ᠴᠠᠭᠠᠨ ᠬᠡᠬᠡᠨ — ᠵᠡᠮᠢᠶᠡᠯᠢᠭᠰᠢᠳᠵᠠᠮᠰᠦ ᠶᠢᠨ ᠲᠤᠪᠴᠢ ᠨᠠᠮᠳᠠᠷ | ᠴᠠᠭᠠᠨ ᠬᠡᠬᠡᠨ ᠪᠤᠯ ᠴᠠᠭᠠᠨ ᠤᠪᠤᠭ᠎ᠠ ᠰᠦᠮ᠎ᠡ ᠶᠢᠨ ᠲᠠᠪᠤᠳᠤᠭᠠᠷ ᠲᠦᠷᠢ ᠶᠢᠨ ᠬᠡᠬᠡᠨ · ᠤᠭ ᠨᠡᠷ᠎ᠡ ᠨᠢ | ᠵᠡᠮᠢᠶᠡᠯᠢᠭᠰᠢᠳᠵᠠᠮᠰᠦ᠃ | 1887 ᠤᠨ ᠤ 10 ᠰᠠᠷ᠎ᠠ 3 ᠳᠤ ᠰᠦᠨᠢᠳ ᠵᠡᠬᠦᠨ ᠭᠠᠷ ᠤᠨ ᠬᠤᠰᠢᠭᠤᠨ ᠤ ᠶᠡᠭᠡ ᠴᠠᠭᠠᠨ ᠰᠤᠮᠤᠨ ᠤ | ᠬᠤᠨᠭ᠍ᠭᠤᠷ ᠤᠪᠤᠭᠠᠨ ᠤ ᠤᠷᠤ ᠳᠤ ᠬᠠᠷ᠎ᠠ ᠲᠡᠰ ᠬᠡᠰᠡᠨ ᠭᠠᠵᠠᠷ ᠡᠬᠡ ᠨᠠᠮᠠᠪᠷᠠᠢ ᠶᠢᠨ ᠬᠦᠤ ᠪᠤᠯᠤᠨ ᠵᠠᠶᠠᠭᠠᠵᠠᠢ᠃ | 1891 ᠤᠨ ᠳᠤ᠂ ᠴᠠᠭᠠᠨ ᠤᠪᠤᠭ᠎ᠠ ᠰᠦᠮ᠎ᠡ ᠶᠢᠨ ᠲᠦᠷᠪᠡᠳᠦᠭᠡᠷ ᠲᠦᠷᠢ ᠶᠢᠨ ᠬᠡᠭᠡᠨ ᠵᠠᠮᠪᠠᠵᠠᠮᠰᠤ ᠶᠢᠨ | ᠬᠤᠪᠢᠯᠭᠠᠨ ᠲᠠᠪᠤᠳᠤᠭᠠᠷ ᠲᠦᠷᠢ ᠶᠢᠨ ᠭᠡᠭᠡᠨ ᠢᠶᠠᠷ ᠲᠠᠪᠤᠨ ᠨᠠᠰᠤᠨ ᠳᠠᠭᠠᠨ ᠴᠠᠭᠠᠨ ᠤᠪᠤᠭ᠎ᠠ ᠰᠦᠮ᠎ᠡ ᠳᠤ | ᠵᠠᠯᠠᠭᠳᠠᠵᠠᠢ᠃ | 1891 — 1901 ᠤᠨ ᠬᠦᠷᠳᠡᠯ᠎ᠡ ᠴᠠᠭᠠᠨ ᠤᠪᠤᠭ᠎ᠠ ᠰᠦᠮ᠎ᠡ ᠶᠢᠨ ᠬᠡᠭᠡᠨ ᠯᠠᠪᠷᠦ᠋ᠡᠭ ᠳᠠᠭᠠᠨ ᠨᠠᠭᠰᠢ | ᠡᠷᠳᠡᠨᠢᠰᠠᠩᠵᠠᠪ ᠤᠨ ᠭᠠᠷ ᠲᠡᠭᠡᠷ᠎ᠡ ᠮᠤᠩᠭᠤᠯ ᠲᠦᠪᠡᠳ ᠨᠤᠮ ᠰᠣᠷᠴᠦ᠂ ᠱᠠᠰᠢᠨ ᠤ ᠨᠤᠮ ᠰᠣᠷᠣᠯᠴᠠᠨ | ᠰᠦᠮ᠎ᠡ ᠳᠡᠭᠡᠨ ᠰᠠᠭᠤᠪᠠ᠃ | 1906 ᠤᠨ ᠳᠤ ᠪᠤᠭᠳᠠ ᠶᠢᠨ ᠬᠦᠷᠢᠶᠡᠨ ᠳᠤ ᠠᠷᠪᠠᠨ ᠭᠤᠷᠪᠠᠳᠤᠭᠠᠷ ᠲᠦᠷᠢ ᠶᠢᠨ ᠲᠠᠯᠠᠢ ᠪᠤᠭᠳᠠ ᠲᠠᠢ | ᠠᠭᠤᠯᠵᠠᠵᠦ᠂ ᠺᠠᠮᠪᠤ ᠶᠢᠨ ᠬᠡᠷᠭᠡᠮ ᠬᠦᠷᠳᠡᠪᠡᠢ᠃ ᠲᠤᠰ ᠵᠢᠯ ᠳᠡᠭᠡᠨ ᠬᠦᠬᠡᠨᠠᠭᠤᠷ ᠮᠤᠵᠢ ᠶᠢᠨ ᠬᠦᠮᠪᠦᠮ ᠬᠡᠶᠢᠳ ᠢᠶᠠᠷ | ᠶᠠᠪᠤᠵᠦ ᠮᠦᠷᠬᠦᠯ ᠬᠢᠵᠦ ᠨᠤᠮ ᠪᠢᠰᠢᠯᠭᠠᠪᠠᠢ᠃ | 1907 ᠤᠨ ᠳᠤ ᠯᠾᠠᠰᠠ ᠬᠡᠶᠢᠳ ᠲᠤ ᠬᠦᠷᠴᠦ᠂ ᠲᠠᠯᠠᠢ ᠪᠤᠭᠳᠠ ᠠᠴᠠ ᠤᠯᠠᠭᠠᠨ ᠵᠠᠯᠠᠭ᠎ᠠ ᠬᠦᠷᠳᠡᠵᠦ᠂ | ᠴᠤᠷᠵᠢ ᠺᠠᠮᠪᠤ ᠶᠢᠨ ᠴᠤᠯᠠ ᠡᠷᠬᠦᠮᠵᠢᠯᠡᠭᠳᠡᠪᠡᠢ᠃ | 1947 ᠤᠨ ᠳᠤ ᠮᠤᠩᠭᠤᠯ ᠤᠯᠤᠰ ᠤᠨ ᠤᠷᠢᠯᠭ᠎ᠠ ᠪᠠᠷ᠂ ᠮᠤᠩᠭᠤᠯ ᠤᠯᠤᠰ ᠤᠨ ᠤᠯᠤᠰ ᠤᠨ ᠪᠠᠶᠠᠷ ᠲᠤ | ᠤᠷᠤᠯᠴᠠᠵᠦ᠂ ᠮᠠᠷᠱᠠᠯ ᠴᠣᠶᠢᠪᠠᠯᠰᠠᠩ ᠲᠠᠢ ᠠᠭᠤᠯᠵᠠᠵᠠᠢ᠃ ᠲᠤᠰ ᠵᠢᠯ ᠳᠤ ᠴᠠᠭᠠᠨ ᠬᠡᠭᠡᠨ 61 ᠨᠠᠰᠤᠨ ᠤ ᠶᠡᠭᠡ | ᠨᠠᠶᠢᠷ ᠬᠢᠵᠠᠢ᠃ ᠮᠦᠨ ᠲᠤᠰ ᠵᠢᠯ ᠳᠤ ᠴᠠᠭᠠᠨ ᠬᠡᠭᠡᠨ ᠦᠪᠦᠷ ᠮᠤᠩᠭᠤᠯ ᠤᠨ ᠠᠷᠠᠳ ᠤᠨ ᠬᠤᠷᠠᠯ ᠤᠨ | ᠬᠡᠰᠢᠬᠦᠨ ᠢᠶᠠᠷ ᠰᠤᠩᠭᠤᠭᠳᠠᠪᠠ᠃ | 1949 ᠤᠨ ᠤ 9 ᠰᠠᠷ᠎ᠠ ᠳᠤ ᠴᠠᠭᠠᠨ ᠭᠡᠭᠡᠨ ᠤᠯᠠᠭᠠᠨᠬᠦᠦ ᠨᠦᠬᠦᠷ ᠲᠠᠢ ᠬᠠᠮᠳᠦ ᠪᠡᠭᠡᠵᠢᠩ ᠳᠤ | ᠲᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ ᠵᠦᠪᠯᠡᠯᠬᠡᠨ ᠤ ᠬᠤᠷᠠᠯ ᠳᠤ ᠤᠷᠤᠯᠴᠠᠵᠦ᠂ ᠲᠡᠷᠢᠬᠦᠯᠡᠭᠴᠢ | ᠮᠠᠤ ᠽᠧ ᠳ᠋ᠦᠡᠭ ᠤᠨ ᠶᠠᠷᠢᠶ᠎ᠠ ᠶᠢ ᠰᠤᠨᠤᠰᠴᠠᠢ᠃ ᠮᠦᠨ ᠲᠢᠶᠠᠨ ᠠᠨ ᠮᠧᠨ ᠲᠠᠯᠠᠪᠠᠢ ᠳᠤ ᠠᠷᠠᠳ ᠤᠨ | ᠪᠠᠭᠠᠳᠤᠷᠴᠤᠳ ᠤᠨ ᠲᠤᠷᠠᠰᠬᠠᠯ ᠤᠨ ᠰᠤᠪᠤᠷᠭ᠎ᠠ ᠶᠢᠨ ᠰᠠᠭᠤᠷᠢ ᠲᠠᠯᠪᠢᠬᠤ ᠶᠤᠰᠤᠯᠠᠯ ᠳᠤ ᠤᠷᠤᠯᠴᠠᠪᠠ᠃ | 1951 ᠤᠨ ᠤ 3 ᠰᠠᠷ᠎ᠠ ᠶᠢᠨ ᠲᠤᠯᠤᠭᠠᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ | ᠯᠠᠮᠠ ᠶᠢᠨ ᠱᠠᠰᠢᠨ ᠤ ᠠᠩᠬᠠᠳᠤᠭᠠᠷ ᠤᠳᠠᠭᠠᠨ ᠤ ᠲᠦᠯᠦᠬᠡᠯᠡᠭᠴᠢ ᠶᠢᠨ ᠬᠤᠷᠠᠯ ᠢ ᠦᠪᠦᠷ ᠮᠤᠩᠭᠤᠯ ᠤᠨ | ᠦᠪᠡᠷᠳᠡᠬᠡᠨ ᠵᠠᠰᠠᠬᠤ ᠤᠷᠤᠨ ᠤ ᠲᠦᠷ ᠴᠠᠭ ᠤᠨ ᠰᠠᠭᠤᠭ᠎ᠠ ᠵᠠᠩ ᠵᠢᠶᠠ ᠺᠸᠣ ᠳᠤ ᠬᠢᠵᠠᠢ᠂ ︽ᠦᠪᠦᠷ | ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠯᠠᠮᠠ ᠶᠢᠨ ᠲᠠᠪᠬᠤᠷᠭᠠᠳᠠᠨ ᠤ ᠠᠮᠧᠷᠢᠺᠠ ᠶᠢ ᠡᠰᠡᠷᠬᠦᠴᠡᠨ | ᠰᠤᠯᠤᠩᠭᠤᠰ ᠢ ᠲᠤᠰᠠᠯᠠᠬᠤ ᠲᠦᠯᠦᠬᠡᠯᠡᠭᠴᠢ ᠶᠢᠨ ᠬᠤᠷᠠᠯ︾ ᠪᠤᠯᠤᠨ᠎ᠠ᠃ ᠬᠤᠷᠠᠯᠳᠤᠭᠠᠨ ᠳᠤ ᠬᠦᠯᠦᠨ ᠪᠤᠶᠢᠷ ᠤᠨ | ᠭᠭᠠᠯᠰᠠᠩ ᠬᠡᠬᠡᠨ᠂ ᠤᠰᠤᠷ ᠳ᠋ᠠ ᠯᠠᠮᠠ᠂ ᠬᠢᠨᠭ᠍ᠭᠠᠨ ᠠᠶᠢᠮᠠᠭ ᠤᠨ ᠮᠠᠶᠢᠳᠠᠷ ᠬᠡᠭᠡᠨ᠂ ᠰᠢᠯᠢ ᠶᠢᠨ ᠭᠤᠤᠯ ᠤᠨ ᠴᠠᠭᠠᠨ | ᠬᠡᠭᠡᠨ᠂ ᠵᠤᠤ ᠤᠳᠠ ᠠᠶᠢᠮᠠᠭ᠂ ᠴᠠᠬᠠᠷ ᠠᠶᠢᠮᠠᠭ ᠤᠨ ᠬᠡᠭᠡᠨ ᠬᠤᠪᠢᠯᠭᠠᠨ᠂ ᠯᠠᠮᠠ ᠨᠡᠶᠢᠳᠡ 19 ᠬᠦᠮᠦᠨ | ᠤᠷᠤᠯᠴᠠᠵᠠᠢ᠃ | 1954 ᠤᠨ ᠳᠤ ᠲᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ ᠵᠦᠪᠯᠡᠯᠬᠡᠨ ᠤ ᠬᠤᠶᠠᠳᠤᠭᠠᠷ | ᠬᠤᠭᠤᠴᠠᠭᠠᠨ ᠤ ᠬᠤᠷᠠᠯ ᠪᠡᠬᠡᠵᠢᠩ ᠳᠤ ᠬᠢᠪᠡ᠃ ᠴᠠᠭᠠᠨ ᠬᠡᠬᠡᠨ ᠬᠤᠶᠠᠳᠤᠭᠠᠷ ᠬᠤᠭᠤᠴᠠᠭᠠᠨ ᠤ ᠤᠯᠤᠰ | ᠲᠦᠷᠦ ᠶᠢᠨ ᠵᠦᠪᠯᠡᠯᠬᠡᠨ ᠤ ᠬᠡᠰᠢᠬᠦᠨ ᠢᠶᠠᠷ ᠬᠤᠷᠠᠯ ᠳᠤ ᠤᠷᠤᠯᠴᠠᠨ᠂ ᠦᠪᠦᠷ ᠮᠤᠩᠭᠤᠯ ᠤᠨ ᠱᠠᠰᠢᠨ ᠤ ᠡᠳᠡᠬᠡᠳ ᠢ | ᠲᠦᠯᠦᠬᠡᠯᠡᠵᠦ᠂ ᠶᠡᠭᠡ ᠬᠤᠷᠠᠯ ᠲᠡᠭᠡᠷ᠎ᠡ ᠶᠠᠷᠢᠶ᠎ᠠ ᠬᠢᠪᠡ᠃ | 1954 ᠤᠨ ᠳᠤ ᠴᠠᠭᠠᠨ ᠬᠡᠬᠡᠨ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ | ᠲᠦᠯᠦᠭᠡᠯᠡᠭᠴᠢ᠂ ᠰᠢᠯᠢ ᠶᠢᠨ ᠭᠤᠤᠯ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠬᠦᠯᠡᠭᠴᠢ᠂ | ᠰᠦᠨᠢᠳ ᠵᠡᠬᠦᠨ ᠬᠤᠰᠢᠭᠤᠨ ᠤ ᠠᠷᠠᠳ ᠤᠨ ᠲᠦᠯᠦᠭᠡᠯᠡᠭᠴᠢ ᠪᠤᠯᠪᠠ᠃ | 1955 ᠤᠨ ᠳᠤ ᠴᠠᠭᠠᠨ ᠭᠡᠭᠡᠨ ᠲᠦᠪ ᠤᠨ ᠲᠠᠷᠤᠭ᠎ᠠ ᠵᠤᠤ ᠹᠦ᠋ ᠴᠦ᠋ ᠶᠢᠨ ᠲᠤᠮᠢᠯᠠᠯᠳᠠ ᠪᠠᠷ ᠲᠤᠰᠠᠬᠠᠢ | ᠡᠭᠦᠷᠭᠡ ᠬᠦᠯᠢᠶᠡᠵᠦ᠂ ᠲᠦᠪᠡᠳ ᠤᠷᠤᠨ᠂ ᠬᠦᠮᠪᠦᠨ᠂ ᠬᠦᠮᠪᠦᠯᠦᠨ ᠵᠢᠴᠢ ᠬᠦᠬᠡᠨᠠᠭᠤᠷ ᠤᠨ ᠯᠠᠪᠷᠤᠩ ᠬᠡᠶᠢᠳ ᠵᠡᠷᠭᠡ | ᠭᠠᠵᠠᠷ ᠤᠷᠤᠨ ᠢᠶᠠᠷ ᠠᠶᠠᠯᠠᠨ ᠶᠠᠪᠤᠵᠦ᠂ ᠤᠯᠠᠨ ᠲᠡᠬᠡᠳᠦ ᠲᠠᠪᠭᠤᠷᠭᠠᠳᠠᠨ ᠨᠠᠷ ᠲᠠᠢ ᠠᠭᠤᠯᠵᠠᠵᠦ ᠨᠠᠮ ᠤᠨ | ᠱᠠᠰᠢᠨ ᠤ ᠲᠦᠷᠦ ᠶᠢᠨ ᠪᠤᠳᠤᠯᠭ᠎ᠠ ᠶᠢ ᠤᠬᠠᠭᠤᠯᠵᠦ᠂ ᠲᠠᠳᠠᠨ ᠠᠪᠬᠤ ᠠᠵᠢᠯ ᠬᠢᠪᠠ᠃ ᠬᠠᠮᠳᠦ ᠶᠠᠪᠤᠭᠰᠠᠨ ᠬᠦᠮᠦᠨ | ᠨᠢ ᠲᠠᠰᠢᠴᠡᠷᠡᠨ᠃ | 1956 ᠤᠨ ᠳᠤ ᠴᠠᠭᠠᠨ ᠭᠡᠭᠡᠨ᠂ ᠭᠠᠯᠰᠠᠩ ᠬᠡᠭᠡᠨ᠂ ᠮᠡᠷᠭᠡᠨ ᠬᠡᠭᠡᠨ ᠲᠦᠷᠬᠦᠤ ᠲᠠᠢ 17 ᠬᠦᠮᠦᠨ | ᠦᠪᠦᠷ ᠮᠤᠩᠭᠤᠯ ᠤᠨ ᠪᠤᠳ᠋ᠳ᠋ᠾᠠ ᠶᠢᠨ ᠱᠠᠰᠢᠨ ᠤ ᠨᠡᠶᠢᠬᠡᠮᠯᠢᠭ ᠢ ᠪᠠᠶᠢᠭᠤᠯᠬᠤ ᠶᠢ ᠰᠠᠨᠠᠭᠠᠴᠢᠯᠠᠪᠠ᠃ ᠠᠷᠪᠠᠨ | ᠰᠠᠷ᠎ᠠ ᠳᠤ ᠴᠠᠭᠠᠨ ᠬᠡᠭᠡᠨ᠂ ᠭᠠᠯᠰᠠᠩ ᠤᠨ ᠬᠡᠬᠡᠨ ᠲᠦᠷᠦᠬᠦᠤ ᠲᠠᠢ ᠲᠠᠪᠤᠨ ᠬᠦᠮᠦᠨ ᠢᠶᠠᠷ ᠪᠦᠷᠢᠯᠳᠦᠭᠰᠡᠨ ᠪᠡᠯᠡᠳᠬᠡᠯ | ᠵᠦᠪᠯᠡᠯ ᠪᠠᠶᠢᠭᠤᠯᠤᠭᠳᠠᠵᠦ ᠠᠵᠢᠯ ᠢᠶᠠᠨ ᠡᠬᠢᠯᠡᠬᠦᠯᠵᠡᠢ᠃ | 1957 ᠤᠨ ᠤ 4 ᠰᠠᠷ᠎ᠠ ᠶᠢᠨ 12 ᠤ ᠡᠳᠦᠷ ᠬᠦᠬᠡᠬᠤᠳᠠᠨ᠎ᠠ ᠦᠪᠦᠷ ᠮᠤᠩᠭᠤᠯ ᠤᠨ ᠦᠪᠡᠷᠳᠡᠬᠡᠨ | ᠵᠠᠰᠠᠬᠤ ᠤᠷᠤᠨ ᠤ ᠪᠤᠳ᠋ᠳ᠋ᠾᠠ ᠶᠢᠨ ᠱᠠᠰᠢᠨ ᠤ ᠨᠡᠶᠢᠬᠡᠮᠯᠢᠭ ᠤᠨ ᠨᠡᠷ᠎ᠡ ᠬᠦᠨᠳᠦᠳᠦ ᠲᠡᠷᠢᠬᠦᠯᠡᠭᠴᠢ ᠪᠠᠷ ᠰᠤᠩᠭᠤᠭᠳᠠᠪᠠ | ᠃ | 1957 ᠤᠨ ᠤ 4 ᠰᠠᠷ᠎ᠠ ᠶᠢᠨ 22 ᠤ ᠡᠳᠦᠷ ᠴᠠᠭᠠᠨ ᠤᠪᠤᠭ᠎ᠠ ᠶᠢᠨ ᠴᠠᠷᠠᠭᠠᠳᠤ ᠬᠡᠮᠡᠬᠦ ᠭᠠᠵᠠᠷ ᠨᠠᠰᠤᠨ | ᠬᠤᠳᠤᠭ ᠪᠤᠯᠪᠠ᠃ | |