ᠱᠠᠭ᠎ᠠ
ᠨᠡᠶᠢᠲᠡᠯᠡᠭᠰᠡᠨ ᠴᠠᠭ᠄
2011/2/10
              ᠱᠠᠭ᠎ᠠ       ᠤᠬᠠᠭᠠᠨ ᠰᠡᠷᠬᠦᠯᠡᠩ᠂ ᠤᠢ ᠪᠢᠯᠢᠭᠳᠦ ᠮᠤᠩᠭᠤᠯ ᠦᠨᠳᠦᠰᠦᠳᠡᠨ ᠤ ᠠᠷᠠᠳ ᠲᠦᠮᠡᠨ᠂ ᠦᠨᠳᠦᠰᠦᠳᠡᠨ ᠤ ᠦᠪᠡᠷᠮᠢᠴᠡ ᠤᠨᠴᠠᠯᠢᠭ ᠲᠠᠢ᠂ ᠮᠠᠯᠵᠢᠯ ᠤᠨ ᠠᠮᠢᠳᠤᠷᠠᠯ ᠢᠶᠠᠷ ᠵᠠᠭᠪᠤᠷᠯᠠᠭᠳᠠᠭᠰᠠᠨ ᠤᠶᠤᠨ ᠰᠠᠨᠠᠭᠠᠨ ᠤ ᠪᠤᠯᠪᠠᠰᠤᠨ ᠰᠤᠶᠤᠯ ᠢ ᠡᠬᠦᠳᠦᠨ ᠪᠦᠳᠦᠬᠡᠵᠦ᠂ ᠨᠡᠶᠢᠳᠡ ᠲᠡᠯᠡᠬᠡᠢ ᠶᠢᠨ ᠬᠦᠮᠦᠨ ᠲᠦᠷᠦᠯᠬᠢᠳᠡᠨ ᠤ ᠪᠤᠯᠪᠠᠰᠤᠨ ᠰᠤᠶᠤᠯ ᠤᠨ ᠰᠠᠩ ᠳᠤ ᠨᠡᠮᠡᠷᠢᠯᠡᠭᠰᠡᠨ ᠬᠡᠷᠡᠯᠳᠦ ᠰᠤᠪᠤᠳ ᠤᠨ ᠨᠢᠬᠡ ᠨᠢ ᠲᠠᠷᠤᠢ ᠮᠤᠩᠭᠤᠯ ᠬᠦᠮᠦᠨ ᠤ ᠢᠵᠠᠭᠤᠷ ᠲᠤᠭᠯᠠᠭᠠᠮ — ᠱᠠᠭ᠎ᠠ ᠪᠤᠯᠬᠤ ᠳᠤ ᠤᠷᠤᠰᠢᠨ᠎ᠡ᠃      ᠮᠠᠨ ᠤ ᠮᠠᠯᠴᠢᠨ ᠮᠤᠩᠭᠤᠯᠴᠤᠳ ᠤᠷᠳᠦ ᠤᠳᠠᠭᠠᠨ ᠵᠢᠯ ᠡᠷᠬᠢᠮᠯᠡᠨ ᠨᠠᠨᠳᠢᠩᠨᠠᠵᠦ ᠨᠠᠭᠠᠳᠴᠦ ᠢᠷᠡᠭᠰᠡᠨ ᠱᠠᠭ᠎ᠠ ᠪᠤᠯ᠄      ᠠᠳᠤᠭᠤ ᠮᠠᠯ ᠲᠠᠯ᠎ᠠ ᠶᠢᠨ ᠡᠷᠳᠡᠨᠢ      ᠠᠷᠭᠠᠯᠢ ᠪᠤᠭᠤ ᠠᠭᠤᠯᠠ ᠶᠢᠨ ᠡᠷᠳᠡᠨᠢ       ᠠᠯᠳᠠᠨ ᠱᠠᠭ᠎ᠠ ᠠᠷᠪᠠᠨ ᠡᠷᠳᠡᠨᠢ      ᠠᠮᠢᠳᠤᠷᠠᠯ ᠵᠢᠷᠭᠠᠯ ᠤᠨ ᠲᠤᠭᠯᠠᠭᠠᠮ ᠡᠷᠳᠡᠨᠢ       ᠮᠠᠯ ᠤᠨ ᠱᠠᠭ᠎ᠠ ᠶᠢᠰᠦᠨ ᠡᠷᠳᠡᠨᠢ       ᠮᠠᠯᠴᠢᠨ ᠮᠤᠩᠭᠤᠯ ᠤᠨ ᠡᠷᠬᠢᠮ ᠡᠷᠳᠡᠨᠢ      ᠬᠤᠨᠢᠨ ᠤ ᠱᠠᠭ᠎ᠠ ᠬᠤᠪᠤᠷ ᠡᠷᠳᠡᠨᠢ       ᠬᠤᠳᠠᠯᠠ ᠤᠯᠠᠨ ᠤ ᠨᠠᠭᠠᠳᠤᠮ ᠤᠨ ᠡᠷᠳᠡᠨᠢ       ᠲᠡᠭᠰᠢ ᠲᠠᠯ᠎ᠠ ᠨᠢ ᠮᠤᠷᠢᠨ ᠡᠷᠳᠡᠨᠢ       ᠲᠡᠰᠯᠡᠬᠦ ᠲᠠᠯ᠎ᠠ ᠨᠢ ᠲᠡᠮᠡᠬᠡᠨ ᠡᠷᠳᠡᠨᠢ      ᠬᠤᠨᠳᠤᠯᠢ ᠲᠠᠯ᠎ᠠ ᠨᠢ ᠬᠤᠨᠢᠨ ᠡᠷᠳᠡᠨᠢ       ᠬᠤᠳᠤᠭᠤᠷ ᠲᠠᠯ᠎ᠠ ᠨᠢ ᠢᠮᠠᠭᠠᠨ ᠡᠷᠳᠡᠨᠢ      ᠣᠷᠣᠭᠤ ᠬᠠᠨᠳᠤᠪᠠᠯ ᠤᠡᠭᠭᠤᠨ ᠡᠷᠳᠡᠨᠢ       ᠤᠷᠪᠠᠭᠤᠯᠵᠦ ᠬᠠᠨᠳᠤᠪᠠᠯ ᠬᠦᠮᠦᠨ ᠡᠷᠳᠡᠨᠢ ᠬᠡᠵᠦ ᠮᠠᠭᠳᠠᠵᠦ ᠢᠷᠡᠵᠡᠢ᠃
 
ᠢᠷᠡᠯᠲᠡ᠄ ᠳ᠋᠊᠂ ᠴᠠᠭᠠᠨ ᠤ ︽ᠮᠤᠩᠭᠤᠯ ᠬᠦᠮᠦᠨ ᠤ ᠢᠵᠠᠭᠤᠷ ᠲᠤᠭᠯᠠᠭᠠᠮ — ᠱᠠᠭ᠎ᠠ ︾ ᠬᠡᠬᠦ ᠨᠤᠮ ᠠᠴᠠ ᠪᠠᠭᠤᠯᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号