ᠠᠷᠪᠠᠳᠤᠭᠠᠷ᠄ ᠴᠡᠸᠡᠭᠵᠠᠪ ︵— 1860︶ | ᠴᠡᠸᠡᠭᠵᠠᠪ ᠪᠤᠯ ᠪᠠᠯᠵᠤᠷᠶᠠᠷᠮᠠᠫᠠᠯ ᠵᠠᠰᠠᠭ ᠸᠠᠩ ᠤᠨ ᠬᠤᠶᠠᠳᠤᠭᠠᠷ ᠬᠦᠪᠡᠬᠦᠨ᠂ ᠲᠡᠷᠢᠬᠦᠨ | ᠵᠡᠷᠬᠡ ᠶᠢᠨ ᠲᠠᠶᠢᠵᠢ᠃ ᠰᠠᠶᠢᠰᠢᠶᠠᠯ ᠢᠷᠦᠬᠡᠯᠳᠦ ᠶᠢᠨ ᠬᠤᠷᠢᠨ ᠲᠠᠪᠤᠳᠤᠭᠠᠷ ᠤᠨ ︵1820︶ ᠴᠠᠭᠠᠨ ᠯᠤᠤ | ᠵᠢᠯ ᠳᠤ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠢ ᠵᠠᠯᠭᠠᠮᠵᠢᠯᠠᠵᠦ᠂ | ᠲᠦᠰᠢᠮᠡᠯ ᠡᠯᠪᠡᠭᠳᠦ ᠶᠢᠨ ᠨᠠᠶᠢᠮᠠᠳᠤᠭᠠᠷ ᠤᠨ ︵1850︶ ᠰᠢᠷ᠎ᠠ ᠮᠤᠷᠢ ᠵᠢᠯ ᠡᠪᠡᠳᠴᠢᠨ ᠲᠠᠢ ᠪᠤᠯᠤᠭᠰᠠᠨ ᠠᠴᠠ | ᠵᠠᠰᠠᠭ ᠤᠨ ᠲᠤᠰᠢᠶᠠᠯ ᠢᠶᠠᠨ ᠶᠡᠬᠦᠯᠡᠵᠦ᠂ ᠲᠡᠬᠦᠨ ᠤ ᠬᠦᠤ ᠲᠤᠳᠠᠪᠦ᠋ᠮᠡᠨ ᠲᠡᠷᠢᠬᠦᠨ ᠵᠡᠷᠭᠡ ᠶᠢᠨ ᠲᠠᠶᠢᠵᠢ ᠪᠤᠯᠬᠤᠷ᠂ | ᠬᠤᠰᠢᠭᠤ ᠵᠠᠰᠠᠭ ᠢ ᠲᠦᠷ ᠬᠠᠮᠢᠶᠠᠷᠴᠦ ᠪᠠᠶᠢᠪᠠ᠃ | ᠴᠡᠸᠡᠭᠵᠠᠪ᠂ ᠲᠦᠷᠦ ᠭᠡᠷᠡᠯᠳᠦ ᠶᠢᠨ ᠵᠢᠷᠭᠤᠳᠤᠭᠠᠷ ᠤᠨ ︵1826︶ ᠤᠯᠠᠭᠠᠨ | ᠨᠤᠬᠠᠢ ᠵᠢᠯ ᠳᠤ ᠰᠢᠯᠢ ᠶᠢᠨ ᠭᠤᠤᠯ ᠴᠢᠭᠤᠯᠭᠠᠨ ᠤ ᠲᠡᠳ᠋ ᠲᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ ᠲᠡᠷᠡ ᠲᠡᠳ᠋ | ᠴᠢᠭᠤᠯᠭᠠᠨ ᠲᠠᠷᠤᠭ᠎ᠠ ᠶᠢᠨ ᠲᠤᠰᠢᠶᠠᠯ ᠳᠤ ᠪᠠᠶᠢᠬᠤ ᠳᠠᠭᠠᠨ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ | ᠶᠠᠪᠤᠳᠠᠯ ᠤᠨ ᠶᠠᠮᠤᠨ ᠢ ᠤᠷᠤᠯᠠᠵᠦ᠂ ᠬᠠᠣᠯᠢ ᠵᠠᠷᠯᠢᠭ ᠨᠡᠶᠢᠳᠡᠯᠡᠬᠦ ᠪᠠ ᠲᠡᠬᠦᠨ ᠢ ᠬᠡᠷᠡᠭᠵᠢᠬᠦᠯᠬᠦ ᠳᠤ ᠬᠢᠨᠠᠯᠳᠠ | ᠲᠠᠯᠪᠢᠬᠤ᠂ ᠲᠤᠰ ᠴᠢᠭᠤᠯᠭᠠᠨ ᠤ ᠡᠯ᠎ᠡ ᠬᠤᠰᠢᠭᠤᠳ ᠤᠨ ᠴᠡᠷᠢᠭ ᠡᠷ᠎ᠡ ᠪᠠ ᠲᠡᠳᠡᠨ ᠤ ᠵᠡᠷ ᠵᠡᠪᠰᠡᠭ ᠢ ᠪᠠᠶᠢᠴᠠᠭᠠᠨ | ᠦᠵᠡᠬᠦ᠂ ᠡᠯ᠎ᠡ ᠬᠤᠰᠢᠭᠤᠳ ᠤᠨ ᠵᠠᠰᠠᠭ ᠸᠠᠩ ᠪᠠ ᠲᠡᠳᠡᠨ ᠤ ᠲᠦᠰᠢᠮᠡᠯ ᠢ ᠲᠠᠭᠤᠳᠠᠨ ᠴᠤᠭᠯᠠᠭᠤᠯᠵᠦ ᠬᠡᠷᠡᠭ | ᠵᠦᠪᠳᠡᠬᠦ᠂ ᠵᠠᠰᠠᠭ ᠸᠠᠩ ᠠᠴᠠ ᠲᠤᠭᠤᠭᠰᠢᠬᠢ ᠨᠤᠶᠠᠳ ᠲᠦᠰᠢᠮᠡᠳ ᠢ ᠤᠭᠴᠠᠷᠠᠭᠤᠯᠬᠤ ᠭᠠᠷ ᠬᠦᠢᠴᠡᠳᠬᠡᠯ ᠢ ᠬᠢᠬᠦ | ᠵᠡᠷᠬᠡ ᠢ ᠴᠢᠭᠤᠯᠭᠠᠨ ᠤ ᠲᠠᠷᠤᠭ᠎ᠠ ᠶᠢ ᠬᠠᠪᠰᠤᠷᠤᠨ ᠬᠦᠢᠴᠡᠳᠬᠡᠳᠡᠭ᠃ | ᠴᠡᠸᠡᠭᠵᠠᠪ᠂ ᠲᠦᠷ ᠬᠡᠷᠡᠯᠳᠦ ᠶᠢᠨ ᠠᠷᠪᠠᠨ ᠭᠤᠷᠪᠠᠳᠤᠭᠠᠷ ᠤᠨ ︵1833︶ | ᠬᠠᠷᠠᠭᠴᠢᠨ ᠮᠤᠭᠠᠢ ᠵᠢᠯ ᠳᠤ ᠰᠢᠯᠢ ᠶᠢᠨ ᠭᠤᠤᠯ ᠴᠢᠭᠤᠯᠭᠠᠨ ᠤ ᠴᠢᠭᠤᠯᠭᠠᠨ ᠲᠠᠷᠤᠭ᠎ᠠ ᠶᠢᠨ ᠲᠤᠰᠢᠶᠠᠯ ᠢ | ᠬᠠᠷᠢᠭᠤᠴᠠᠵᠦ᠂ ᠲᠦᠭᠡᠮᠡᠯ ᠡᠯᠪᠡᠭᠳᠦ ᠶᠢᠨ ᠶᠢᠰᠦᠳᠦᠭᠡᠷ ᠤᠨ ︵1859︶ ᠰᠢᠷᠠᠭᠴᠢᠨ ᠬᠤᠨᠢ ᠵᠢᠯ ᠬᠦᠷᠳᠡᠯ᠎ᠡ | ᠠᠵᠢᠯᠯᠠᠵᠠᠢ᠃ ᠲᠡᠷᠡ ᠲᠦᠭᠡᠮᠡᠯ ᠡᠯᠪᠡᠭᠳᠦ ᠶᠢᠨ ᠠᠷᠪᠠᠳᠤᠭᠠᠷ ᠤᠨ ︵1860︶ ᠤᠨ ᠳᠤ ᠡᠪᠡᠳᠴᠢᠨ ᠢᠶᠠᠷ | ᠨᠠᠰᠤᠯᠠᠪᠠ᠃ | ᠮᠠᠨᠵᠦ ᠶᠢᠨ ᠬᠠᠭᠠᠨ ᠠᠴᠠ ᠴᠡᠸᠡᠭᠵᠠᠪ ᠸᠠᠩ ᠳᠤ ᠨᠢᠬᠡ ᠵᠠᠷᠤᠴᠠ ᠦᠬᠢᠨ ᠢᠶᠠᠨ ︽ | ᠬᠦᠡᠭᠵᠦ︾ ᠭᠡᠮᠡᠨ ᠡᠭᠡᠨᠡᠷ ᠪᠤᠯᠭᠠᠨ ᠦᠭᠴᠡᠢ᠃ ᠲᠡᠷᠡ ᠮᠠᠨᠵᠦ ︽ᠬᠦᠡᠭᠵᠦ︾ ᠠᠷᠤ ᠭᠠᠵᠠᠷ ᠢᠷᠡᠭᠡᠳ ᠴᠡᠸᠡᠭᠵᠠᠪ | ᠸᠠᠩ ᠲᠠᠢ ᠤᠳᠠᠭᠠᠨ ᠵᠢᠯ ᠠᠮᠢᠳᠤᠷᠠᠭᠰᠠᠨ ᠪᠤᠯᠪᠠᠴᠤ᠂ ᠨᠢᠬᠡ ᠴᠤ ᠦᠷ᠎ᠡ ᠬᠡᠤᠬᠡᠳ ᠵᠠᠶᠠᠭᠠᠭᠰᠠᠨ ᠦᠬᠡᠢ᠃ ᠬᠠᠷᠢᠨ | ᠮᠠᠵᠦ ︽ᠬᠦᠡᠭᠵᠦ︾ ᠤᠷᠢᠳ ᠬᠤᠵᠢᠳ 13 ᠬᠡᠤᠬᠡᠳ ᠡᠷᠬᠦᠨ ᠲᠡᠵᠢᠭᠡᠵᠡᠢ᠃ ᠮᠠᠨᠵᠦ ︽ᠬᠦᠡᠭᠵᠦ︾ ᠨᠢᠬᠡ | ᠤᠳᠠᠭ᠎ᠠ ᠬᠠᠭᠠᠨ ᠲᠠᠢ ᠪᠠᠷᠠᠭᠠᠳᠠᠬᠤ ᠦᠶ᠎ᠡ ᠳᠤ ᠬᠠᠭᠠᠨ ᠠᠴᠠ ︽ᠬᠦᠡᠭᠵᠦ᠂ ᠠᠷᠤ ᠭᠠᠵᠠᠷ ᠠᠮᠢᠳᠤᠷᠠᠭᠠᠳ ᠬᠡᠳᠦᠨ | ᠬᠡᠤᠬᠡᠳ ᠵᠠᠶᠠᠭᠠᠭᠰᠠᠨ ᠪᠤᠢ︖︾ ᠬᠡᠰᠡᠨ ᠳᠤ ︽ᠬᠦᠡᠭᠵᠦ︾ ᠪᠢ 13 ᠬᠡᠣᠭᠡᠳ ᠲᠠᠢ ᠪᠤᠯᠵᠦ ᠬᠡᠰᠡᠨ ᠳᠤ | ᠬᠠᠭᠠᠨ ᠶᠡᠭᠡᠳᠡ ᠪᠠᠶᠠᠷᠯᠠᠵᠦ᠂ 13 ᠬᠡᠤᠬᠡᠳ ᠲᠤᠨᠢ ᠪᠦᠷ ᠤᠯᠠᠭᠠᠨ ᠱᠢᠷᠦᠨ ᠵᠢᠩᠰᠡ ᠲᠠᠢ ᠲᠠᠶᠢᠵᠢ ᠡᠷᠬᠦᠮᠵᠢᠯᠡᠵᠡᠢ᠃ | ᠬᠤᠵᠢᠮ ᠨᠢ ᠴᠡᠸᠡᠭᠵᠠᠪ ᠸᠠᠩ ᠤᠨ ᠮᠠᠨᠵᠦ ᠬᠠᠳᠤᠨ ᠦᠬᠦᠭᠰᠡᠨ ᠳᠤ ᠡᠷᠳᠡᠨᠢ ᠰᠦᠮ᠎ᠡ ᠳᠤ ᠲᠤᠰᠬᠠᠢ ᠱᠠᠷᠢᠯ ᠤᠨ | ᠲᠤᠭᠠᠡᠭ ᠪᠠᠶᠢᠭᠤᠯᠵᠦ᠂ ᠬᠠᠳᠤᠨ ᠤ ᠱᠠᠷᠢᠯ ᠢ ᠲᠠᠬᠢᠵᠦ᠂ ᠭᠠᠨᠵᠤᠤᠷ ᠨᠤᠮ ᠤᠡᠭᠰᠢᠭᠤᠯᠤᠨᠠ ᠬᠡᠮᠡᠨ ᠬᠠᠭᠠᠨ ᠳᠤ | ᠠᠶᠢᠯᠠᠳᠬᠠᠭᠰᠠᠨ ᠳᠤ ︽ᠠᠮᠤᠭᠤᠯᠠᠩ ᠵᠠᠯᠪᠠᠷᠢᠬᠤ ᠰᠦᠮ᠎ᠡ︾ ᠬᠡᠰᠡᠨ ᠨᠡᠷ᠎ᠡ ᠦᠭᠴᠡᠢ᠃ ᠡᠬᠦᠨ ᠠᠴᠠ ᠬᠤᠶᠢᠰᠢ ᠵᠢᠯ | ᠪᠦᠷᠢ ᠶᠢᠨ ᠪᠢᠯᠢᠭ ᠤᠨ ᠤᠯᠠᠷᠢᠯ ᠤᠨ 2 ᠰᠠᠷ᠎ᠠ ᠶᠢᠨ 8 ᠤ ᠡᠳᠦᠷ᠂ ᠬᠦᠵᠢ ᠰᠢᠳᠠᠭᠠᠨ ᠵᠤᠯᠠ ᠪᠠᠷᠢᠵᠦ᠂ ᠫᠤᠤᠵᠢᠩ | ᠲᠠᠯᠪᠢᠵᠦ ᠮᠦᠷᠬᠦᠯ ᠲᠠᠬᠢᠯᠭ᠎ᠠ ᠬᠢᠳᠡᠭ ᠪᠤᠯᠵᠠᠢ᠃ |