ᠭᠠᠴᠠᠭᠠᠨ ᠤ ᠶᠠᠪᠥᠲᠡᠯ ᠢ ᠢᠯᠨ ᠪᠤᠯᠭᠠᠨ᠂ ᠠᠷᠡᠤᠡᠴᠢᠯᠡᠯ ᠬᠠᠮᠢᠶᠠᠷᠤᠯᠲᠡ ᠶᠢᠨ ᠠᠵᠢᠯ
ᠨᠡᠶᠢᠲᠡᠯᠡᠭᠰᠡᠨ ᠴᠠᠭ᠄
2010/10/8
              ᠭᠠᠴᠠᠭᠠᠨ ᠤ ᠶᠠᠪᠥᠲᠡᠯ ᠢ ᠢᠯᠨ ᠪᠤᠯᠭᠠᠨ᠂ ᠠᠷᠡᠤᠡᠴᠢᠯᠡᠯ ᠬᠠᠮᠢᠶᠠᠷᠤᠯᠲᠡ ᠶᠢᠨ ᠠᠵᠢᠯ        ᠭᠠᠴᠠᠭᠠᠨ ᠤ ᠶᠠᠪᠥᠲᠡᠯ ᠢ ᠢᠯᠨ ᠪᠤᠯᠭᠠᠨ᠂ ᠠᠷᠡᠤᠡᠴᠢᠯᠡᠯ ᠬᠠᠮᠢᠶᠠᠷᠤᠯᠲᠡ ᠶᠢᠨ ᠠᠵᠢᠯ ᠤᠨ ᠲᠠᠯ᠎ᠠ ᠠᠴᠠ ᠨᠢᠲᠤᠡᠤᠨ ᠠᠴᠠ ᠡᠬᠢᠯᠡᠨ ᠭᠠᠴᠠᠭ᠎ᠠ ᠱᠠᠲᠤᠨ ᠳᠤ ᠭᠠᠴᠠᠭᠠᠨ ᠤ ᠶᠠᠪᠥᠲᠡᠯ ᠢ ᠢᠯᠨ ᠪᠤᠯᠭᠠᠨ ᠠᠷᠡᠤᠡᠴᠢᠯᠡᠯ ᠬᠠᠮᠢᠶᠠᠷᠤᠯᠲᠡ ᠶᠢᠨ ᠵᠢᠱᠢᠶ᠎ᠠ ᠦᠵᠡᠭᠦᠯᠬᠦ ᠭᠠᠴᠠᠭ᠎ᠠ ᠢ ᠡᠭᠦᠲᠤᠨ ᠪᠠᠶᠢᠭᠤᠯᠬᠤ ᠠᠵᠢᠯᠯᠠᠭ᠎ᠠ ᠦᠷᠨᠢᠬᠦᠯᠵᠤ ᠂ 3-5 ᠵᠢᠯ ᠤᠨ ᠲᠤᠲᠤᠷ᠎ᠠ 49 ᠭᠠᠴᠠᠭᠠᠨ ᠤ ᠭᠠᠴᠠᠭᠠᠨ ᠤ ᠶᠠᠪᠥᠲᠡᠯ ᠢ ᠢᠯᠨ ᠪᠤᠯᠭᠠᠬᠤ ᠠᠵᠢᠯ ᠢ ᠲᠦᠷᠢᠮᠵᠢᠬᠦᠯᠬᠦ  ᠪᠠᠷ ᠪᠠᠶᠢᠨ᠎ᠠ᠃ ᠨᠢᠳᠤᠨᠤᠨ ᠰᠤᠮᠤ ᠪᠠᠯᠭᠠᠰᠤ ᠪᠦᠷᠢ 2 ᠭᠠᠴᠠᠭ᠎ᠠ ᠰᠤᠩᠭᠤᠨ ᠭᠠᠴᠠᠭᠠᠨ ᠤ ᠶᠠᠪᠤᠲᠡᠯ ᠢ ᠢᠯᠨ ᠪᠤᠯᠭᠠᠨ ᠠᠷᠡᠤᠡᠴᠢᠯᠡᠯ ᠬᠠᠮᠢᠶᠠᠷᠤᠯᠲᠡ ᠶᠢᠨ ᠵᠢᠱᠢᠶ᠎ᠠ ᠦᠵᠡᠬᠦᠯᠬᠦ ᠭᠠᠴᠠᠭ᠎ᠠ ᠪᠠᠷ ᠡᠬᠦᠲᠤᠨ ᠪᠠᠶᠢᠭᠤᠯᠤᠬᠰᠡᠨ ᠪᠠᠶᠢᠨ᠎ᠠ᠃ ᠡᠨᠡ ᠵᠢᠯ ᠨᠢᠳᠤᠨᠤᠨ ᠤ 10 ᠭᠠᠴᠠᠭᠠᠠ ᠤ ᠠᠵᠢᠯ ᠢ ᠪᠠᠲᠤᠤᠬᠠᠬᠰᠡᠨ ᠰᠠᠭᠤᠷᠢᠨ ᠲᠡᠭᠡᠷ᠎ᠠ᠂ ᠳᠠᠬᠢᠭᠠᠳ 10 ᠭᠠᠴᠠᠭ᠎ᠠ ᠶᠢ ᠰᠤᠩᠭᠤᠨ 2009 ᠤᠨ ᠤ ᠭᠠᠴᠠᠭᠠᠨ ᠤ ᠶᠠᠪᠤᠲᠠᠯ ᠢ ᠢᠯᠨ ᠪᠤᠯᠭᠠᠨ ᠠᠷᠡᠤᠡᠴᠢᠯᠡᠯ ᠬᠠᠮᠢᠶᠠᠷᠤᠯᠲᠡ  ᠶᠢᠨ ᠵᠢᠱᠢᠶ᠎ᠠ ᠦᠵᠡᠭᠦᠯᠬᠦ ᠭᠠᠴᠠᠭ᠎ᠠ ᠪᠠᠷ ᠲᠤᠬᠲᠠᠭᠠᠵᠤ᠂ ᠭᠠᠴᠠᠭᠠᠨ ᠤ ᠶᠠᠪᠥᠲᠡᠯ ᠢ ᠢᠯᠨ ᠪᠤᠯᠭᠠᠬᠤ ᠠᠵᠢᠯ ᠢ ᠪᠠᠲᠤᠳᠬᠠᠵᠤ ᠪᠠᠶᠢᠨ᠎ᠠ᠃ 5 ᠰᠠᠷᠠᠶᠢᠨ 20 ᠤ ᠡᠲᠤᠷ ᠪᠠᠶᠡᠠᠲᠡᠯᠭᠡᠷ ᠭᠠᠴᠠᠭᠠᠨ ᠳᠤ 《 ᠪᠦᠬᠦ ᠬᠤᠰᠢᠭᠤᠨ ᠤ ᠭᠠᠴᠠᠭᠠᠨ ᠤ ᠶᠠᠪᠥᠲᠡᠯ ᠢ ᠢᠯᠨ ᠪᠤᠯᠭᠠᠬᠤ ᠵᠢᠱᠢᠶ᠎ᠠ ᠦᠵᠡᠭᠦᠯᠬᠦ‍ ᠴᠢᠭ ᠤᠨ ᠰᠠᠭᠤᠲᠠᠯ ᠤᠨ ᠬᠤᠷᠡᠯ 》 ᠢ ᠬᠤᠷᠠᠯᠲᠤᠭᠤᠯᠵᠤ᠂ ᠦᠡᠲᠤᠰᠤᠨ ᠱᠠᠲᠤᠨ ᠤ ᠺᠠᠲᠠᠷᠴᠤᠤᠨ ᠠᠵᠢᠯ ᠤᠨ ᠲᠤᠷᠰᠢᠯᠭ᠎ᠠ ᠪᠠᠨ ᠰᠤᠯᠢᠯᠴᠠᠵᠤ᠂ ᠭᠠᠴᠠᠭᠠᠨ  ᠤ ᠶᠠᠪᠥᠲᠡᠯ ᠢ ᠢᠯᠨ ᠪᠤᠯᠭᠠᠨ ᠠᠷᠡᠤᠡᠴᠢᠯᠡᠯ ᠬᠠᠮᠢᠶᠠᠷᠤᠯᠲᠡ ᠶᠢᠨ ᠠᠵᠢᠯ ᠤᠨ ᠲᠤᠬᠠᠢ ᠤᠯᠠᠮ ᠬᠦᠡᠵᠡᠭᠡᠢ ᠤᠶᠢᠯᠭᠠᠯᠲᠡ  ᠲᠠᠢ ᠪᠤᠯᠤᠬᠰᠡᠨ ᠮᠦᠷᠲᠠᠭᠡᠨ ᠠᠵᠢᠯ ᠤᠨ ᠰᠠᠤᠡᠬᠢᠴᠨ ᠶᠢᠨ ᠲᠠᠯ᠎ᠠ ᠠᠴᠠ ᠲᠡᠭᠡᠭᠡᠰᠢᠯᠡᠯᠲᠡ ᠲᠠᠢ ᠪᠤᠯᠪᠠ᠃            ︵ᠨᠢᠭᠡ︶ ᠭᠠᠴᠠᠭᠠᠨ ᠤ ᠶᠠᠪᠥᠲᠡᠯ ᠢ ᠢᠯᠨ ᠪᠤᠯᠭᠠᠬᠤ ᠲᠤᠬᠠᠢ ᠤᠬᠠᠡᠡᠲᠡᠬᠤᠨ         ᠭᠠᠴᠠᠭᠠᠨ ᠤ ᠶᠠᠪᠤᠲᠡᠯ ᠢ ᠢᠯᠨ ᠪᠤᠯᠭᠠᠬᠤ ᠭᠡᠲᠡᠭ ᠨᠢ ᠭᠠᠴᠠᠭᠠᠨ ᠤ ᠵᠦᠪᠯᠡᠯ ᠠᠴᠠ ᠮᠠᠯᠴᠢᠤᠨ ᠲᠤ ᠬᠤᠯᠪᠤᠬᠲᠠᠬᠤ ᠤᠴᠢᠷ ᠶᠠᠪᠤᠲᠡᠯ ᠢ ᠶᠠᠮᠡᠷ ᠨᠢᠭᠡᠨ ᠬᠡᠯᠪᠡᠷᠢ ᠪᠠᠷ ᠮᠠᠯᠴᠢᠤᠨ ᠲᠤ ᠮᠡᠲᠡᠭᠲᠡᠵᠤ᠂ ᠰᠢᠢᠤᠡᠪᠤᠷᠢ ᠲᠤᠬᠲᠠᠭᠠᠬᠤ ᠪᠣᠶᠤ ᠬᠠᠮᠢᠶᠡᠷᠤᠯᠲᠡ ᠳᠠᠭᠠᠨ ᠮᠠᠯᠴᠢᠤᠨ ᠢ ᠤᠷᠤᠯᠴᠠᠭᠤᠯᠵᠤ᠂ ᠬᠢᠨᠠᠯᠲᠡ ᠲᠠᠯᠪᠢᠬᠤ ᠶᠢ ᠬᠡᠷᠡᠭᠵᠢᠬᠦᠯᠬᠦ ᠨᠢᠭᠡᠨ ᠠᠷᠡᠤᠡᠴᠢᠯᠡᠯ ᠤᠨ ᠠᠵᠢᠯᠯᠠᠭ᠎ᠠ ᠪᠤᠯᠤᠨ᠎ᠠ᠃ ᠭᠠᠴᠠᠭᠠᠨ ᠤ ᠶᠠᠪᠤᠲᠡᠯ ᠢ ᠢᠯᠡ ᠪᠤᠯᠭᠠᠬᠤ ᠨᠢ ᠨᠢᠬᠡ ︽ᠨᠠᠷᠡᠨ ᠤ ᠭᠡᠷᠡᠯ ᠤᠨ ᠢᠡᠵᠧᠨᠧᠷᠢᠩ︾᠂ ᠮᠦᠨ ᠴᠤ ᠠᠷᠡᠤᠡᠴᠢᠯᠡᠯᠲᠤ ᠬᠠᠮᠢᠶᠡᠷᠤᠯᠲᠡ ᠶᠢ ᠢᠯᠡᠷᠡᠬᠦᠯᠬᠦ ᠭᠤᠤᠯ ᠠᠷᠭ᠎ᠠ ᠪᠠᠷᠢᠯ ᠮᠦᠨ᠃          ︵ᠬᠤᠶᠡᠷ︶ ᠭᠠᠴᠠᠭᠠᠨ ᠤ ᠶᠠᠪᠥᠲᠡᠯ ᠢ ᠢᠯᠨ ᠪᠤᠯᠭᠠᠬᠤ ᠠᠭᠤᠯᠭ᠎ᠠ        ᠭᠠᠴᠠᠭᠠᠨ ᠤ ᠶᠠᠪᠥᠲᠡᠯ ᠢ ᠢᠯᠨ ᠪᠤᠯᠭᠠᠬᠤ ᠨᠢ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠨ᠂ ᠲᠦᠷᠢᠮ ᠲᠤᠬᠲᠠᠭᠠᠯ ᠠᠴᠠ ᠲᠤᠲᠤᠷᠬᠠᠶᠢᠯᠬᠠᠰᠡᠨ ᠢᠯᠨ ᠪᠤᠯᠭᠠᠬᠤ ᠵᠤᠬᠢᠰᠲᠠᠢ ᠠᠭᠤᠯᠭ᠎ᠠ ᠠᠴᠠ ᠭᠠᠲᠠᠨ᠎ᠠ ᠂ ᠭᠠᠴᠠᠭᠠᠨ ᠤ ᠪᠠᠨ ᠪᠤᠲᠡᠲᠠᠢ ᠪᠠᠶᠢᠲᠡᠯ ᠲᠠᠢ ᠤᠶᠡᠯᠲᠤᠭᠤᠯᠤᠨ᠂ ᠠᠭᠤᠯᠭ᠎ᠠ ᠶᠢᠨ ᠬᠡᠪᠴᠢᠶ᠎ᠠ ᠪᠠᠨ ᠤᠢᠷᠭᠡᠰᠬᠡᠵᠤ᠂ ᠨᠡᠩ ᠴᠢᠬᠤᠯᠨ ᠨᠢ ᠮᠠᠯᠴᠢᠨ ᠲᠦᠮᠡᠨ ᠤ ᠰᠡᠤᠡᠬᠢᠯ ᠲᠠᠯᠪᠢᠵᠤ ᠪᠠᠶᠢᠭ᠎ᠠ ᠭᠤᠤᠯᠲᠠᠯᠭ᠎ᠠ ᠲᠠᠢ ᠲᠦᠪᠡᠭᠲᠠᠢ ᠠᠰᠠᠭᠤᠲᠡᠯ  ᠤᠳ ᠢ ᠵᠠᠪᠠᠯ ᠢᠯᠨ ᠪᠤᠯᠭᠠᠬᠤ ᠬᠡᠷᠡᠭᠲᠠᠢ᠃ ᠡᠭᠦᠨ ᠳᠤ ᠡᠳ᠋ ᠤᠨ ᠶᠠᠪᠤᠲᠡᠯ ᠢ ᠢᠯᠨ ᠪᠤᠯᠭᠠᠬᠤ ᠨᠢ ᠭᠠᠴᠠᠭᠠᠨ ᠤ ᠶᠠᠪᠥᠲᠡᠯ ᠢ ᠢᠯᠨ ᠪᠤᠯᠭᠠᠬᠤ ᠠᠵᠢᠯ ᠤᠨ ᠭᠤᠤᠯᠲᠠᠯᠭ᠎ᠠ ᠪᠤᠯᠵᠤ᠂ ᠪᠤᠢ ᠪᠦᠬᠦᠢ ᠤᠷᠤᠯᠭ᠎ᠠ ᠵᠠᠷᠤᠯᠭ᠎ᠠ ᠢ ᠴᠦᠮ ᠬᠢᠨᠠᠮᠠᠭᠠᠢ ᠲᠡᠮᠲᠡᠭᠯᠡᠨ ᠨᠠᠷᠢᠨ ᠲᠠᠩᠰᠨ ᠶᠢ ᠢᠯᠨ ᠪᠤᠯᠭᠠᠵᠤ᠂ ᠤᠯᠡᠨ ᠲᠦᠮᠡᠨ ᠳᠤ ᠦᠢᠯᠭᠠᠭᠤᠯᠤᠨ᠂ ᠭᠠᠴᠠᠭᠠᠨ ᠤ ᠬᠠᠮᠲᠤ ᠶᠢᠨ ᠡᠳ᠋ ᠬᠦᠷᠤᠩᠭᠡ ᠪᠠ ᠡᠳ᠋ ᠤᠨ ᠶᠡᠪᠤᠲᠡᠯ ᠤᠨ ᠤᠷᠤᠯᠭ᠎ᠠ ᠵᠡᠷᠤᠯᠭ᠎ᠠ ᠶᠢᠨ ᠪᠠᠶᠢᠲᠡᠯ ᠲᠤ ᠬᠢᠨᠠᠯᠲᠡ ᠲᠠᠯᠪᠢᠬᠤ ᠬᠡᠷᠡᠭᠲᠠᠢ᠃ ᠲᠤᠬᠠᠶᠢᠯᠠᠪᠠᠯ ᠢᠯᠨ ᠪᠤᠯᠭᠠᠬᠤ ᠠᠭᠤᠯᠭ᠎ᠠ ᠪᠠᠷ ᠨᠢ ᠵᠠᠰᠠᠭ ᠤᠨ ᠠᠵᠢᠯ᠂ ᠭᠠᠴᠠᠭᠠᠨ ᠤ ᠬᠡᠷᠡᠭ ᠶᠠᠪᠤᠲᠡᠯ᠂ ᠡᠳ᠋ ᠤᠨ ᠶᠠᠪᠤᠲᠡᠯ ᠵᠡᠷᠭᠡ ᠭᠤᠷᠪᠠᠨ ᠲᠦᠷᠤᠯ ᠬᠤᠪᠢᠶᠠᠨ ᠢᠯᠨ ᠪᠤᠯᠭᠠᠨ᠎ᠠ᠃           1. ᠵᠠᠰᠠᠭ ᠤᠨ ᠠᠵᠢᠯ ᠢ ᠢᠯᠨ ᠪᠤᠯᠭᠠᠬᠤ        ᠵᠠᠰᠠᠭ ᠤᠨ ᠠᠵᠢᠯ ᠢ ᠢᠯᠨ ᠪᠤᠯᠭᠠᠬᠤ ᠭᠡᠳᠡᠭ ᠨᠢ ᠭᠤᠤᠯ ᠨᠢ ᠨᠠᠮ ᠤᠨ ᠴᠢᠭᠯᠡᠯ᠂ ᠲᠦᠷᠤ ᠶᠢᠨ ᠪᠤᠲᠤᠯᠭ᠎ᠠ᠂ ᠤᠯᠤᠰ ᠤᠨ ᠬᠠᠤᠯᠢ ᠴᠠᠭᠠᠵᠨ᠂ ᠲᠦᠷᠢᠮ ᠲᠤᠬᠲᠠᠭᠠᠯ᠂ ᠲᠡᠭᠡᠲᠤ ᠱᠠᠲᠤᠨ ᠤ ᠵᠠᠰᠠᠭ ᠤᠨ ᠤᠷᠲᠤᠨ ᠠᠴᠠ ᠪᠠᠶᠢᠷᠢᠯᠠᠭᠤᠯᠤᠬᠰᠡᠨ ᠬᠠᠮᠢᠶ᠎ᠠ ᠪᠦᠬᠦᠢ ᠡᠬᠦᠷᠭᠡ ᠨᠤᠷᠮ᠎ᠠ ᠵᠢᠴᠢ ᠭᠠᠴᠠᠭᠠᠨ ᠤ ᠲᠦᠷᠢᠮ ᠲᠤᠬᠲᠠᠭᠠᠯ  ᠤᠨ ᠬᠡᠷᠡᠭᠵᠢᠬᠦᠯᠵᠤ ᠪᠠᠶᠢᠭ᠎ᠠ ᠪᠠᠶᠢᠲᠡᠯ ᠵᠡᠷᠭᠡ ᠠᠵᠢᠯ ᠢ ᠢᠯᠨ ᠪᠤᠯᠭᠠᠬᠤ ᠶᠢ ᠵᠢᠭᠠᠵᠤ ᠪᠠᠶᠢᠨ᠎ᠠ᠃ ᠵᠠᠰᠠᠭ ᠤᠨ ᠠᠵᠢᠯ  ᠢ ᠢᠯᠨ ᠪᠤᠯᠭᠠᠬᠤ ᠠᠭᠤᠯᠭ᠎ᠠ᠄        ︵1︶ ᠵᠢᠯ ᠤᠨ ᠡᠬᠢᠨ ᠳᠤ ᠬᠤᠶᠡᠷ ᠵᠦᠪᠯᠡᠯ 》 ᠤᠨ ᠲᠤᠰ ᠵᠢᠯ ᠳᠤ ᠠᠷᠠᠤᠨ ᠳᠤ ᠪᠤᠲᠡᠲᠠᠢ ᠠᠵᠢᠯ ᠬᠢᠬᠦ ᠲᠦᠷᠤᠯ ᠵᠦᠢᠯ ᠢ ᠢᠯᠨ ᠪᠤᠯᠭᠠᠨ᠎ᠠ᠃ ᠤᠯᠡᠷᠢᠯ ᠪᠦᠷᠢ ᠳᠤ ᠪᠤᠲᠡᠲᠠᠢ ᠠᠵᠢᠯ ᠬᠢᠭᠰᠡᠨ ᠪᠦᠲᠤᠭᠡᠨ ᠪᠠᠶᠢᠭᠤᠯᠤᠯᠲᠡ ᠶᠢᠨ ᠶᠠᠪᠤᠴᠨ ᠶᠢ ᠢᠯᠨ ᠪᠤᠯᠭᠠᠨ᠎ᠠ᠃ ᠵᠢᠯ ᠤᠨ ᠡᠴᠤᠰ ᠲᠤ ᠪᠤᠲᠡᠲᠠᠢ ᠠᠵᠢᠯ ᠢᠶᠠᠨ ᠪᠠᠶᠡᠯᠡᠭᠦᠯᠥᠭᠰᠡᠨ ᠪᠠᠶᠢᠳᠡᠯ ᠢ ᠢᠯᠨ ᠪᠤᠯᠭᠠᠨ᠎ᠠ᠃        ︵2︶ ᠮᠠᠯᠴᠢᠬᠤ ᠤᠷᠤᠨ ᠤ ᠲᠦᠯᠤᠪᠯᠡᠭᠡᠲᠤ ᠦᠷᠡᠵᠢᠯ ᠤᠨ ᠠᠵᠢᠯ ᠤᠨ ᠲᠦᠷᠤ ᠶᠢᠨ ᠪᠤᠲᠤᠯᠭ᠎ᠠ ᠪᠠ ᠠᠷᠭ᠎ᠠ ᠪᠠᠷᠢᠯ᠂ ᠲᠤᠰ ᠵᠢᠯ ᠤᠨ ᠲᠦᠷᠤ ᠶᠢᠨ ᠪᠤᠲᠤᠯᠭ᠎ᠠ ᠳᠤ ᠨᠠᠶᠢᠴᠡᠭᠰᠡᠨ ᠲᠦᠯᠤᠪᠯᠡᠭᠡᠲᠤ ᠦᠷᠡᠵᠢᠯ  ᠤᠨ ᠨᠢᠭᠤᠷᠯᠡᠯ ᠤᠨ ᠨᠠᠷᠡᠰ᠂ ᠭᠦᠮᠤᠨ ᠠᠮᠨ ᠶᠢᠨ ᠨᠡᠮᠡᠯᠲᠡ ᠬᠠᠰᠤᠯᠲᠡ ᠪᠠ ᠲᠦᠷᠤ ᠶᠢᠨ ᠪᠤᠲᠤᠯᠭ᠎ᠠ ᠪᠠᠷ ᠱᠠᠩᠨᠠᠨ ᠬᠦᠬᠢᠭ᠊       ‍ᠥᠯᠤᠭ᠍ᠰᠡᠨ ᠵᠡᠷᠭᠡ ᠪᠠᠶᠢᠲᠡᠯ︔        ︵3︶ ᠮᠠᠯᠵᠢᠬᠤ ᠤᠷᠤᠨ ᠤ ᠴᠡᠷᠢᠭ ᠡᠯᠰᠡᠬᠦ ᠲᠦᠷᠤ ᠶᠢᠨ ᠪᠤᠲᠤᠯᠭ᠎ᠠ ᠪᠠ ᠠᠷᠭ᠎ᠠ ᠪᠡᠷᠢᠯ︔        ︵4︶ ᠡᠷᠤᠭᠡ ᠶᠢᠨ ᠴᠡᠷᠢᠭ ᠤᠨ ᠵᠤᠬᠢᠶᠠᠨ ᠪᠠᠶᠢᠭᠤᠯᠤᠯᠲᠡ ᠤᠨ ᠦᠡᠲᠤᠰᠤᠨ ᠪᠡᠶᠢᠲᠡᠯ         ︵5︶ ᠮᠠᠯᠵᠢᠬᠤ ᠤᠷᠤᠨ ᠤ ᠨᠡᠶᠢᠭᠡᠮ ᠤᠨ ᠪᠠᠲᠤᠯᠠᠭ᠎ᠠ ᠶᠢᠨ ᠲᠦᠷᠤ ᠶᠢᠨ ᠪᠤᠲᠤᠯᠭ᠎ᠠ ᠪᠠ ᠠᠷᠭ᠎ᠠ ᠪᠠᠷᠢᠯ︔         ︵6︶ ᠵᠢᠯ ᠤᠨ ᠡᠭᠢᠨ ᠳᠤ ᠭᠠᠴᠠᠭᠠᠨ ᠤ ᠺᠠᠲᠡᠷ ᠤᠨ ᠵᠢᠯ ᠤᠨ ᠠᠵᠢᠯ ᠤᠨ ᠬᠠᠷᠠᠯᠲᠡ ᠪᠠ ᠠᠵᠢᠯ ᠤᠨ ᠬᠠᠷᠠᠯᠲᠡ ᠪᠠᠨ ᠪᠡᠶᠡᠯᠡᠬᠦᠯᠬᠦ ᠠᠷᠭ᠎ᠠ ᠬᠡᠮᠵᠢᠶ᠎ᠠ ᠶᠢ ᠨᠠᠶᠢᠲᠡᠯᠡᠵᠤ᠂ ᠵᠢᠯ ᠤᠨ ᠡᠴᠤᠰ ᠲᠤ ᠠᠵᠢᠯ ᠤᠨ ᠬᠠᠷᠠᠯᠲᠡ ᠪᠠᠨ ᠪᠡᠶᠡᠯᠡᠬᠦᠯᠥᠭᠰᠡᠨ ᠪᠠᠶᠢᠲᠡᠯ ᠪᠠ ᠠᠷᠡᠤᠡᠴᠢᠯᠡᠯ ᠢᠶᠠᠷ ᠦᠨᠡᠯᠡᠭᠰᠡᠨ ᠪᠡᠶᠢᠲᠡᠯ ᠢ ᠨᠠᠶᠢᠲᠡᠯᠡᠨ᠎ᠠ︔        ︵7︶ ᠨᠠᠮ ᠪᠠ ᠤᠯᠤᠰ ᠤᠨ ᠮᠠᠯᠵᠢᠬᠤ ᠤᠷᠤᠨ ᠤ ᠠᠵᠢᠯ ᠤᠨ ᠲᠤᠬᠠᠢ ᠴᠢᠬᠤᠯᠨ ᠲᠦᠷᠤ ᠶᠢᠨ ᠪᠤᠲᠤᠯᠭ᠎ᠠ ᠪᠠ ᠲᠡᠭᠡᠲᠤ ᠱᠠᠲᠤᠨ ᠤ ᠱᠠᠭᠠᠷᠲᠡᠯᠭ᠎ᠠ ᠶᠢ ᠴᠠᠭ ᠲᠤᠬᠠᠢ ᠳᠤᠨᠢ ᠢᠯᠨ ᠪᠤᠯᠭᠠᠨ᠎ᠠ︔        ︵8︶ ᠰᠢᠨ᠎ᠠ ᠬᠡᠯᠪᠡᠷᠢ ᠶᠢᠨ ᠮᠠᠯᠵᠢᠬᠤ ᠤᠷᠤᠨ ᠤ ᠬᠤᠷᠰᠢᠠᠡᠰᠡᠨ ᠡᠮᠨᠡᠯᠭᠡ ᠶᠢ ᠬᠡᠷᠡᠭᠵᠢᠭᠦᠯᠤᠭ᠍ᠰᠡᠨ ᠪᠠᠶᠢᠲᠡᠯ᠂ ᠰᠢᠨ᠎ᠠ ᠬᠡᠯᠪᠡᠷᠢ ᠶᠢᠨ ᠮᠠᠯᠵᠢᠬᠤ ᠤᠷᠤᠨ ᠤ ᠬᠤᠷᠰᠢᠠᠡᠰᠡᠨ ᠡᠮᠨᠡᠯᠭᠡ ᠶᠢᠨ ᠰᠤᠶᠢᠤᠡᠬᠡᠯ ᠲᠤᠰᠢᠶ᠋ᠬᠠᠰᠡᠨ ᠪᠠᠶᠢᠲᠡᠯ︔        ︵9︶ ᠭᠠᠴᠠᠭᠠᠨ ᠤ ᠮᠠᠯᠴᠢᠨ ᠡᠷᠤᠭᠡ ᠶᠢᠨ ᠠᠰᠢᠭ ᠲᠤᠰᠨ ᠲᠠᠢ ᠬᠤᠯᠪᠤᠬᠲᠡᠬᠰᠡᠨ᠂ ᠮᠠᠯᠴᠢᠨ ᠡᠷᠤᠭᠡ ᠶᠢᠨ ᠦᠷᠭᠡᠨ ᠢᠶᠠᠷ ᠰᠡᠤᠡᠬᠢᠯ ᠲᠠᠯᠪᠢᠵᠤ ᠪᠠᠶᠢᠭ᠎ᠠ ᠠᠰᠠᠭᠤᠲᠡᠯ ᠪᠠ ᠮᠠᠯᠴᠢᠤᠨ ᠤᠨ ᠲᠦᠯᠤᠭᠡᠯᠡᠭᠴᠢᠤᠨ ᠤᠨ ᠢᠯᠨ ᠪᠤᠯᠭᠠᠬᠤ ᠪᠠᠷ ᠱᠠᠭᠠᠷᠲᠠᠬᠰᠡᠨ ᠪᠤᠰᠤᠤᠨ ᠬᠡᠷᠡᠭ ᠶᠠᠪᠤᠲᠡᠯ︔         2. ᠭᠠᠴᠠᠭᠠᠨ ᠤ ᠬᠡᠷᠡᠭ ᠶᠠᠪᠤᠲᠡᠯ ᠢ ᠢᠯᠨ ᠪᠤᠯᠭᠠᠬᠤ        ᠭᠠᠴᠠᠭᠠᠨ ᠤ ᠬᠡᠷᠡᠭ ᠶᠠᠪᠤᠲᠡᠯ ᠢ ᠢᠯᠨ ᠪᠤᠯᠭᠠᠬᠤ ᠭᠡᠳᠡᠭ ᠨᠢ ᠭᠤᠤᠯ ᠨᠢ ᠭᠠᠴᠠᠭᠠᠨ ᠤ ᠡᠲᠤᠷ ᠲᠤᠲᠤᠮ ᠤᠨ ᠬᠡᠷᠡᠭ ᠶᠠᠪᠤᠲᠡᠯ ᠤᠨ ᠬᠠᠮᠢᠶᠠᠷᠤᠯᠲᠡ ᠵᠡᠷᠭᠡ ᠤᠴᠢᠷ ᠶᠠᠪᠤᠲᠡᠯ ᠢ ᠢᠯᠨ ᠪᠤᠯᠭᠠᠬᠤ ᠶᠢ ᠵᠢᠭᠠᠵᠤ ᠪᠠᠶᠢᠨ᠎ᠠ᠃ ᠤᠯᠠᠨ ᠲᠦᠮᠠᠨ ᠤ ᠠᠰᠢᠭ ᠲᠤᠰᠡ ᠳᠤ ᠬᠤᠯᠪᠤᠬᠲᠠᠬᠤ ᠴᠢᠬᠤᠯᠨ ᠠᠰᠠᠭᠤᠲᠠᠯ ᠢ ᠵᠠᠪᠡᠯ ᠢᠯᠨ ᠪᠤᠯᠭᠠᠬᠤ ᠬᠡᠷᠡᠭᠲᠠᠢ᠃ ᠭᠠᠴᠠᠭᠠᠨ ᠤ ᠬᠡᠷᠡᠭ ᠶᠠᠪᠤᠲᠠᠯ ᠨᠢ ᠭᠠᠴᠠᠭᠠᠨ ᠤ ᠠᠵᠢᠯ ᠤᠨ ᠭᠤᠤᠯ ᠠᠭᠤᠯᠭ᠎ᠠ ᠪᠤᠯᠤᠬᠰᠡᠨ ᠤ ᠬᠤᠪᠢ  ᠳᠤ ᠲᠠᠷᠨ ᠨᠢ ᠪᠤᠲᠤᠯᠢᠶ᠋ᠬᠲᠠᠢ ᠮᠦᠷᠲᠠᠭᠡᠨ ᠪᠤᠲᠡᠲᠠᠢ ᠪᠠᠶᠢᠬᠤ ᠦᠡᠲᠤᠰᠤᠨ ᠤᠡᠴᠠᠯᠢᠭ ᠲᠠᠢ ᠪᠠᠶᠢᠵᠤ᠂ ᠮᠠᠯᠴᠢᠨ ᠲᠦᠮᠠᠨ ᠤ ᠠᠰᠢᠭ ᠲᠤᠰᠡ ᠳᠤ ᠰᠢᠭᠤᠤᠨ ᠬᠤᠯᠪᠤᠬᠲᠠᠵᠤ ᠡᠬᠦᠨ ᠢᠶᠠᠷ ᠢᠶᠠᠨ ᠭᠠᠴᠠᠭᠠᠨ ᠤ ᠬᠡᠷᠡᠭ ᠶᠠᠪᠤᠲᠠᠯ ᠨᠢ ᠭᠠᠴᠠᠭᠠᠨ ᠤ ᠠᠵᠢᠯ ᠢ ᠢᠯᠨ ᠪᠤᠯᠭᠠᠬᠤ ᠶᠢᠨ ᠦᠡᠲᠤᠰᠤᠨ ᠠᠭᠤᠯᠭ᠎ᠠ ᠶᠢᠨ ᠨᠢᠭᠡ ᠪᠤᠯᠤᠬᠰᠡᠨ ᠪᠠᠶᠢᠨ᠎ᠠ᠃ ᠭᠠᠴᠠᠭᠠᠨ  ᠤ ᠬᠡᠷᠡᠭ ᠶᠠᠪᠤᠲᠡᠯ ᠢ ᠢᠯᠨ ᠪᠤᠯᠭᠠᠬᠤ ᠠᠭᠤᠯᠭ᠎ᠠ᠄         ︵1︶ ᠭᠠᠴᠠᠭᠠᠨ ᠤ ᠵᠦᠪᠯᠡᠯ ᠤᠨ ᠲᠤᠰᠢᠶᠡᠯ ᠤᠨ ᠬᠤᠭᠤᠴᠠᠭᠠᠨ ᠳᠠᠬᠢ ᠲᠦᠯᠤᠪᠵᠢᠭᠦᠯᠭᠡ᠂ ᠲᠤᠰᠢᠶᠡᠯ ᠤᠨ ᠬᠤᠭᠤᠴᠠᠭᠠᠨ ᠳᠠᠬᠢ ᠬᠠᠷᠡᠯᠲᠡ ᠪᠠ ᠵᠢᠯ ᠤᠨ ᠠᠵᠢᠯ ᠤᠨ ᠲᠦᠯᠤᠪᠵᠢᠭᠦᠯᠭᠡ︔        ︵2︶ ᠭᠠᠴᠠᠭᠠᠨ ᠤ ᠬᠠᠮᠲᠤ ᠶᠢᠨ ᠨᠤᠲᠤᠭ ᠪᠡᠯᠴᠢᠭᠡᠷ᠂ ᠤᠢ ᠰᠢᠭᠤᠢ ᠶᠢᠨ ᠭᠠᠵᠡᠷ ︵ᠵᠣᠯᠵᠠᠭ᠎ᠠ ᠮᠤᠲᠤᠨ ᠤ ᠬᠦᠷᠢᠶᠡᠯᠡᠩ︶᠂ ᠭᠠᠴᠠᠭᠠᠨ ᠤ ᠲᠡᠮᠤᠷ ᠮᠠᠯ ᠵᠡᠷᠭᠡ ᠪᠤᠲᠡᠲᠠᠢ ᠴᠤᠬᠴᠨ ᠶᠢ ᠡᠵᠡᠩᠨᠡᠨ ᠲᠠᠭᠠᠭᠠᠴᠢᠯᠠᠬᠤ ᠳᠤ᠂ ᠵᠢᠯ ᠤᠨ ᠡᠬᠢᠨ ᠳᠤ ᠲᠠᠭᠠᠭᠠᠴᠢᠯᠬᠠᠰᠡᠨ ᠬᠦᠮᠤᠨ ᠤ ᠨᠡᠷᠡᠰ᠂ ᠲᠠᠭᠠᠭᠠᠴᠢᠯᠠᠬᠤ ᠬᠤᠭᠤᠴᠠᠭ᠎ᠠ᠂ ᠲᠠᠭᠠᠭᠠᠴᠢᠯᠬᠠᠰᠡᠨ ᠰᠤᠶᠢᠤᠡᠭᠡᠯ ᠢ ᠨᠠᠶᠢᠲᠡᠯᠡᠨ᠎ᠠ᠃ ᠵᠢᠯ ᠤᠨ ᠡᠴᠤᠰ ᠲᠤ ᠲᠠᠭᠠᠭᠠᠴᠢᠯᠬᠠᠰᠡᠨ ᠰᠤᠶᠢᠤᠡᠭᠡᠯ ᠢᠶᠠᠨ ᠲᠡᠭᠡᠭᠰᠢ ᠲᠤᠰᠢᠶ᠋ᠬᠠᠰᠡᠨ ᠪᠠᠶᠢᠲᠡᠯ ᠢ ᠢᠯᠨ ᠪᠠᠷ ᠨᠡᠶᠢᠲᠡᠯᠡᠨ᠎ᠠ︔        ︵3︶ ᠡᠯ᠎ᠡ ᠱᠠᠲᠤᠨ ᠤ ᠵᠡᠰᠠᠭ ᠤᠨ ᠤᠷᠲᠤᠨ ᠵᠢᠴᠢ ᠰᠠᠯᠠᠭ᠎ᠠ ᠮᠦᠴᠢᠷ ᠠᠴᠠ ᠲᠤᠷᠤᠬᠰᠢ ᠪᠠᠭᠤᠯᠭᠠᠬᠰᠡᠨ ᠪᠠ ᠨᠠᠶᠢᠭᠡᠮ ᠠᠴᠠ ᠲᠤᠰᠠᠯᠬᠠᠰᠡᠨ ᠭᠠᠮᠰᠢᠭ ᠠᠴᠠ ᠠᠪᠤᠷᠬᠠᠤ ᠵᠤᠭᠤᠰ ᠮᠦᠡᠭᠬᠦ᠂ ᠡᠳ᠋ ᠪᠤᠲᠡᠰ ᠤᠨ ᠲᠤᠭ᠎ᠠ ᠨᠤᠷᠮ᠎ᠠ︔ ᠲᠠᠷᠬᠠᠭᠠᠨ ᠲᠠᠯᠪᠢᠬᠤ ᠵᠡᠷᠴᠢᠮ ᠪᠤᠯᠤᠨ ᠨᠦᠬᠦᠴᠡᠯ ᠵᠢᠴᠢ ᠲᠠᠷᠬᠠᠭᠠᠨ ᠲᠠᠯᠪᠢᠬᠤ ᠪᠠᠷ ᠲᠤᠬᠲᠠᠭᠠᠬᠰᠡᠨ ᠨᠡᠷᠡᠰ᠂ ᠲᠤᠭ᠎ᠠ ᠨᠤᠷᠮ᠎ᠠ ᠵᠡᠷᠭᠡ︔        ︵4︶ ᠨᠢᠭᠡ ᠤᠴᠢᠷ ᠢ ᠨᠢᠭᠡ ᠵᠦᠪᠲᠡᠬᠦ ︵ᠭᠠᠴᠠᠭᠠᠨ ᠤ ᠲᠦᠯᠤᠭᠡᠯᠡᠭᠴᠢ ᠶᠢᠨ ᠬᠤᠷᠡᠯ︶ ᠪᠠᠶᠢᠲᠡᠯ︔ a. ᠵᠦᠪᠲᠡᠭᠰᠡᠨ ᠬᠡᠷᠡᠭ ᠶᠠᠪᠤᠲᠡᠯ ︵ᠴᠠᠭ ᠬᠤᠭᠤᠴᠠᠭ᠎ᠠ᠂ ᠤᠷᠤᠯᠴᠬᠠᠰᠡᠨ ᠬᠦᠮᠤᠰ᠂ ᠠᠭᠤᠯᠭ᠎ᠠ ᠵᠡᠷᠭᠡ ᠶᠢ ᠲᠤᠲᠤᠷᠬᠠᠶᠢᠯᠠᠨ᠎ᠠ︶︔ b. ᠰᠢᠢᠤᠡᠪᠤᠷᠢ ᠲᠤᠬᠲᠠᠭᠠᠬᠰᠡᠨ︔ c. ᠵᠤᠭᠤᠰ ᠬᠤᠷᠡᠮᠲᠤᠭᠤᠯᠤᠬᠰᠡᠨ ︵ᠵᠤᠭᠤᠰ ᠬᠤᠷᠡᠮᠲᠤᠭᠤᠯᠤᠬᠰᠡᠨ ᠲᠤᠭ᠎ᠠ ᠨᠤᠷᠮ᠎ᠠ᠂ ᠬᠦᠲᠡᠯᠮᠤᠷᠢ ᠬᠦᠴᠤ ᠬᠡᠷᠡᠭᠯᠡᠭᠰᠡᠨ ᠬᠡᠯᠪᠡᠷᠢ︶︔ d. ᠬᠡᠷᠡᠭᠵᠢᠭᠦᠯᠥᠭᠰᠡᠨ ᠦᠷ᠎ᠠ ᠳ᠋ᠦᠡᠭ︔        ︵5︶ ᠨᠢᠭᠡ ᠵᠢᠯ ᠨᠢᠭᠡ ᠤᠲᠠᠭ᠎ᠠ ᠮᠠᠯᠴᠢᠤᠨ ᠤᠨ ᠬᠦᠮᠤᠨ ᠪᠦᠷᠢ ᠶᠢᠨ ᠲᠡᠭᠰᠢᠤᠡᠬᠡᠭᠰᠡᠨ ᠴᠡᠪᠡᠷ ᠤᠷᠤᠯᠭ᠎ᠠ ᠶᠢ ᠨᠠᠶᠢᠲᠠᠯᠠᠨ᠎ᠠ︔        ︵6︶ ᠭᠠᠴᠠᠭᠠᠨ ᠤ ᠮᠠᠯᠴᠢᠤᠨ ᠤᠨ ᠬᠤᠷᠡᠯ ᠪᠤᠶᠤ ᠮᠠᠯᠴᠢᠤᠨ ᠤᠨ ᠲᠦᠯᠤᠭᠡᠯᠡᠭᠴᠢ  ᠶᠢᠨ ᠬᠤᠷᠡᠯ ᠤᠨ ᠰᠢᠢᠤᠡᠪᠥᠷᠢ ᠵᠢᠴᠢ ᠬᠡᠷᠡᠭᠵᠢᠬᠦᠯᠥᠭᠰᠡᠨ ᠪᠠᠶᠢᠲᠡᠯ︔        ︵7︶ ᠪᠢᠲᠡᠭᠦᠮᠵᠢᠯᠡᠨ ᠰᠢᠯᠵᠢᠭᠦᠯᠭᠦ᠂ ᠡᠯᠡᠰᠤ ᠵᠠᠰᠠᠬᠤ᠂ ᠨᠢᠰᠭᠡᠯ ᠢᠶᠠᠷ ᠲᠠᠷᠢᠬᠤ᠂ ᠮᠠᠯ ᠠᠵᠤ ᠠᠬᠤᠢ ᠶᠢᠨ ᠦᠡᠲᠤᠰᠤᠨ ᠪᠦᠲᠤᠭᠡᠨ ᠪᠠᠶᠢᠭᠤᠯᠤᠯᠲᠡ ᠵᠡᠷᠭᠡ ᠲᠦᠷᠣᠯ ᠵᠦᠢᠯ ᠤᠨ ᠲᠠᠭᠠᠭᠠᠴᠢᠯᠡᠨ ᠪᠠᠶᠢᠭᠤᠯᠤᠬᠰᠡᠨ ᠪᠠᠶᠢᠲᠡᠯ ᠵᠢᠴᠢ ᠲᠦᠷᠤ ᠶᠢᠨ ᠪᠤᠲᠤᠯᠭ᠎ᠠ ᠶᠢ ᠨᠠᠶᠢᠲᠡᠪᠥᠷᠢᠭᠤᠯᠤᠬᠰᠡᠨ ᠪᠠᠶᠢᠲᠡᠯ︔        ︵8︶ ᠰᠢᠯᠵᠢᠬᠦᠯᠤᠨ ᠨᠡᠬᠦᠯᠭᠡᠭᠰᠡᠨ ᠮᠠᠯᠴᠢᠤᠨ ᠢ ᠲᠦᠪᠬᠢᠨᠡᠬᠦᠯᠥᠭᠰᠡᠨ ᠪᠠᠶᠢᠲᠡᠯ︔        ︵9︶ ᠭᠠᠴᠠᠭᠠᠨ ᠤ ᠠᠵᠢᠯᠯᠠᠭᠠᠨ ᠤ ᠭᠠᠵᠡᠷ᠂ ᠵᠠᠮ ᠵᠡᠷᠭᠡ ᠨᠠᠶᠢᠲᠡ ᠶᠢᠨ ᠠᠰᠠᠷᠡᠮᠵᠢ  ᠶᠢᠨ ᠤᠶᠢᠯᠡᠰ ᠤᠨ ᠪᠦᠲᠤᠭᠡᠨ ᠪᠠᠶᠢᠭᠤᠯᠤᠯᠲᠡ ᠶᠢᠨ ᠬᠦᠷᠤᠩᠭᠡ ᠬᠤᠷᠡᠮᠲᠤᠭᠤᠯᠠᠬᠤ ᠲᠦᠰᠤᠪ ᠵᠢᠴᠢ ᠪᠡᠯᠨ ᠮᠦᠡᠭᠬᠦ  ᠶᠢᠨ ᠬᠡᠷᠡᠭᠯᠡᠯᠲᠡ ᠶᠢᠨ ᠪᠠᠶᠢᠲᠡᠯ︔        ︵10︶ ᠠᠵᠤ ᠠᠬᠤᠶᠢᠯᠠᠯ ᠡᠷᠬᠢᠯᠡᠬᠦ᠂ ᠡᠬᠢ ᠰᠤᠷᠪᠤᠯᠵᠢ ᠶᠢ ᠨᠡᠭᠡᠭᠡᠨ ᠠᠰᠢᠬᠯᠠᠬᠤ ᠪᠡᠯᠨ ᠤᠷᠤᠭᠤᠯᠤᠯᠲᠡ ᠶᠢᠨ ᠲᠦᠰᠤᠪ︔        ︵11︶ ᠭᠠᠴᠠᠭᠠᠨ ᠤ ᠬᠠᠮᠲᠤᠪᠡᠷ ᠡᠷᠬᠢᠯᠡᠨ ᠪᠠᠶᠢᠭᠤᠯᠬᠤ ᠲᠦᠷᠤᠯ ᠵᠦᠢᠯ ᠤᠨ ᠲᠦᠰᠤᠪ᠂ ᠪᠠᠶᠢᠭᠤᠯᠬᠤ ᠬᠤᠭᠤᠴᠠᠭ᠎ᠠ᠂ ᠪᠡᠯᠨ ᠤᠷᠤᠭᠤᠯᠬᠤ ᠵᠤᠭᠤᠰ ᠤᠨ ᠲᠤᠭ᠎ᠠ᠂ ᠪᠡᠯᠨ ᠬᠤᠷᠠᠮᠲᠤᠭᠤᠯᠬᠤ ᠬᠡᠯᠪᠡᠷᠢ᠂ ᠪᠡᠯᠨ ᠬᠤᠷᠢᠶᠠᠬᠤ ᠬᠤᠭᠤᠴᠠᠭ᠎ᠠ᠂ ᠦᠷ᠎ᠠ ᠠᠰᠢᠭ ᠤᠨ ᠲᠦᠰᠤᠪᠯᠡᠯ ᠵᠡᠷᠭᠡ ᠪᠠᠶᠢᠲᠡᠯ︔        ︵12︶ ᠮᠠᠯᠴᠢᠤᠨ ᠤᠨ ᠰᠠᠨᠠᠭᠤᠯᠭ᠎ᠠ ᠵᠢᠴᠢ ᠰᠠᠨᠠᠭᠤᠯᠭ᠎ᠠ ᠳᠤ ᠲᠤᠰᠬᠠᠬᠰᠡᠨ ᠰᠠᠨᠠᠯ ᠵᠡᠷᠭᠡ ︵ᠰᠡᠲᠤᠪ ᠲᠤᠷᠡᠲᠤᠨ ᠢᠯᠨ ᠪᠤᠯᠭᠠᠬᠤ︶︔         3. ᠡᠳ᠋ ᠤᠨ ᠶᠠᠪᠤᠲᠡᠯ ᠢ ᠢᠯᠨ ᠪᠤᠯᠭᠠᠬᠤ        ᠭᠠᠴᠠᠭᠠᠨ ᠤ ᠶᠠᠪᠤᠲᠡᠯ ᠢ ᠪᠦᠬᠦ ᠲᠠᠯ᠎ᠠ ᠪᠠᠷ ᠢᠯᠨ ᠪᠤᠯᠭᠠᠬᠰᠡᠨ ᠰᠠᠭᠤᠷᠢᠨ ᠲᠡᠭᠡᠷ᠎ᠠ ᠡᠳ᠋  ᠤᠨ ᠶᠠᠪᠤᠲᠡᠯ ᠢ ᠢᠯᠨ ᠪᠤᠯᠭᠠᠬᠤ ᠶᠢ ᠲᠤᠪᠦᠶᠢᠯᠭᠠᠬᠤ ᠭᠡᠷᠡᠭᠲᠠᠢ᠃ ᠤᠶᠢᠯᠡᠲᠤᠯᠭᠡ ᠠᠴᠠ ᠦᠵᠡᠪᠡᠯ᠂ ᠭᠠᠴᠠᠭᠠᠨ ᠤ ᠶᠠᠪᠤᠲᠡᠯ ᠢ ᠢᠯᠨ ᠪᠤᠯᠭᠠᠬᠰᠡᠨ ᠦᠷ᠎ᠠ ᠪᠦᠲᠤᠮᠵᠢ ᠬᠢᠷᠢ ᠵᠡᠷᠭᠡ᠂ ᠠᠮᠵᠢᠯᠲᠡ ᠤᠯᠤᠬᠰᠡᠨ ᠡᠰᠡᠬᠦ ᠨᠢ ᠡᠳ᠋ ᠤᠨ ᠶᠠᠪᠤᠲᠡᠯ ᠢ ᠢᠯᠨ ᠪᠤᠯᠭᠠᠬᠰᠡᠨ ᠪᠠᠶᠢᠲᠡᠯ ᠠᠴᠠ ᠲᠤᠬᠲᠠᠠᠭᠠᠲᠠᠬᠤ ᠶᠤᠮ᠃        ︵1︶ ᠡᠳ᠋ ᠤᠨ ᠶᠠᠪᠤᠲᠡᠯ ᠢ ᠲᠦᠰᠤᠪᠯᠡᠨ ᠪᠤᠲᠤᠬᠰᠡᠨ ᠪᠠᠶᠢᠲᠡᠯ᠄ ᠭᠠᠴᠠᠭᠠᠨ ᠤ ᠮᠠᠯᠴᠢᠤᠨ ᠤᠨ ᠲᠦᠯᠤᠭᠡᠯᠡᠭᠴᠢ ᠶᠢᠨ ᠬᠤᠷᠡᠯ ᠢᠶᠠᠷ ᠲᠠᠮᠵᠢᠬᠰᠡᠨ ᠭᠠᠴᠠᠭ᠎ᠠ ᠲᠡᠰ ᠤᠨ ᠵᠢᠯ ᠤᠨ ᠡᠳ᠋ ᠤᠨ ᠶᠠᠪᠤᠲᠡᠯ ᠤᠷᠤᠯᠭ᠎ᠠ ᠵᠡᠷᠤᠯᠭ᠎ᠠ ᠶᠢ ᠲᠦᠰᠤᠪᠯᠡᠨ ᠪᠤᠲᠤᠬᠰᠡᠨ ᠪᠠ ᠲᠠᠰᠤᠯᠤᠨ ᠪᠤᠲᠤᠬᠤ ᠲᠦᠰᠤᠪ᠂ ᠲᠤᠬᠲᠡᠮᠡᠯ ᠬᠦᠷᠤᠩᠭᠡ ᠶᠢᠨ ᠪᠦᠲᠤᠭᠡᠨ ᠪᠠᠶᠢᠭᠤᠯᠬᠤ ᠲᠦᠯᠤᠪᠯᠡᠯᠭᠡ᠂ ᠰᠠᠭᠤᠷᠢ ᠪᠦᠲᠤᠭᠡᠨ ᠪᠠᠶᠢᠭᠤᠯᠠᠬᠤ ᠲᠦᠯᠤᠪᠯᠡᠯᠭᠡ᠂ ᠠᠵᠤ ᠠᠬᠤᠶᠢᠯᠠᠯ ᠡᠷᠬᠢᠯᠡᠬᠦ ᠵᠢᠴᠢ ᠡᠳ᠋ ᠪᠠᠶᠠᠯᠢᠭ ᠢ ᠨᠡᠭᠡᠭᠡᠨ ᠠᠰᠢᠬᠠᠯᠠᠬᠤ ᠪᠡᠯᠨ ᠤᠷᠤᠭᠤᠯᠤᠯᠲᠡ ᠶᠢᠨ ᠲᠦᠯᠤᠪᠯᠡᠯᠭᠡ᠂ ᠠᠰᠢᠭ ᠤᠯᠭᠤᠮᠵᠢ ᠶᠢ ᠬᠤᠪᠢᠶᠠᠷᠢᠯᠠᠬᠤ ᠲᠦᠯᠤᠪᠯᠡᠯᠭᠡ ᠵᠡᠷᠭᠡ︔        ︵2︶ ᠭᠠᠴᠠᠭᠠᠨ ᠤ ᠡᠳ᠋ ᠤᠨ ᠶᠠᠪᠤᠲᠡᠯ ᠤᠷᠤᠯᠭ᠎ᠠ ᠵᠡᠷᠤᠯᠭ᠎ᠠ ᠶᠢᠨ ᠨᠠᠷᠢᠨ ᠪᠠᠶᠢᠲᠡᠯ᠄ ᠡᠳ᠋ ᠤᠨ ᠶᠠᠪᠤᠲᠡᠯ ᠤᠨ ᠤᠷᠤᠯᠭ᠎ᠠ ᠪᠠ ᠡᠳ᠋ ᠤᠨ ᠶᠠᠪᠤᠲᠡᠯ ᠤᠨ ᠵᠡᠷᠤᠯᠭ᠎ᠠ ᠭᠡᠵᠤ ᠬᠤᠶᠡᠷ ᠭᠡᠰᠡᠭ ᠬᠤᠪᠢᠶᠠᠨ᠎ᠠ᠃ ᠲᠡᠭᠡᠷ᠎ᠠ ᠬᠤᠭᠤᠴᠠᠭ᠎ᠠ ᠠᠴᠠ ᠰᠢᠯᠵᠢᠭᠦᠯᠤᠨ ᠢᠷᠡᠭᠰᠡᠨ ᠦᠯᠡᠲᠡᠪᠥᠷᠢ ᠮᠦᠡᠭᠬᠦ ᠨᠢ ᠤᠨᠤᠪᠴᠢᠲᠠᠢ ᠪᠠᠶᠢᠬᠤ ᠶᠢ ᠪᠡᠲᠤᠯᠡᠵᠤ᠂ ᠡᠴᠤᠰ ᠤᠨ ᠬᠤᠭᠤᠴᠠᠭᠠᠨ ᠤ ᠤᠷᠤᠯᠭ᠎ᠠ ᠵᠡᠷᠤᠯᠭ᠎ᠠ ᠶᠢᠨ ᠲᠦᠷᠤᠯ ᠪᠤᠯᠭᠠᠨ ᠢ ᠨᠠᠷᠢᠨ ᠲᠠᠩᠰᠠᠯᠠᠬᠤ ᠶᠤᠰᠤᠭᠠᠷ ᠢᠯᠨ ᠪᠤᠯᠭᠠᠬᠤ ᠴᠠᠭ ᠬᠤᠭᠤᠴᠠᠭ᠎ᠠ᠂ ᠲᠦᠷᠤᠯ ᠵᠦᠢᠯ᠂ ᠦᠯᠡᠲᠡᠪᠤᠷᠢ᠂ ᠭᠠᠷᠲᠡᠬᠰᠡᠨ ᠬᠦᠮᠤᠨ ᠢ ᠲᠤᠲᠤᠷᠬᠠᠶᠢᠯᠠᠨ᠎ᠠ᠃ ᠭᠠᠴᠠᠭᠠᠨ ᠤ ᠬᠠᠮᠲᠤ ᠶᠢᠨ ᠠᠵᠤ ᠠᠬᠤᠢ ᠢ ᠡᠵᠬᠭᠨᠡᠬᠦ ᠲᠦᠯᠤᠪᠯᠡᠯᠭᠡ᠂ ᠤᠷᠤᠯᠭ᠎ᠠ ᠵᠡᠷᠤᠯᠭ᠎ᠠ  ᠶᠢᠨ ᠪᠠᠶᠢᠲᠡᠯ ᠪᠠ ᠬᠠᠮᠲᠤ ᠶᠢᠨ ᠮᠠᠯ ᠢ ᠡᠵᠬᠭᠨᠡᠭᠰᠡᠨ ᠪᠠᠶᠢᠲᠡᠯ᠃ ᠭᠠᠴᠠᠭᠠᠨ ᠤ ᠡᠳ᠋ ᠬᠦᠷᠤᠩᠭᠡ ᠶᠢ ᠬᠤᠲᠡᠯᠲᠤᠡ ᠠᠪᠬᠤ᠂ ᠰᠡᠯᠪᠢᠨ ᠵᠠᠰᠠᠬᠤ ᠲᠦᠯᠤᠪᠯᠡᠯᠭᠡ ᠪᠠ ᠨᠠᠶᠢᠲᠡᠪᠥᠷᠢᠵᠢᠭᠤᠯᠤᠬᠰᠡᠨ ᠪᠠᠶᠢᠲᠡᠯ᠃ ᠭᠠᠴᠠᠭᠠᠨ ᠤ ᠨᠠᠶᠢᠲᠡ ᠶᠢᠨ ᠠᠰᠡᠷᠡᠮᠵᠢ ᠪᠠ ᠨᠠᠶᠢᠭᠡᠮ ᠤᠨ ᠲᠠᠭᠠᠤᠬᠠᠡᠯ ᠤᠨ ᠤᠶᠢᠯᠡᠰ ᠲᠤ ᠵᠠᠷᠤᠴᠠᠭᠤᠯᠤᠬᠰᠡᠨ ᠵᠡᠷᠤᠯᠭ᠎ᠠ ᠶᠢᠨ ᠪᠠᠶᠢᠲᠡᠯ︔        ︵3︶ ᠡᠯ᠎ᠡ ᠱᠠᠲᠤᠨ ᠤ ᠶᠠᠲᠠᠭᠤ ᠶᠢ ᠲᠡᠤᠡᠬᠦᠬᠦ ᠨᠡᠭᠡᠭᠡᠨ ᠬᠦᠭᠵᠢᠭᠦᠯᠭᠦ ᠲᠦᠷᠤᠯ ᠵᠦᠢᠯ᠂ ᠰᠢᠯᠵᠢᠬᠦᠯᠤᠨ ᠨᠡᠭᠦᠯᠭᠡᠭᠰᠡᠨ ᠮᠠᠯᠴᠢᠤᠨ ᠢ ᠲᠦᠪᠬᠢᠨᠡᠭᠦᠯᠥᠭᠰᠡᠨ᠂ ᠭᠦᠲᠡᠯᠮᠤᠷᠢ ᠪᠠᠷ ᠤᠷᠤᠯᠡᠨ ᠲᠡᠤᠡᠬᠦᠭᠰᠡᠨ ᠲᠦᠷᠤᠯ ᠵᠦᠢᠯ ᠤᠨ ᠪᠡᠯᠨ ᠤᠷᠤᠭᠤᠯᠤᠯᠲᠡ ᠶᠢ ᠬᠡᠷᠡᠭᠯᠡᠭᠰᠡᠨ ᠪᠠᠶᠢᠲᠡᠯ︔        ︵4︶ ᠲᠡᠭᠡᠲᠤ ᠱᠠᠲᠤᠨ ᠠᠴᠠ ᠪᠠᠭᠤᠯᠭᠠᠬᠰᠡᠨ ᠡᠯ᠎ᠡ ᠲᠦᠷᠤᠯ ᠤᠨ ᠪᠦᠲᠤᠭᠡᠨ ᠪᠠᠶᠢᠭᠤᠯᠤᠯᠲᠡ ᠶᠢᠨ ᠮᠦᠡᠭᠭᠦ᠂ ᠡᠳ᠋ ᠤᠨ ᠵᠠᠰᠠᠭ ᠠᠴᠠ ᠰᠢᠯᠵᠢᠬᠦᠯᠤᠨ ᠤᠯᠭᠤᠬᠤ ᠮᠦᠡᠭᠭᠦ ᠶᠢᠨ ᠵᠡᠷᠤᠬᠰᠡᠨ ᠪᠠᠶᠢᠲᠡᠯ ᠵᠢᠴᠢ ᠰᠢᠨ᠎ᠠ ᠮᠠᠯᠵᠢᠬᠤ ᠤᠷᠤᠨ ᠤ ᠪᠦᠲᠤᠭᠡᠨ ᠪᠠᠶᠢᠭᠤᠯᠬᠤ ᠲᠦᠷᠤᠯ ᠵᠦᠢᠯ ᠪᠠ ᠪᠡᠯᠨ ᠮᠦᠡᠭᠭᠦ ᠶᠢᠨ ᠬᠡᠷᠡᠭᠯᠡᠭᠰᠡᠨ ᠪᠠᠶᠢᠲᠡᠯ︔        ︵5︶ ᠨᠠᠶᠢᠭᠡᠮ ᠤᠨ ᠪᠦᠯᠬᠦᠮ᠂ ᠠᠷᠠᠤᠨ ᠤᠨ ᠲᠤᠮᠲᠡᠬᠢ ᠪᠦᠲᠤᠭᠡᠨ ᠪᠠᠶᠢᠭᠤᠯᠤᠯᠲᠡ᠂ ᠨᠠᠶᠢᠭᠡᠮ ᠬᠤᠪᠢ ᠬᠦᠮᠤᠨ ᠤ ᠲᠡᠤᠬᠦᠨ ᠲᠤᠰᠠᠯᠬᠠᠰᠡᠨ ᠵᠤᠭᠤᠰ ᠮᠦᠡᠭᠭᠦ᠂ ᠡᠳ᠋ ᠪᠤᠲᠡᠰ ᠢ ᠬᠡᠷᠡᠭᠯᠡᠭᠰᠡᠨ ᠪᠠᠶᠢᠲᠡᠯ︔        ︵6︶ ᠬᠤᠷᠤᠬᠲᠠᠯ ᠤᠨ ᠴᠢᠨᠠᠷᠲᠠᠢ ᠤᠷᠤᠯᠭ᠎ᠠ ᠵᠡᠷᠤᠯᠭ᠎ᠠ ᠶᠢᠨ ᠪᠠᠶᠢᠲᠡᠯ ᠪᠤᠯ ᠭᠤᠤᠯᠲᠠᠭᠤ᠄ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠦᠷᠨᠢᠬᠦᠯᠥᠭᠰᠡᠨ ᠡᠯ᠎ᠡ ᠲᠦᠷᠤᠯ ᠤᠨ ᠠᠵᠤ ᠠᠬᠤᠢ  ᠶᠢᠨ ᠠᠵᠢᠯᠯᠠᠭ᠎ᠠ᠂ ᠡᠳ᠋ ᠤᠨ ᠶᠠᠪᠤᠲᠡᠯ ᠤᠨ ᠲᠦᠷᠢᠮ ᠤᠨ ᠲᠤᠬᠲᠠᠭᠠᠯ ᠢᠶᠠᠷ ᠡᠬᠦᠰᠥᠭᠰᠡᠨ ᠡᠯ᠎ᠡ ᠲᠦᠷᠤᠯ ᠤᠨ ᠤᠷᠤᠯᠭ᠎ᠠ ᠵᠡᠷᠤᠯᠭ᠎ᠠ ᠶᠢᠨ ᠪᠠᠶᠢᠲᠡᠯ︔ A. ᠤᠷᠤᠯᠭ᠎ᠠ ᠶᠢᠨ ᠭᠡᠰᠡᠭ᠄ a. ᠬᠠᠮᠲᠤ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠲᠡ ᠠᠴᠠ ᠰᠢᠭᠤᠤᠨ ᠡᠵᠡᠩᠨᠡᠭᠰᠡᠨ ᠡᠯ᠎ᠡ ᠲᠦᠷᠤᠯ ᠤᠨ ᠤᠷᠤᠯᠭ᠎ᠠ︔ b. ᠬᠠᠮᠲᠤ ᠠᠴᠠ ᠡᠵᠡᠩᠨᠡᠭᠰᠡᠨ ᠵᠤᠬᠢᠶᠠᠨ ᠪᠠᠶᠢᠭᠤᠯᠤᠯᠲᠡ ᠶᠢᠨ ᠲᠡᠭᠡᠭᠰᠢ ᠲᠤᠰᠢᠶ᠋ᠬᠠᠰᠡᠨ ᠤᠷᠤᠯᠭ᠎ᠠ︔ ︵3︶ ᠪᠡᠯᠨ ᠤᠷᠤᠭᠤᠯᠤᠯᠲᠡ ᠶᠢᠨ ᠠᠰᠢᠭ ᠭᠦᠷᠲᠡᠭᠰᠡᠨ︔ c. ᠨᠦᠬᠦᠪᠥᠷᠢ ᠤᠷᠤᠯᠭ᠎ᠠ︔ d. ᠪᠤᠰᠤᠤᠨ ᠤᠷᠤᠯᠭ᠎ᠠ ︵ᠬᠦᠤ ᠮᠦᠡᠭᠭᠦ᠂ ᠲᠤᠬᠲᠠᠮᠠᠯ ᠬᠦᠷᠤᠩᠭᠡ ᠵᠢᠴᠢ ᠬᠠᠲᠠᠭᠠᠯᠠᠵᠤ ᠪᠠᠶᠢᠬᠤ ᠡᠳ᠋ ᠪᠤᠳᠡᠰ ᠤᠨ ᠪᠦᠷᠢᠤᠡᠬᠡᠯ ᠤᠨ ᠢᠯᠡᠬᠦᠲᠡᠯ ᠵᠡᠷᠭᠡ︶ B. ᠵᠠᠷᠤᠯᠭ᠎ᠠ ᠶᠢᠨ ᠭᠡᠰᠡᠭ᠄ a. ᠬᠠᠮᠲᠤ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠲᠡ ᠠᠴᠠ ᠰᠢᠭᠤᠤᠨ ᠡᠵᠡᠩᠨᠡᠭᠰᠡᠨ ᠡᠯ᠎ᠡ ᠲᠦᠷᠤᠯ ᠤᠨ ᠵᠠᠷᠤᠯᠭ᠎ᠠ︔ b. ᠬᠠᠮᠢᠶ᠋ᠷᠤᠯᠲᠡ ᠶᠢᠨ ᠵᠡᠷᠤᠲᠠᠯ ︵ᠭᠠᠴᠠᠭᠠᠨ ᠤ ᠺᠠᠲᠡᠷ ᠪᠠ ᠪᠤᠰᠤᠤᠨ ᠠᠵᠢᠯ ᠰᠠᠭᠠᠲᠤᠬᠰᠡᠨ ᠨᠦᠬᠦᠪᠤᠷᠢ ᠬᠦᠷᠲᠡᠵᠤ ᠪᠠᠶᠢᠬᠤ ᠬᠦᠮᠤᠰ ᠤᠨ ᠨᠡᠷᠡᠰ ᠵᠢᠴᠢ ᠬᠦᠯᠤᠰᠤ ᠮᠦᠡᠭᠭᠦ᠂ ᠠᠯᠪᠡᠨ ᠭᠡᠷ ᠤᠨ ᠵᠠᠷᠤᠲᠠᠯ᠂ ᠵᠠᠮ  ᠤᠨ ᠵᠠᠷᠤᠲᠠᠯ᠂ ᠬᠤᠷᠠᠯ ᠤᠨ ᠵᠠᠷᠤᠲᠠᠯ ᠵᠡᠷᠭᠡ︶︔ c. ᠪᠤᠰᠤᠤᠨ ᠵᠠᠷᠤᠯᠭ᠎ᠠ︔        ︵7︶ ᠭᠠᠴᠠᠭᠠᠨ ᠤ ᠵᠦᠪᠯᠡᠯ ᠤᠨ ᠠᠵᠢᠯᠲᠡᠨ ᠵᠢᠴᠢ ᠭᠠᠴᠠᠭᠠᠨ ᠤ ᠪᠤᠰᠤᠤᠨ ᠠᠵᠢᠯᠲᠡᠨ ᠤ ᠴᠡᠯᠢᠩ᠂ ᠱᠠᠩᠨᠠᠯ ᠤᠨ ᠮᠦᠡᠭᠭᠦ ᠤᠯᠭᠤᠬᠤ ᠪᠠᠶᠢᠳᠡᠯ︔        ︵8︶ ᠡᠯ᠎ᠡ ᠱᠠᠲᠤᠨ ᠤ ᠠᠷᠡᠤᠨ ᠤᠨ ᠵᠡᠰᠠᠭ ᠤᠨ ᠤᠷᠲᠤᠨ ᠵᠢᠴᠢ ᠰᠠᠯᠠᠭ᠎ᠠ ᠮᠦᠴᠢᠷ  ᠤᠨ ᠲᠤᠷᠤᠬᠰᠢ ᠪᠠᠭᠤᠯᠭᠠᠬᠰᠡᠨ ᠨᠦᠬᠦᠪᠥᠷᠢ ᠮᠦᠡᠭᠭᠦ ᠶᠢᠨ ᠪᠠᠶᠢᠲᠡᠯ᠄ a. ᠲᠤᠷᠤᠬᠰᠢ ᠪᠠᠭᠤᠯᠭᠠᠬᠰᠡᠨ ᠶᠠᠲᠠᠭᠤ ᠶᠢ ᠲᠡᠤᠡᠬᠦᠬᠦ ᠪᠡᠯᠨ ᠮᠦᠡᠭᠭᠦ᠂ ᠭᠠᠮᠰᠢᠭ ᠠᠴᠠ ᠠᠪᠥᠷᠬᠠᠤ ᠪᠡᠯᠨ ᠮᠦᠡᠭᠭᠦ︔ b. ᠮᠠᠯᠴᠢᠤᠨ ᠤᠨ ᠬᠠᠮᠤᠭ ᠲᠤᠤᠷᠡᠲᠤ ᠠᠮᠢᠲᠤᠷᠡᠯ ᠤᠨ ᠪᠠᠲᠤᠯᠠᠭ᠎ᠠ ᠶᠢᠨ ᠮᠦᠡᠭᠭᠦ︔ c. ᠮᠠᠯ ᠠᠵᠤ ᠠᠬᠤᠢ ᠶᠢᠨ ᠲᠦᠷᠤᠯ ᠵᠦᠢᠯ ᠤᠨ ᠵᠤᠬᠢᠶᠠᠨ ᠪᠠᠶᠢᠭᠤᠯᠤᠯᠲᠡ ᠶᠢᠨ ᠪᠡᠯᠨ ᠮᠦᠡᠭᠭᠦ︔ d. ᠪᠤᠰᠤᠤᠨ ᠲᠤᠷᠤᠬᠰᠢ ᠪᠠᠭᠤᠯᠭᠠᠬᠰᠡᠨ ᠨᠦᠬᠦᠪᠥᠷᠢ ᠮᠦᠡᠭᠭᠦ︔        ︵9︶ ᠨᠤᠲᠤᠭ ᠪᠡᠯᠴᠢᠭᠡᠷ ᠢ ᠠᠯᠪᠡᠨ ᠳᠤ ᠲᠠᠲᠠᠵᠤ ᠭᠡᠷᠡᠭᠯᠡᠭᠦ ᠳᠤ ᠨᠦᠬᠦᠪᠤᠷᠢᠯᠡᠭᠰᠡᠨ ᠨᠦᠬᠦᠪᠥᠷᠢ ᠮᠦᠡᠭᠭᠦ ᠶᠢᠨ ᠬᠠᠮᠢᠶᠡᠷᠤᠯᠲᠡ ᠵᠢᠴᠢ ᠬᠤᠪᠢᠶᠠᠷᠢᠯᠡᠨ ᠬᠡᠷᠡᠭᠯᠡᠭᠰᠡᠨ ᠪᠠᠶᠢᠲᠡᠯ᠄ a. ᠨᠤᠲᠤᠭ ᠪᠡᠯᠴᠢᠭᠡᠷ ᠤᠨ ᠨᠦᠬᠦᠪᠥᠷᠢ︔ b. ᠬᠦᠲᠡᠯᠮᠤᠷᠢ ᠬᠦᠴᠤ ᠶᠢ ᠲᠦᠪᠬᠢᠨᠡᠬᠦᠯᠥᠭᠰᠡᠨ ᠨᠦᠬᠦᠪᠥᠷᠢ︔ c. ᠭᠠᠵᠡᠷ ᠲᠡᠭᠡᠷᠡᠬᠢ ᠲᠠᠭᠠᠯᠲᠤᠬᠰᠡᠨ ᠪᠦᠬᠦᠢ ᠪᠤᠲᠡᠰ ᠤᠨ ᠨᠦᠬᠦᠪᠥᠷᠢ︔        ︵10︶ ᠲᠡᠭᠡᠲᠤ ᠱᠠᠲᠤᠨ ᠤ ᠬᠢᠨᠠᠨ ᠪᠠᠶᠢᠴᠠᠭᠠᠬᠤ ᠰᠠᠯᠠᠭ᠎ᠠ ᠮᠦᠴᠢᠷ ᠤᠨ ᠭᠠᠴᠠᠭᠠᠨ  ᠤ ᠡᠳ᠋ ᠤᠨ ᠶᠠᠪᠥᠲᠡᠯ ᠳᠤ ᠡᠩ ᠤᠨ ᠬᠢᠨᠠᠯᠲᠡ ᠲᠠᠯᠪᠢᠬᠰᠡᠨ ᠪᠠ ᠲᠤᠰᠬᠠᠢ ᠬᠢᠨᠠᠯᠲᠡ ᠲᠠᠯᠪᠢᠬᠰᠡᠨ ᠪᠠᠶᠢᠲᠡᠯ︔         ︵ᠭᠤᠷᠪᠠ︶ ᠭᠠᠴᠠᠭᠠᠨ ᠤ ᠶᠠᠪᠥᠲᠡᠯ ᠢ ᠢᠯᠨ ᠪᠤᠯᠭᠠᠬᠤ ᠦᠡᠲᠤᠰᠤᠨ ᠬᠡᠯᠪᠡᠷᠢ       ᠡᠯ᠎ᠡ ᠭᠠᠴᠠᠭᠠᠨ ᠤ ᠺᠠᠲᠡᠷᠴᠤᠤᠨ ᠨᠢ ᠪᠤᠲᠡᠲᠤ ᠪᠠᠶᠢᠲᠡᠯ ᠲᠠᠢ ᠪᠠᠨ ᠤᠶᠡᠯᠲᠤᠭᠤᠯᠤᠨ ᠴᠤᠬᠤᠮ ᠬᠦ᠋ ᠬᠡᠷᠡᠭᠴᠡᠭᠡᠲᠠᠢ ᠮᠦᠷᠲᠠᠭᠡᠨ ᠪᠤᠲᠡᠲᠠᠢ ᠦᠢᠯᠡᠲᠤᠯ ᠦᠵᠡᠬᠦᠯᠬᠦ ᠵᠡᠷᠴᠢᠮ ᠢ ᠪᠠᠷᠢᠮᠲᠠᠯᠠᠨ᠂ ᠤᠯᠠᠨ ᠲᠦᠮᠠᠨ ᠤ ᠬᠢᠯᠪᠠᠷᠬᠠᠨ ᠦᠵᠡᠭᠲᠡᠲᠡᠭ ᠲᠤᠬᠲᠠᠬᠰᠡᠨ ᠭᠠᠵᠡᠷ ᠭᠠᠴᠠᠭᠠᠨ ᠤ ᠢᠯᠨ ᠪᠤᠯᠭᠠᠬᠤ ᠰᠠᠮᠪᠡᠷ᠎ᠠ ᠢ ᠪᠠᠶᠢᠭᠤᠯᠤᠨ᠂ ᠡᠬᠦᠨ ᠤ ᠬᠠᠮᠲᠤ ᠵᠢᠷᠤᠬᠲᠤ ᠷᠡᠲᠢᠤ᠋᠂ ᠲᠤᠤᠷ ᠰᠦᠯᠵᠢᠶ᠎ᠠ᠂ ᠲᠤᠲᠤᠷᠬᠠᠶᠢᠯᠠᠬᠤ ᠬᠠᠭᠤᠲᠠᠰᠤ᠂ ᠠᠷᠠᠤᠠᠴᠢᠯᠡᠯ ᠢᠶᠠᠷ ᠰᠠᠨᠠᠯ ᠲᠤᠷᠠᠲᠤᠯᠭ᠎ᠠ ᠰᠤᠨᠤᠰᠠᠬᠤ ᠬᠤᠷᠡᠯ ᠬᠢᠬᠦ ᠵᠡᠷᠭᠡ ᠪᠦᠲᠤᠮᠵᠢᠲᠠᠢ ᠠᠷᠭ᠎ᠠ ᠬᠡᠯᠪᠡᠷᠢ ᠪᠠᠷ ᠢᠯᠨ ᠪᠤᠯᠭᠠᠵᠤ ᠪᠤᠯᠤᠨ᠎ᠠ᠃ ᠤᠲᠤᠬᠢᠴᠢᠯᠬᠰᠡᠨ ᠰᠢᠡᠵᠢᠯᠡᠬᠦ ᠤᠬᠠᠭᠠᠴᠢ ᠮᠡᠷᠭᠡᠵᠢᠯ ᠢ ᠪᠦᠷᠢᠨ ᠠᠰᠢᠬᠠᠯᠨ ᠭᠠᠴᠠᠭᠠᠨ ᠤ ᠶᠠᠪᠤᠲᠠᠯ ᠢ ᠢᠯᠨ ᠪᠤᠯᠭᠠᠬᠤ ᠪᠦᠲᠤᠮᠵᠢᠲᠠᠢ ᠠᠷᠭ᠎ᠠ ᠬᠡᠯᠪᠡᠷᠢ ᠶᠢ ᠬᠠᠶᠢᠨ ᠰᠦᠪᠡᠭᠴᠢᠯᠡᠬᠦ ᠬᠡᠷᠡᠭᠲᠠᠢ᠃        ︵ᠲᠦᠷᠪᠡ︶ ᠭᠠᠴᠠᠭᠠᠨ ᠤ ᠶᠠᠪᠥᠲᠡᠯ ᠢ ᠢᠯᠨ ᠪᠤᠯᠭᠠᠬᠤ ᠦᠡᠲᠤᠰᠤᠨ ᠠᠯᠠᠬᠤᠮ ᠲᠠᠷᠠᠭ᠎ᠠ ᠵᠢᠴᠢ ᠢᠯᠨ ᠪᠤᠯᠭᠠᠬᠤ ᠴᠠᠭ ᠬᠤᠭᠤᠴᠠᠭ᠎ᠠ          1. ᠭᠠᠴᠠᠭᠠᠨ ᠤ ᠶᠠᠪᠥᠲᠡᠯ ᠢ ᠢᠯᠨ ᠪᠤᠯᠭᠠᠬᠤ ᠦᠡᠲᠤᠰᠤᠨ ᠠᠯᠬᠤᠮ ᠲᠠᠷᠠᠭ᠎ᠠ        ︵1︶ ᠭᠠᠴᠠᠭᠠᠨ ᠤ ᠵᠦᠪᠯᠡᠯ ᠨᠢ ᠲᠤᠰ ᠭᠠᠴᠠᠭᠠᠨ ᠤ ᠪᠠᠨ ᠪᠤᠲᠡᠲᠤ ᠪᠠᠶᠢᠲᠡᠯ ᠠᠴᠠ ᠡᠬᠦᠰᠤᠨ ᠬᠠᠤᠯᠢ ᠴᠠᠭᠠᠵᠨ ᠪᠠ ᠲᠦᠷᠤ ᠶᠢᠨ ᠪᠤᠲᠤᠯᠭ᠎ᠠ ᠶᠢᠨ ᠱᠠᠭᠠᠷᠳᠠᠯᠭ᠎ᠠ ᠶᠢ ᠦᠡᠲᠤᠰᠤᠯᠡᠨ ᠭᠠᠴᠠᠭᠠᠨ ᠤ ᠢᠯᠨ ᠪᠤᠯᠭᠠᠬᠤ ᠪᠤᠲᠡᠲᠠᠢ ᠲᠦᠰᠤᠪ ᠢ ᠲᠤᠷᠡᠲᠤᠨ᠎ᠠ᠃        ︵2︶ ᠭᠠᠴᠠᠭᠠᠨ ᠤ ᠶᠠᠪᠥᠲᠡᠯ ᠢ ᠢᠯᠨ ᠪᠤᠯᠭᠠᠬᠤ ᠳᠤ ᠬᠢᠨᠠᠯᠲᠡ ᠲᠠᠯᠪᠢᠬᠤ ᠲᠤᠭᠤᠶᠢᠯᠡᠩ ᠨᠢ ᠲᠦᠰᠤᠪ ᠤᠨ ᠠᠭᠤᠯᠭ᠎ᠠ ᠢ ᠬᠢᠨᠠᠨ ᠪᠠᠶᠢᠴᠠᠭᠠᠵᠤ ᠨᠦᠬᠦᠪᠤᠷᠢᠯᠡᠨ ᠪᠦᠷᠢᠨ ᠬᠥᠢᠴᠡᠤᠨ ᠪᠤᠯᠭᠠᠬᠰᠡᠨ  ᠤ ᠲᠠᠷᠠᠭ᠎ᠠ ᠭᠠᠴᠠᠭᠠᠨ ᠤ ᠨᠠᠮ ᠤᠨ ᠡᠭᠦᠷ ᠪᠠ ᠭᠠᠴᠠᠭᠠᠨ ᠤ ᠵᠦᠪᠯᠡᠯ ᠤᠨ ᠬᠠᠷᠢᠯᠴᠠᠬᠤ ᠬᠤᠷᠡᠯ ᠳᠤ ᠲᠠᠪᠰᠢᠬᠦᠯᠤᠨ ᠶᠠᠷᠢᠯᠴᠡᠨ ᠲᠤᠬᠲᠠᠭᠠᠨ᠎ᠠ᠃        ︵3︶ ᠭᠠᠴᠠᠭᠠᠨ ᠤ ᠵᠦᠪᠯᠡᠯ ᠨᠢ ᠭᠠᠴᠠᠭᠠᠨ ᠤ ᠢᠯᠨ ᠪᠤᠯᠭᠠᠬᠤ ᠰᠠᠮᠪᠡᠷ᠎ᠠ ᠶᠢᠨ ᠬᠡᠯᠪᠡᠷᠢ ᠪᠠᠷ ᠴᠠᠭ ᠲᠤᠬᠠᠢ ᠳᠤᠨᠢ ᠢᠯᠨ ᠪᠤᠯᠭᠠᠨ᠎ᠠ᠃         2. ᠭᠠᠴᠠᠭᠠᠨ ᠤ ᠶᠠᠪᠥᠲᠡᠯ ᠢ ᠢᠯᠨ ᠪᠤᠯᠭᠠᠬᠤ ᠴᠠᠭ ᠬᠤᠭᠤᠴᠠᠭ᠎ᠠ ᠶᠡᠷᠤ ᠶᠢᠨ ᠭᠠᠴᠠᠭᠠᠨ ᠤ ᠬᠡᠷᠡᠭ ᠶᠠᠪᠤᠲᠠᠯ ᠢ ᠤᠯᠡᠷᠢᠯ ᠪᠦᠷᠢ ᠨᠢᠭᠡ ᠤᠲᠠᠭ᠎ᠠ ᠢᠯᠨ ᠪᠤᠯᠭᠠᠵᠤ᠂ ᠮᠠᠯᠴᠢᠤᠨ ᠤᠨ ᠡᠷᠬᠡ ᠠᠰᠢᠭ ᠲᠤ ᠬᠤᠯᠪᠤᠬᠲᠠᠬᠤ ᠲᠤᠮᠤ ᠠᠰᠠᠭᠤᠲᠡᠯ ᠪᠤᠶᠤ ᠤᠯᠠᠨ ᠲᠦᠮᠠᠨ ᠤ ᠰᠠᠨᠠᠭᠠᠴᠢᠯᠠᠵᠤ ᠪᠠᠶᠢᠭ᠎ᠠ ᠬᠡᠷᠡᠭ ᠶᠠᠪᠤᠲᠠᠯ ᠢ ᠴᠠᠭ ᠲᠤᠬᠠᠢ ᠳᠤᠨᠢ ᠢᠯᠨ ᠪᠤᠯᠭᠠᠬᠤ ᠬᠡᠷᠡᠭᠲᠠᠢ᠃ ᠬᠠᠮᠲᠤ ᠶᠢᠨ ᠡᠳ᠋ ᠤᠨ ᠶᠠᠪᠤᠲᠠᠯ ᠤᠨ ᠬᠠᠷᠢᠯᠴᠠᠭ᠎ᠠ ᠠᠷᠪᠢᠨ ᠭᠠᠴᠠᠭ᠎ᠠ ᠨᠢ ᠡᠳ᠋ ᠤᠨ ᠶᠠᠪᠤᠲᠠᠯ ᠤᠨ ᠤᠷᠤᠯᠭ᠎ᠠ ᠵᠡᠷᠤᠯᠭ᠎ᠠ ᠶᠢᠨ ᠪᠠᠶᠢᠲᠡᠯ ᠢ ᠰᠠᠷ᠎ᠠ ᠪᠦᠷᠢ ᠨᠢᠭᠡ ᠤᠲᠠᠭ᠎ᠠ ᠨᠡᠶᠢᠲᠠᠯᠡᠨ᠎ᠠ᠃         3. ᠭᠠᠴᠠᠭᠠᠨ ᠤ ᠶᠠᠪᠥᠲᠡᠯ ᠢ ᠢᠯᠨ ᠪᠤᠯᠭᠠᠬᠤ ᠠᠵᠢᠯ ᠤᠨ ᠠᠩᠬᠠᠷᠬᠤ ᠵᠦᠢᠯ         ︵1︶ ᠢᠯᠨ ᠪᠤᠯᠭᠠᠬᠤ ᠠᠴᠠ ᠡᠮᠤᠨᠡᠬᠢ ᠪᠡᠯᠡᠤᠡᠬᠡᠯ ᠠᠵᠢᠯ         ᠨᠢᠭᠡ᠄ ᠢᠯᠨ ᠪᠤᠯᠭᠠᠬᠤ ᠠᠭᠤᠯᠭ᠎ᠠ ᠪᠠᠨ ᠲᠤᠬᠲᠠᠭᠠᠨ᠎ᠠ᠃ ᠮᠠᠨ ᠤ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠨ ᠲᠦᠷᠤ ᠶᠢᠨ ᠪᠤᠲᠤᠯᠭ᠎ᠠ ᠢ ᠦᠡᠲᠤᠰᠤᠯᠡᠨ᠂ ᠲᠤᠰᠬᠠᠢ ᠠᠵᠢᠯ ᠤᠨ ᠺᠠᠲᠡᠷ ᠠᠴᠠ ᠭᠠᠴᠠᠭᠠᠨ ᠤ ᠶᠠᠪᠤᠲᠠᠯ ᠢ ᠢᠯᠨ ᠪᠤᠯᠭᠠᠬᠤ ᠠᠭᠤᠯᠭ᠎ᠠ ᠶᠢ ᠲᠦᠰᠤᠪᠯᠡᠨ ᠭᠠᠷᠭᠠᠵᠤ᠂ ᠭᠠᠴᠠᠭᠠᠨ ᠤ ᠭᠤᠤᠯ ᠬᠠᠷᠢᠭᠤᠴᠡᠯᠭᠠᠲᠡᠨ ᠠᠴᠠ ᠭᠠᠷ ᠤᠨ ᠦᠰᠤᠭ᠌ ᠵᠢᠷᠤᠵᠤ᠂ ᠲᠠᠷᠠᠭ᠎ᠠ ᠨᠢ ᠭᠠᠴᠠᠭᠠᠨ ᠤ ᠶᠠᠪᠥᠲᠡᠯ ᠢ ᠢᠯᠨ ᠪᠤᠯᠭᠠᠬᠤ ᠳᠤ ᠬᠢᠨᠠᠯᠲᠡ ᠲᠠᠯᠪᠢᠬᠤ ᠲᠤᠭᠤᠶᠢᠯᠡᠩ ᠠᠴᠠ ᠬᠢᠨᠠᠨ ᠪᠠᠶᠢᠴᠠᠭᠠᠵᠤ ᠢᠯᠨ ᠪᠤᠯᠭᠠᠬᠤ ᠠᠭᠤᠯᠭ᠎ᠠ ᠶᠢ ᠬᠠᠷᠭᠤᠭᠤᠯᠤᠨ ᠬᠢᠨᠠᠨ᠎ᠠ᠃          ᠬᠤᠶᠠᠷ᠄ ᠭᠠᠴᠠᠭᠠᠨ ᠤ ᠶᠠᠪᠤᠲᠠᠯ ᠢ ᠢᠯᠨ ᠪᠤᠯᠭᠠᠬᠤ ᠬᠡᠯᠪᠡᠷᠢ ᠶᠢ ᠰᠤᠩᠭᠤᠬᠤ  ᠳᠠᠭᠠᠨ ᠭᠠᠴᠠᠭᠠᠨ ᠤ ᠶᠠᠪᠤᠲᠠᠯ ᠢ ᠢᠯᠨ ᠪᠤᠯᠭᠠᠬᠤ ᠠᠭᠤᠯᠭ᠎ᠠ ᠵᠢᠴᠢ ᠲᠤᠰ ᠭᠠᠴᠠᠭᠠᠨ ᠤ ᠪᠤᠲᠡᠲᠠᠢ ᠪᠠᠶᠢᠲᠡᠯ ᠨᠦᠬᠦᠴᠡᠯ ᠠᠴᠠ ᠭᠠᠷᠲᠠᠨ᠂ ᠭᠠᠴᠠᠭᠠᠨ ᠤ ᠮᠠᠯᠴᠢᠤᠨ ᠤᠨ ᠠᠵᠢᠯ ᠠᠮᠢᠲᠤᠷᠡᠯ ᠤᠨ ᠤᠡᠴᠠᠯᠢᠭ ᠲᠠᠢ ᠨᠢ ᠵᠤᠬᠢᠴᠠᠭᠤᠯᠵᠤ ᠢᠯᠨ ᠪᠤᠯᠭᠠᠬᠤ ᠠᠷᠭ᠎ᠠ ᠬᠡᠯᠪᠡᠷᠢ ᠪᠠᠨ ᠲᠤᠬᠲᠠᠭᠠᠵᠤ᠂ ᠲᠠᠷᠠᠭ᠎ᠠ ᠳᠤᠨᠢ ᠭᠠᠴᠠᠭᠠᠨ ᠵᠦᠪᠯᠡᠯ ᠠᠴᠠ ᠬᠠᠷᠢᠭᠤᠴᠠᠨ ᠭᠠᠴᠠᠭᠠᠨ ᠤ ᠶᠠᠪᠤᠲᠠᠯ ᠢ ᠢᠯᠨ ᠪᠤᠯᠭᠠᠨ᠎ᠠ᠃         ᠤᠡᠴᠤᠭᠤᠶᠢᠯᠠᠨ ᠡᠳ᠋ ᠤᠨ ᠶᠠᠪᠤᠲᠡᠯ ᠢ ᠢᠯᠨ ᠪᠤᠯᠭᠠᠬᠤ ᠳᠤ ᠵᠠᠪᠠᠯ ᠪᠦᠷᠢᠨ ᠲᠡᠭᠦᠯᠲᠡᠷ ᠪᠡᠯᠡᠤᠡᠬᠡᠯ ᠬᠢᠬᠦ ᠬᠡᠷᠡᠭᠲᠠᠢ᠃ ᠡᠷᠬᠡᠪᠰᠢ ᠡᠳ᠋ ᠤᠨ ᠶᠠᠪᠤᠲᠡᠯ ᠤᠨ ᠬᠠᠮᠢᠶᠡᠷᠤᠯᠲᠡ ᠶᠢᠨ ᠲᠦᠷᠢᠮ᠂ ᠠᠷᠡᠤᠡᠴᠢᠯᠡᠯ ᠢᠶᠠᠷ ᠡᠳ᠋ ᠤᠨ ᠶᠠᠪᠤᠲᠡᠯ ᠢ ᠬᠠᠮᠢᠶᠠᠷᠬᠤ ᠲᠦᠷᠢᠮ ᠵᠡᠷᠭᠡ ᠶᠢ ᠵᠢᠷᠤᠮᠯᠡᠨ ᠰᠠᠬᠢᠵᠤ᠂ ᠵᠢᠯ ᠤᠨ ᠡᠴᠤᠰ ᠤᠨ ᠲᠠᠰᠤᠯᠤᠨ ᠪᠤᠲᠤᠬᠤ ᠦᠶ᠎ᠠ ᠳᠤ ᠮᠠᠯᠴᠢᠤᠨ ᠤᠨ ᠲᠦᠯᠤᠭᠡᠯᠡᠭᠴᠢ ᠶᠢ ᠤᠷᠢᠵᠤ ᠠᠵᠤ ᠠᠬᠤᠢ ᠶᠢᠨ ᠲᠠᠩᠰᠨ᠂ ᠪᠡᠯᠨ ᠮᠦᠡᠭᠬᠦ᠂ ᠡᠳ᠋ ᠪᠤᠲᠡᠰ ᠵᠡᠷᠭᠡ ᠶᠢ ᠬᠢᠨᠠᠨ ᠪᠠᠶᠢᠴᠠᠭᠠᠵᠤ ᠤᠯᠠᠨ ᠳᠤ ᠨᠠᠶᠢᠲᠠᠯᠠᠨ᠎ᠠ᠃ ᠡᠷᠬᠡᠪᠰᠢ ᠡᠳ᠋ ᠤᠨ ᠶᠠᠪᠤᠲᠡᠯ ᠢ ᠬᠢᠨᠠᠨ ᠵᠦᠪᠰᠢᠶᠡᠷᠠᠬᠦ ᠲᠦᠷᠢᠮ ᠢ ᠵᠢᠷᠤᠮᠯᠠᠨ ᠰᠠᠬᠢᠵᠤ᠂ ᠤᠷᠤᠯᠭ᠎ᠠ ᠳᠤ ᠪᠠᠷᠢᠮᠲᠡ ᠲᠠᠢ᠂ ᠵᠠᠷᠤᠯᠭ᠎ᠠ ᠳᠤ ᠭᠡᠷᠡᠴᠢ ᠲᠠᠢ ᠪᠠᠶᠢᠬᠤ ᠶᠢ ᠪᠠᠲᠤᠯᠠᠨ᠂ ᠤᠲᠠᠭ᠎ᠠ ᠪᠦᠷᠢ ᠶᠢᠨ ᠵᠠᠷᠤᠴᠠᠭᠤᠯᠤᠬᠰᠡᠨ ᠵᠠᠷᠤᠯᠭ᠎ᠠ ᠶᠢᠨ ᠡᠬᠢᠨ ᠤ ᠪᠠᠷᠢᠮᠲᠡ ᠶᠢ ᠭᠤᠤᠯ ᠬᠠᠷᠢᠭᠤᠴᠠᠯᠭᠠᠲᠡᠨ ᠠᠴᠠ ᠬᠢᠨᠠᠨ ᠵᠦᠪᠰᠢᠶᠠᠷᠠᠵᠤ ᠭᠠᠷ ᠤᠨ ᠦᠰᠤᠭ᠌ ᠵᠢᠷᠤᠮᠬᠴᠢᠨ ᠰᠠᠶ᠋ᠢ ᠲᠠᠩᠰᠨ ᠳᠤ ᠤᠷᠤᠭᠤᠯᠤᠨ ᠲᠠᠩᠰᠨ ᠠᠴᠠ ᠦᠭᠡᠶᠢᠰᠬᠡᠵᠤ ᠪᠤᠯᠤᠨ᠎ᠠ᠃ ᠵᠠᠷᠤᠯᠭ᠎ᠠ ᠶᠢᠨ ᠲᠤᠭ᠎ᠠ ᠶᠡᠭᠡ ᠪᠤᠯ ᠵᠠᠪᠡᠯ ᠤᠯᠠᠨ ᠪᠠᠷ ᠢᠶᠠᠨ ᠶᠠᠷᠢᠯᠴᠡᠨ ᠬᠢᠨᠠᠨ ᠵᠦᠪᠰᠢᠶᠡᠷᠡᠵᠤ᠂ ᠬᠢᠨᠠᠨ ᠵᠦᠪᠰᠢᠶᠠᠷᠡᠭᠰᠡᠨ ᠭᠠᠷ ᠤᠨ ᠦᠰᠤᠭ᠌ ᠵᠢᠷᠤᠬᠰᠡᠨ ᠦᠬᠡᠢ ᠪᠠᠷᠢᠮᠲᠡ ᠶᠢ ᠲᠠᠩᠰᠨ ᠳᠤ ᠤᠷᠤᠭᠤᠯᠵᠤ ᠪᠤᠯᠬᠤ ᠦᠬᠡᠢ᠂ ᠪᠡᠯᠨ ᠮᠦᠡᠭᠬᠦ ᠭᠠᠷᠭᠠᠵᠤ ᠴᠤ ᠪᠤᠯᠬᠤ ᠦᠬᠡᠢ᠃ ᠲᠠᠩᠰᠨ ᠠᠴᠠ ᠭᠠᠲᠠᠨ᠎ᠠ ᠤᠷᠤᠯᠭ᠎ᠠ ᠵᠠᠷᠤᠯᠭ᠎ᠠ ᠶᠢᠨ ᠠᠵᠢᠯᠯᠠᠭ᠎ᠠ ᠪᠠᠶᠢᠵᠤ ᠪᠤᠯᠬᠤ ᠦᠬᠡᠢ᠃ ᠭᠠᠴᠠᠭᠠᠨ ᠤ ᠶᠠᠪᠤᠲᠡᠯ ᠢ ᠢᠯᠨ ᠪᠤᠯᠭᠠᠬᠤ ᠠᠵᠢᠯ ᠤᠨ ᠪᠦᠬᠦ ᠶᠠᠪᠥᠴᠨ ᠶᠢ ᠴᠦᠮ ᠬᠤᠷᠡᠯ ᠤᠨ ᠲᠡᠮᠲᠡᠭᠯᠡᠯ ᠬᠢᠬᠦ ᠬᠡᠷᠡᠭᠲᠠᠢ᠃         ︵2︶ ᠢᠯᠨ ᠪᠤᠯᠭᠠᠬᠰᠡᠨ ᠤ ᠲᠠᠷᠠᠭ᠎ᠠ ᠬᠢᠬᠦ ᠠᠵᠢᠯ         ᠭᠠᠴᠠᠭᠠᠨ ᠤ ᠶᠠᠪᠤᠲᠡᠯ ᠢ ᠢᠯᠨ ᠪᠤᠯᠭᠠᠬᠰᠡᠨ ᠤ ᠲᠠᠷᠠᠭ᠎ᠠ᠄ 1. ᠲᠤᠰᠬᠠᠢ ᠠᠵᠢᠯ  ᠤᠨ ᠭᠦᠮᠤᠨ ᠲᠤᠮᠢᠯᠡᠵᠤ᠂ ᠮᠠᠯᠴᠢᠤᠨ ᠤᠨ ᠲᠤᠷᠡᠲᠤᠬᠰᠡᠨ ᠠᠰᠠᠭᠤᠲᠡᠯ ᠳᠤ ᠬᠠᠷᠢᠭᠤᠯᠲᠡ ᠦᠭᠬᠦᠨ᠎ᠠ᠃ 2. ᠢᠯᠨ ᠪᠤᠯᠭᠠᠬᠰᠡᠨ ᠠᠭᠤᠯᠭ᠎ᠠ ᠶᠢᠨ ᠠᠯᠲᠠᠭ᠎ᠠ ᠪᠤᠷᠤᠭᠤ ᠲᠠᠢ ᠵᠦᠢᠯ ᠶᠢ ᠲᠡᠷᠨ ᠲᠠᠷᠤᠢ ᠳᠤᠨᠢ ᠵᠠᠯᠠᠷᠠᠭᠤᠯᠤᠨ᠎ᠠ᠃ 3. ᠢᠯᠨ ᠪᠤᠯᠭᠠᠬᠰᠡᠨ ᠲᠠᠩᠰᠨ ᠡᠪᠬᠡᠮᠡᠯ ᠪᠠᠶᠢᠭᠤᠯᠵᠤ ᠬᠠᠲᠠᠭᠠᠯᠡᠨ᠎ᠠ᠃
 
ᠢᠷᠡᠯᠲᠡ᠄ ᠠᠷᠠᠳ ᠤᠨ ᠶᠠᠪᠤᠳᠠᠯ ᠤᠨ ᠲᠤᠪᠴᠢᠶ᠎ᠠ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号