ ᠲᠡᠷᠢᠬᠦᠨ ᠵᠡᠷᠭᠡ ᠶᠢᠨ ᠲᠠᠶᠢᠵᠢ ᠪᠠᠶᠢᠵᠠᠢ᠃ ᠴᠤᠶᠢᠰᠦ᠋ᠷᠦᠩ ᠠᠬ᠎ᠠ ᠲᠡᠭᠦᠤ ᠲᠠᠪᠤ᠂ ᠨᠢᠭᠡ ᠡᠬᠡᠴᠢ᠂ ᠬᠤᠶᠠᠷ ᠬᠡᠤᠬᠡᠨ ᠲᠡᠭᠦᠤ ᠲᠠᠢ᠃ ︵1879︶ ᠰᠢᠷᠠᠭᠴᠢᠨ ᠲᠠᠤᠯᠠᠢ ᠵᠢᠯ ᠳᠤ᠂ ᠡᠴᠢᠬᠡ ᠸᠠᠩ ᠤᠨ ᠰᠠᠭᠤᠷᠢᠨ ᠢ ᠵᠠᠯᠭᠠᠮᠵᠢᠯᠠᠵᠦ᠂ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠤᠨ ᠬᠡᠷᠬᠢᠮ ᠢ ᠬᠦᠷᠳᠡᠵᠦ᠂ ᠵᠠᠰᠠᠭ ᠪᠠᠷᠢᠵᠠᠢ᠃        ᠴᠤᠶᠢᠰᠦ᠋ᠷᠦᠩ ᠸᠠᠩ᠂ ᠪᠠᠳᠠᠷᠠᠭᠤᠯᠳᠦ ᠲᠦᠷᠦ ᠶᠢᠨ ᠠᠷᠪᠠᠨ ᠲᠦᠷᠪᠡᠳᠦᠭᠡᠷ ᠤᠨ ︵1888︶ ᠰᠢᠷ᠎ᠠ ᠬᠤᠯᠤᠭᠠᠨ᠎ᠠ ᠵᠢᠯ ᠤᠨ ᠡᠪᠦᠯ ᠤᠨ ᠬᠦᠬᠡᠬᠡ ᠰᠠᠷ᠎ᠠ ᠳᠤ ᠡᠪᠡᠳᠴᠢᠨ ᠢᠶᠠᠷ ᠨᠠᠰᠤ ᠪᠠᠷᠠᠵᠠᠢ᠃        ᠴᠤᠶᠢᠰᠦ᠋ᠷᠦᠩ ᠬᠤᠰᠢᠭᠤ ᠵᠠᠰᠠᠭ ᠪᠠᠷᠢᠵᠦ ᠪᠠᠶᠢᠭᠰᠠᠨ ᠦᠶ᠎ᠡ ᠳᠤ ᠭᠠᠨᠭ᠌ ᠭᠠᠴᠢᠭ ᠦᠷᠬᠦᠯᠵᠢᠯᠠᠵᠦ᠂ ᠭᠠᠶᠢᠯᠢ ᠭᠤᠪᠴᠢᠭᠤᠷ ᠬᠦᠨᠳᠦᠷᠡᠵᠦ᠂ ᠠᠷᠠᠳ ᠤᠨ ᠠᠮᠢᠳᠤᠷᠠᠯ ᠮᠠᠰᠢ ᠬᠦᠴᠢᠷᠳᠡᠯ ᠪᠠᠶᠢᠪᠠ᠃ ᠬᠦᠬᠡᠭᠴᠢᠨ ᠲᠠᠬᠢᠶ᠎ᠠ ᠵᠢᠯ ︵1885︶ ᠤᠨ ᠳᠤ ᠶᠡᠭᠡ ᠭᠠᠨᠭ᠌ ᠪᠤᠯᠵᠦ᠂ ᠬᠤᠰᠢᠭᠤ ᠲᠠᠶᠠᠭᠠᠷ ᠤᠯᠠᠨ ᠤ ᠮᠠᠯ ᠰᠦᠷᠦᠭ ᠦᠬᠦᠵᠦ ᠬᠤᠬᠢᠷᠠᠭᠰᠠᠨ ᠳᠤ ᠴᠤᠶᠢᠰᠦ᠋ᠷᠦᠩ ᠸᠠᠩ᠂ ᠮᠠᠨᠵᠦ ᠶᠢᠨ ᠬᠠᠭᠠᠨ ᠳᠤ ᠡᠷᠬᠦᠳᠡᠯ ᠡᠷᠬᠦᠵᠦ᠂ ᠲᠡᠳᠬᠦᠮᠵᠢ ᠭᠤᠶᠤᠭᠰᠠᠨ ᠳᠤ᠂ ᠮᠠᠨᠵᠦ ᠶᠢᠨ ᠬᠠᠭᠠᠨ ᠪᠠᠭ᠎ᠠ ᠯᠠ ᠠᠮᠤ ᠪᠤᠳᠠᠭ᠎ᠠ ᠲᠤᠰᠠᠯᠠᠵᠠᠢ᠃ ᠡᠭᠦᠨᠳᠦ ᠴᠤᠶᠢᠰᠦ᠋ᠷᠦᠩ ᠸᠠᠩ ᠲᠤᠷ᠎ᠠ ᠦᠬᠡᠶᠢᠴᠡᠵᠦ ︽ᠡᠵᠡᠨ ᠬᠠᠭᠠᠨ ᠪᠠᠭᠳᠠᠭᠠᠮᠵᠢ ᠦᠬᠡᠢ︾ ᠬᠡᠵᠦ ᠲᠠᠷᠠᠭ᠎ᠠ ᠵᠢᠯ ᠤᠨ ᠪᠠᠷᠠᠭᠠᠯᠠᠯ ᠳᠤ ᠤᠴᠢᠭᠰᠠᠨ ᠦᠬᠡᠢ ᠳᠤ ᠮᠠᠨᠵᠦ ᠶᠢᠨ ᠬᠠᠭᠠᠨ ᠶᠡᠭᠡ ᠲᠠᠭᠠᠯᠠᠮᠵᠢ ᠦᠬᠡᠢ ᠪᠠᠶᠢᠵᠠᠢ᠃ ᠴᠤᠶᠢᠰᠦ᠋ᠷᠦᠩ ᠸᠠᠩ ᠬᠤᠰᠢᠭᠤ ᠨᠤᠳᠤᠭ ᠬᠦᠨᠳᠦ ᠭᠠᠮᠰᠢᠭᠳᠠᠨᠰᠠᠨ ᠤᠯᠠᠨ ᠠᠯᠪᠠ ᠭᠠᠶᠢᠯᠢ ᠶᠢ ᠬᠡᠯᠳᠦᠷᠢᠬᠦᠯᠬᠦ ᠠᠶᠢᠯᠠᠳᠬᠠᠯ ᠢᠶᠠᠨ ᠬᠠᠭᠠᠨ ᠳᠤ ᠡᠷᠬᠦᠭᠰᠡᠨ ᠳᠤ᠂ ᠮᠠᠨᠵᠦ ᠶᠢᠨ ᠬᠠᠭᠠᠨ ᠵᠦᠪᠰᠢᠶᠡᠷᠡᠭᠰᠡᠨ ᠦᠬᠡᠢ᠃        ᠴᠤᠶᠢᠰᠦ᠋ᠷᠦᠩ ᠸᠠᠩ ᠪᠤᠯ ᠶᠡᠭᠡ ᠡᠭᠡᠯ ᠪᠤᠷᠤᠭᠵᠢᠭᠤᠨ᠂ ᠡᠶᠡᠯᠳᠡᠭ ᠵᠠᠩ ᠲᠠᠢ᠂ ᠮᠤᠩᠭᠤᠯ ᠰᠢᠳᠠᠷ᠎ᠠ ᠨᠠᠭᠠᠳᠬᠤ ᠶᠡᠭᠡ ᠲᠤᠷᠠᠳᠠᠢ ᠬᠦᠮᠦᠨ ᠪᠠᠶᠢᠵᠠᠢ᠃ ᠲᠡᠷᠡ ᠶᠠᠮᠠᠷ ᠴᠤ ᠬᠦᠮᠦᠨ ᠢ ᠢᠯᠭᠠᠯ ᠦᠬᠡᠢ ᠰᠢᠳᠠᠷ᠎ᠠ ᠲᠠᠯᠪᠢᠵᠦ ᠨᠠᠭᠠᠳᠬᠤ ᠵᠠᠩ ᠲᠠᠢ᠃ ᠨᠢᠬᠡ ᠡᠳᠦᠷ ᠸᠠᠩ ᠤᠨ ᠣᠷᠳᠤᠨ ᠤ ᠰᠢᠳᠠᠷ᠎ᠠ ᠲᠠᠯᠪᠢᠳᠠᠭ ᠨᠢᠬᠡᠨ ᠵᠠᠷᠤᠴᠠ ᠪᠠᠨ ᠤᠷᠳᠤᠨ ᠳᠠᠭᠠᠨ ᠲᠠᠭᠤᠳᠠᠵᠦ᠂ ᠰᠢᠳᠠᠷ᠎ᠠ ᠨᠠᠭᠠᠳᠬᠤ ᠭᠡᠪᠡ᠃ ᠵᠠᠷᠤᠴᠠ ᠨᠢ ᠠᠶᠤᠵᠦ᠂ ᠪᠢ ᠸᠠᠩ  ᠲᠠᠢ ᠵᠡᠷᠭᠡᠴᠡᠨ ᠰᠠᠭᠤᠬᠤ ᠶᠤᠰᠤ ᠦᠬᠡᠢ ᠭᠡᠬᠦ ᠳᠤ ᠸᠠᠩ ᠶᠠᠮᠠᠷ ᠬᠠᠮᠢᠶ᠎ᠠ ᠪᠠᠶᠢᠬᠤ ᠪᠤᠢ︖ ᠬᠡᠳ ᠬᠤᠶᠠᠭᠤᠯᠠ ᠰᠢᠳᠠᠷ᠎ᠠ ᠨᠠᠭᠠᠳᠤᠵᠠᠢ᠃ ᠵᠠᠷᠤᠴᠠ ᠨᠢ ᠵᠤᠷᠢᠭᠤᠳᠠ ᠪᠤᠷᠤᠭᠤ ᠨᠡᠬᠦᠵᠦ ᠸᠠᠩ ᠳᠤ ᠨᠠᠶᠢᠷ ᠲᠠᠯᠪᠢᠭᠰᠠᠨ ᠳᠤ᠂ ᠸᠠᠩ ᠠᠭᠤᠷᠯᠠᠵᠦ᠂ ᠪᠤᠯᠬᠤ ᠦᠬᠡᠢ︕ ᠵᠠᠪᠠᠯ ᠦᠨᠡᠨ ᠨᠠᠭᠠᠳᠬᠤ ᠬᠡᠷᠡᠭᠳᠡᠢ᠂ ᠪᠢ ᠴᠢᠮ᠎ᠡ ᠲᠠᠢ ᠮᠡᠯᠵᠢᠶ᠎ᠡ ᠲᠠᠯᠪᠢᠶ᠎ᠠ᠂ ᠸᠠᠩ ᠪᠢ ᠱᠦᠬᠦᠭᠳᠡᠪᠡᠯ᠂ ᠨᠢᠬᠡ ᠮᠤᠷᠢ ᠦᠭᠴᠦ᠂ 15 ᠬᠤᠨᠤᠭ ᠬᠡᠷ ᠲᠡᠭᠡᠨ ᠬᠠᠷᠢᠬᠤ ᠴᠢᠯᠦᠬᠡ ᠦᠭᠭᠦᠶ᠎ᠡ᠃ ᠴᠢ ᠱᠦᠬᠦᠭᠳᠡᠪᠡᠯ᠂ ᠴᠢᠨᠤ ᠡᠮᠦᠰᠴᠦ ᠪᠠᠶᠢᠭ᠎ᠠ ᠬᠤᠪᠴᠠᠰᠦ ᠶᠢ ᠴᠢᠨᠢ ᠪᠦᠷ ᠲᠠᠶᠢᠯᠤᠵᠦ ᠠᠪᠤᠭᠠᠳ ᠭᠤᠷᠪᠠᠨ ᠡᠳᠦᠷ ᠱᠠᠯᠳᠠᠩ ᠶᠠᠪᠤᠭᠤᠯᠤᠨ᠎ᠠ ᠬᠡᠵᠡᠢ᠃ ᠢᠡᠭᠬᠢᠭᠡᠳ᠂ ᠸᠠᠩ ᠬᠤᠶᠠᠭᠤᠯᠠ ᠨᠢᠬᠡ ᠡᠳᠦᠷ ᠨᠢᠬᠡ ᠰᠦᠨᠢ ᠰᠢᠳᠠᠷ᠎ᠠ ᠲᠠᠯᠪᠢᠭᠠᠳ᠂ ᠸᠠᠩ ᠱᠦᠬᠦᠭᠳᠡᠭᠰᠡᠨ ᠳᠤ᠂ ᠴᠤᠶᠢᠰᠦ᠋ᠷᠦᠩ ᠸᠠᠩ ᠵᠠᠷᠤᠴᠠ ᠳᠠᠭᠠᠨ ᠨᠢᠬᠡ ᠮᠤᠷᠢ ᠱᠠᠩᠨᠠᠵᠦ᠂ 15 ᠡᠳᠦᠷ ᠤᠨ ᠴᠢᠯᠦᠬᠡ ᠦᠭᠴᠦ᠂ ᠭᠡᠷ ᠲᠤᠨᠢ ᠬᠠᠷᠢᠭᠤᠯᠤᠭᠰᠠᠨ ᠬᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号