ᠲᠤᠯᠤᠭ᠎ᠠ᠄ ᠠᠷᠳᠠᠰᠢᠳ᠋ ︵? — 1781︶ | ᠠᠷᠳᠠᠰᠢᠳ᠋ ᠪᠤᠯ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ | ᠸᠠᠩ ᠴᠡᠷᠢᠭᠤᠮᠪᠤ ᠶᠢᠨ ᠶᠡᠭᠡ ᠬᠦᠪᠡᠬᠦᠨ — ᠲᠡᠷᠢᠬᠦᠨ ᠲᠠᠶᠢᠵᠢ ᠪᠠᠶᠢᠵᠠᠢ᠃ ᠲᠡᠷᠡ ᠡᠴᠢᠬᠡ ᠸᠠᠩ ᠤᠨ ᠭᠠᠷ ᠲᠡᠭᠡᠷ᠎ᠡ | ᠪᠠᠶᠢᠬᠤ ᠳᠠᠭᠠᠨ ᠬᠤᠰᠢᠭᠤ ᠵᠠᠰᠠᠭ ᠲᠦᠷᠦ ᠶᠢᠨ ᠲᠤᠬᠠᠢ ᠤᠯᠠᠨ ᠶᠠᠭᠤᠮ᠎ᠠ ᠰᠤᠷᠤᠭᠰᠠᠨ ᠪᠦᠭᠡᠳ ᠶᠡᠭᠡ ᠲᠤᠭᠳᠠᠭᠤᠨ | ᠲᠦᠪᠯᠡᠬᠦᠨ ᠵᠠᠩ ᠠᠭᠠᠰᠢ ᠲᠠᠢ ᠲᠤᠯᠠ ᠡᠴᠢᠬᠡ ᠸᠠᠩ ᠳᠠᠭᠠᠨ ᠲᠠᠭᠠᠰᠢᠶᠠᠭᠳᠠᠵᠦ᠂ ᠬᠤᠰᠢᠭᠤ ᠵᠠᠰᠠᠭ ᠲᠦᠷᠦ ᠶᠢᠨ | ᠸᠠᠩ ᠤᠨ ᠰᠠᠭᠤᠷᠢᠨ ᠵᠠᠯᠭᠠᠮᠵᠢᠯᠠᠬᠤ ᠳᠤ ᠲᠤᠬᠢᠷᠠᠮᠵᠢᠳᠠᠢ ᠬᠦᠮᠦᠨ ᠤ ᠨᠢᠬᠡ ᠨᠢ ᠪᠠᠶᠢᠵᠠᠢ᠃ | ᠠᠷᠳᠠᠰᠢᠳ᠋ ᠲᠡᠭᠷᠢ ᠲᠡᠳᠬᠦᠭᠴᠢ ᠶᠢᠨ ᠭᠤᠴᠢᠨ ᠬᠤᠶᠠᠳᠣᠭᠠᠷ ᠤᠨ ︵1767︶ ᠳᠤ | ᠡᠴᠢᠭᠡ ᠶᠢᠨ ᠰᠠᠭᠤᠷᠢᠨ ᠢ ᠵᠠᠯᠭᠠᠮᠵᠢᠯᠠᠵᠦ᠂ ᠰᠦᠨᠢᠳ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ | ᠤᠨ ᠲᠤᠰᠢᠶᠠᠯ ᠢ ᠠᠷᠪᠠᠨ ᠵᠢᠯ ᠬᠠᠷᠢᠭᠤᠴᠠᠵᠦ᠂ 1781 ᠤᠨ ᠳᠤ ᠨᠠᠰᠤ ᠪᠠᠷᠠᠪᠠ᠃ ᠠᠷᠳᠠᠰᠢᠳ᠋ ᠦᠷ᠎ᠡ ᠬᠡᠤᠬᠡᠳ | ᠦᠬᠡᠢ ᠲᠤᠯᠠ ᠲᠡᠭᠦᠨ ᠤ ᠬᠤᠰᠢᠭᠤ ᠵᠠᠰᠠᠭ ᠲᠦᠷᠦ ᠶᠢᠨ ᠵᠢᠶᠦ᠋ᠨ ᠸᠠᠩ ᠤᠨ ᠰᠠᠭᠤᠷᠢᠨ ᠢ ᠠᠷᠳᠠᠰᠢᠳ᠋ ᠶᠢᠨ ᠠᠪᠠᠭ᠎ᠠ | ᠠᠪᠤ ᠡᠷᠢᠩᠴᠢᠨ ᠳᠤ ᠵᠠᠯᠭᠠᠮᠵᠢᠯᠠᠪᠠᠢ᠃ | 1731 ᠤᠨ ᠤ ᠦᠶ᠎ᠡ᠂ ᠰᠦᠨᠢᠳ ᠵᠡᠬᠦᠨ ᠭᠠᠷ ᠤᠨ ᠬᠤᠰᠢᠭᠤᠨ ᠤ ᠲᠠᠷᠬᠠᠨ | ᠠᠭᠤᠯᠠ ᠶᠢᠨ ᠬᠠᠪᠢ ᠪᠠᠷ ᠲᠦᠷᠪᠡᠯᠵᠢᠨ ᠲᠠᠮᠠᠭ᠎ᠠ ᠲᠠᠢ ᠲᠠᠪᠤᠨ ᠴᠠᠭᠠᠨ ᠠᠳᠤᠭᠤ ᠬᠦᠶᠦᠵᠦ ᠢᠷᠡᠭᠡᠳ ᠦᠷᠡᠵᠢᠵᠦ | ᠦᠰᠴᠡᠢ᠃ ᠠᠷᠤ ᠪᠠᠷᠠᠭᠤᠨ ᠵᠠᠯᠠᠨ ᠡᠬᠦᠨ ᠢ ᠠᠷᠳᠠᠰᠢᠳ᠋ ᠸᠠᠩ ᠳᠤ ᠮᠡᠳᠡᠭᠦᠯᠦᠭᠰᠡᠨ ᠳᠤ 1770 ᠤᠨ ᠳᠤ | ᠤᠤᠯ ᠤᠨ ᠠᠩᠬ᠎ᠠ ᠬᠦᠶᠦᠵᠦ ᠢᠷᠡᠭᠰᠡᠨ ᠲᠠᠪᠤᠨ ᠴᠠᠭᠠᠨ ᠠᠳᠤᠭᠤᠨ ᠤ ᠲᠦᠷᠪᠡᠯᠵᠢᠨ ᠲᠠᠮᠠᠭ᠎ᠠ ᠶᠢᠨ ᠲᠤᠳᠤᠷ᠎ᠠ | ᠮᠤᠩᠭᠤᠯ ᠦᠰᠦᠭ ᠤᠨ ︽ᠪᠠᠳᠤ︾ ᠬᠡᠰᠡᠨ ᠦᠰᠦᠭ ᠨᠡᠮᠡᠵᠦ ︽ᠬᠠᠭᠠᠨ ᠤ ᠪᠠᠳᠤ ᠴᠠᠭᠠᠨ ᠰᠦᠷᠦᠭ︾ ᠬᠡᠮᠡᠨ | ᠨᠡᠷᠡᠶᠢᠳᠦᠵᠦ᠂ ᠲᠤᠰᠬᠠᠢ ᠬᠦᠮᠦᠨ ᠢᠶᠠᠷ ᠮᠠᠯᠵᠢᠭᠤᠯᠬᠤ ᠪᠤᠯᠵᠠᠢ᠃ ᠰᠡᠬᠦᠯᠡᠷ ᠨᠢ ︽ᠬᠠᠭᠠᠨ ᠤ ᠪᠠᠳᠤ ᠴᠠᠭᠠᠨ︾ | ᠰᠦᠷᠦᠭ ᠨᠢ 3000 ᠴᠠᠭᠠᠨ ᠠᠳᠤᠭᠤ ᠪᠤᠯᠤᠨ ᠦᠰᠦᠭᠰᠡᠨ ᠠᠴᠠ ᠬᠠᠭᠠᠨ ᠤ ᠲᠠᠷᠬᠠᠨ ᠴᠠᠭᠠᠨ ᠰᠦᠷᠦᠭ ᠬᠡᠵᠦ | ᠨᠡᠷᠡᠯᠡᠬᠦ ᠪᠤᠯᠵᠠᠢ᠃ | ᠠᠷᠳᠠᠰᠢᠳ᠋ ᠸᠠᠩ ᠬᠤᠰᠢᠭᠤ ᠵᠠᠰᠠᠭ ᠪᠠᠷᠢᠵᠦ ᠪᠠᠶᠢᠬᠤ ᠬᠤᠭᠤᠴᠠᠭᠠᠨ ᠳᠠᠭᠠᠨ᠂ ᠠᠷᠠᠳ | ᠢᠷᠭᠡᠳ ᠤᠨ ᠭᠠᠶᠢᠯᠢ ᠠᠯᠪᠠ ᠲᠠᠳᠠᠪᠤᠷᠢ ᠶᠢ ᠬᠦᠡᠭᠭᠡᠷᠡᠬᠦᠯᠵᠦ᠂ ᠶᠠᠮᠠᠷ ᠨᠢᠬᠡᠨ ᠰᠢᠯᠳᠠᠭ ᠢᠶᠠᠷ ᠨᠡᠮᠡᠯᠳᠡ ᠠᠯᠪᠠ | ᠲᠠᠳᠠᠪᠤᠷᠢ ᠦᠬᠡᠢ ᠪᠤᠯᠬᠤᠷ᠂ ᠠᠷᠠᠳ ᠢᠷᠬᠡᠳ ᠲᠤ ᠬᠦᠷᠢᠶᠡᠯᠡᠯ ᠲᠠᠢ ᠬᠦᠮᠦᠨ ᠪᠠᠶᠢᠭᠰᠠᠨ ᠬᠡᠳᠡᠭ᠃ | ᠠᠷᠳᠠᠰᠢᠳ᠋ ᠸᠠᠩ ᠤᠴᠢᠷ ᠶᠠᠪᠤᠳᠠᠯ ᠰᠶᠢᠳᠪᠦᠷᠢᠯᠡᠬᠦ ᠳᠤ ᠨᠠᠷᠢᠨ ᠬᠢᠨᠠᠮᠠᠭᠠᠢ᠂ ᠬᠡᠷᠡᠭ | ᠰᠢᠬᠦᠬᠦ ᠳᠤ ᠭᠤᠤᠯᠴᠢ ᠬᠦᠮᠦᠨ ᠪᠠᠶᠢᠵᠠᠢ᠃ 1776 ᠤᠨ ᠤ ᠵᠢᠷᠭᠤᠭᠠᠨ ᠰᠠᠷ᠎ᠠ ᠶᠢᠨ ᠰᠢᠬᠦᠯᠳᠡ ᠳᠤ ᠨᠢᠬᠡ ᠶᠠᠳᠠᠭᠤ | ᠠᠷᠠᠳ ᠬᠤᠯᠠᠭᠠᠢ ᠬᠡᠷᠡᠭ ᠢᠶᠠᠷ ᠵᠠᠭᠠᠯᠳᠣᠭᠳᠠᠵᠦ ᠢᠷᠡᠵᠡᠢ᠃ ᠡᠨᠡ ᠶᠠᠳᠠᠭᠤ ᠠᠷᠠᠳ ᠢ ᠰᠢᠬᠦᠬᠦ ᠳᠤ ᠲᠡᠷᠡ ᠪᠢ | ᠬᠦᠮᠦᠨ ᠤ ᠠᠳᠤᠭᠤ ᠶᠢ ᠬᠤᠯᠠᠭᠠᠢ ᠬᠢᠭᠰᠡᠨ ᠦᠬᠡᠢ᠂ ᠬᠢᠯᠢᠰ ᠬᠡᠵᠦ ᠬᠡᠯᠡᠵᠡᠢ᠃ ᠠᠷᠳᠠᠰᠢᠳ᠋ ᠸᠠᠩ᠂ ᠲᠤᠰᠬᠠᠢ | ᠬᠦᠮᠦᠨ ᠲᠤᠮᠢᠯᠠᠨ᠂ ᠡᠨᠡ ᠬᠡᠷᠡᠭ ᠢ ᠪᠠᠶᠢᠴᠠᠭᠠᠯᠵᠦ ᠦᠨᠡᠨᠬᠦ ᠬᠢᠯᠢᠰ ᠬᠡᠷᠡᠭ ᠪᠤᠯᠬᠤ ᠶᠢ ᠲᠤᠳᠤᠯᠠᠵᠦ᠂ ᠡᠨᠡᠬᠦ ᠶᠠᠳᠠᠭᠤ | ᠠᠷᠠᠳ ᠢ ᠴᠠᠭᠠᠳᠬᠠᠵᠦ ᠠᠷᠪᠠᠨ ᠯᠠᠩ ᠮᠦᠡᠭᠭᠦ ᠦᠭᠴᠦ ᠬᠡᠷ ᠲᠤᠨᠢ ᠬᠠᠷᠢᠭᠤᠯᠤᠭᠰᠠᠨ ᠪᠠᠶᠢᠨ᠎ᠠ᠃ | ᠠᠷᠳᠠᠰᠢᠳ᠋ ᠸᠠᠩ ᠨᠤᠮ ᠪᠢᠴᠢᠭ ᠤᠡᠭᠰᠢᠬᠤ ᠲᠤᠷᠠᠳᠠᠢ᠃ ᠲᠡᠷᠡ ᠸᠠᠩ ᠤᠨ | ᠤᠷᠳᠤᠨ ᠳᠠᠭᠠᠨ ᠲᠤᠰᠬᠠᠢ ᠪᠢᠴᠢᠭ ᠦᠷᠦᠭᠡ ᠲᠠᠢ ᠪᠠᠶᠢᠵᠦ᠂ ᠤᠯᠠᠨ ᠡᠷᠳᠡᠨ ᠤ ᠰᠤᠳᠤᠷ ᠪᠢᠴᠢᠭ ᠬᠠᠳᠠᠭᠠᠯᠵᠦ᠂ | ᠴᠠᠭ ᠦᠷᠭᠦᠯᠵᠢ ᠴᠢᠯᠦᠭᠡ ᠲᠠᠢ ᠯᠠ ᠪᠤᠯ ᠨᠤᠮ ᠤᠡᠭᠰᠢᠵᠦ ᠰᠠᠭᠤᠳᠠᠭ ᠬᠦᠮᠦᠨ ᠪᠠᠶᠢᠯ᠎ᠠ ᠬᠡᠳᠡᠭ᠃ ᠲᠡᠷᠡ ᠨᠢᠭᠡ | ᠬᠠᠳᠤᠨ᠂ ᠬᠤᠶᠠᠷ ᠲᠠᠳᠠᠪᠤᠷᠢᠳᠠᠢ ᠪᠤᠯᠪᠠᠴᠤ ᠦᠷ᠎ᠡ ᠬᠡᠤᠭᠡᠳ ᠵᠠᠶᠠᠭᠠᠭᠰᠠᠨ ᠦᠬᠡᠢ᠃ |