ᠬᠤᠨᠢᠨ ᠤ ᠱᠠᠭ᠎ᠠ
ᠨᠡᠶᠢᠲᠡᠯᠡᠭᠰᠡᠨ ᠴᠠᠭ᠄
2011/2/10
              ᠬᠤᠨᠢᠨ ᠤ ᠱᠠᠭ᠎ᠠ       ᠮᠠᠨ ᠤ ᠮᠤᠩᠭᠤᠯᠴᠤᠳ᠂ ᠬᠤᠨᠢᠨ ᠤ ᠱᠠᠭ᠎ᠠ ᠶᠢ ᠬᠠᠯᠠᠭᠤᠨ ᠬᠤᠰᠢᠭᠤᠳᠤ ᠮᠠᠯ ᠤᠨ ᠱᠠᠭ᠎ᠠ ᠬᠡᠵᠦ ᠶᠡᠬᠡᠳᠡ ᠡᠷᠬᠢᠮᠯᠡᠬᠦ ᠵᠠᠩᠰᠢᠯ ᠲᠠᠢ ᠶᠤᠮ᠃       ᠬᠤᠨᠢᠨ ᠤ ᠱᠠᠭ᠎ᠠ ᠪᠤᠯ ᠱᠠᠭᠠᠨᠳᠦ ᠶᠢᠨ ᠶᠠᠰᠤᠨ ᠤ ᠦᠵᠦᠬᠦᠷ ᠲᠤ ᠪᠠᠶᠢᠳᠠᠭ ᠵᠢᠵᠢᠭᠬᠡᠨ ᠶᠠᠰᠦ ᠶᠢ ᠬᠡᠯᠡᠨ᠎ᠡ᠃ ᠮᠠᠯᠴᠢᠳ᠂ ᠠᠯᠠᠵᠦ ᠢᠳᠡᠭᠰᠡᠨ ᠬᠤᠨᠢ ᠪᠤᠶᠤ ᠦᠬᠦᠭᠰᠡᠨ ᠬᠤᠨᠢᠨ ᠤ ᠪᠠᠨ ᠱᠠᠭ᠎ᠠ ᠶᠢ ᠰᠠᠯᠭᠠᠨ ᠠᠪᠴᠦ ᠰᠠᠶᠢᠬᠠᠨ ᠴᠡᠪᠡᠷᠯᠡᠵᠦ ᠵᠠᠰᠠᠭᠠᠳ ᠬᠠᠳᠠᠭᠠᠯᠠᠨ ᠨᠠᠭᠠᠳᠤᠮ ᠲᠤᠭᠯᠠᠭᠠᠮ ᠳᠤ ᠵᠤᠷᠢᠭᠤᠯᠳᠠᠭ᠃ ᠬᠤᠨᠢᠨ ᠱᠠᠭ᠎ᠠ  ᠨᠢ ᠢᠮᠠᠭᠠᠨ ᠤ ᠱᠠᠭ᠎ᠠ ᠶᠢ ᠪᠤᠳᠤᠪᠠᠯ ᠬᠡᠯᠪᠡᠷᠢ ᠲᠦᠷᠰᠦ᠂ ᠶᠠᠩᠵᠦ ᠪᠠᠶᠢᠳᠠᠯ ᠨᠢ ᠪᠠᠭ᠋ᠠᠨ ᠠᠳᠠᠯᠢ ᠦᠬᠡᠢ᠃ ᠬᠤᠨᠢᠨ ᠤ ᠪᠠᠨ ᠶᠡᠭᠡ ᠪᠠᠭ᠎ᠠ ᠪᠠᠷ ᠰᠢᠯᠳᠠᠭᠠᠯᠠᠭᠳᠠᠵᠦ᠂ ᠱᠠᠭ᠎ᠠ ᠶᠢᠨ ᠪᠦᠳᠦᠬᠦᠨ᠂ ᠵᠢᠵᠢᠭ ᠨᠢ ᠬᠤᠭᠤᠷᠤᠨᠳᠦ ᠪᠠᠨ ᠠᠳᠠᠯᠢ ᠦᠬᠡᠢ ᠪᠠᠶᠢᠳᠠᠭ᠃       ᠮᠤᠩᠭᠤᠯᠴᠤᠳ ᠬᠤᠨᠢᠨ ᠤ ᠱᠠᠭ᠎ᠠ ᠶᠢ ᠵᠠᠭᠤ᠂ ᠲᠠᠪᠤᠨ ᠵᠠᠭᠤ᠂ ᠮᠢᠩᠭ᠎ᠠ ᠪᠠᠷ ᠴᠤᠭᠯᠠᠭᠤᠯᠵᠦ ᠬᠠᠳᠠᠭᠠᠯᠠᠬᠤ ᠵᠠᠩᠰᠢᠯ ᠲᠠᠢ ᠪᠦᠭᠡᠳ ᠠᠯᠢ ᠠᠶᠢᠯ ᠤᠨ ᠱᠠᠭ᠎ᠠ ᠮᠢᠩᠭ᠎ᠠ ᠬᠦᠷᠪᠡᠯ ᠲᠡᠬᠦᠨ ᠢ ᠪᠤᠮᠪᠠᠯᠠᠨ᠎ᠠ ᠬᠡᠵᠦ ᠰᠢᠷᠠᠮᠠᠯ ᠢᠰᠡᠬᠡᠢ ᠤᠭᠤᠳᠠᠨ ᠳᠤ ᠬᠢᠵᠦ ᠲᠠᠯᠪᠢᠭᠠᠳ᠂ ᠲᠠᠬᠢᠵᠦ ᠨᠢᠬᠡ ᠠᠴᠠ ᠡᠬᠢᠯᠡᠵᠦ ᠴᠤᠭᠯᠠᠭᠤᠯᠵᠦ ᠬᠠᠳᠠᠭᠠᠯᠠᠨ᠎ᠠ᠃        ᠬᠤᠴᠠᠨ ᠤ ᠱᠠᠭ᠎ᠠ᠂ ᠰᠠᠳᠠᠷ ᠲᠠᠢ ᠮᠠᠯ ᠤᠨ ᠱᠠᠭ᠎ᠠ᠂ ᠤᠪᠤᠭᠠᠨ ᠰᠢᠬᠦᠰᠦ᠂ ᠪᠤᠷᠬᠠᠨ ᠤ ᠰᠢᠬᠦᠰᠦ᠂ ᠬᠤᠷᠢᠮ ᠤᠨ ᠰᠢᠬᠦᠰᠦ᠂ ᠬᠡᠤᠬᠡᠳ ᠤᠨ ᠭᠤᠷᠪᠠ ᠬᠤᠨᠤᠭ ᠤᠨ ᠱᠦᠯᠦᠨ ᠤ ᠬᠤᠨᠢᠨ ᠤ ᠱᠠᠭ᠎ᠠ ᠶᠢ ᠪᠤᠯ ᠰᠠᠶᠢᠬᠠᠨ ᠵᠠᠰᠠᠵᠦ ᠴᠡᠪᠡᠷᠯᠡᠬᠡᠳ ᠬᠠᠳᠠᠭᠠᠯᠠᠬᠤ ᠠᠴᠠ ᠪᠢᠰᠢ᠂ ᠨᠠᠭᠠᠳᠤᠮ ᠲᠤᠭᠯᠠᠭᠠᠮ ᠳᠤ ᠤᠷᠤᠭᠤᠯᠬᠤ ᠶᠤᠰᠦ ᠦᠬᠡᠢ᠃       ᠶᠢᠰᠦᠨ ᠦᠶ᠎ᠡ ᠲᠠᠷᠠᠭᠠᠯᠠᠨ ᠤᠯᠠᠮᠵᠢᠯᠠᠨ ᠬᠠᠳᠠᠭᠠᠯᠠᠭᠰᠠᠨ ᠬᠤᠨᠢᠨ ᠤ ᠱᠠᠭ᠎ᠠ ᠶᠢ ︽ᠬᠦᠷᠡᠯ ᠱᠠᠭ᠎ᠠ︾ ᠬᠡᠮᠡᠨ ᠨᠡᠷᠡᠯᠡᠵᠦ ᠡᠷᠬᠢᠮᠡᠯᠡᠨ ᠲᠡᠭᠡᠳᠦᠯᠡᠳᠡᠭ ᠪᠠᠶᠢᠵᠠᠢ᠃       ᠡᠨᠡᠬᠦ ︽ᠬᠦᠷᠡᠯ ᠱᠠᠭ᠎ᠠ︾ ᠶᠢ ᠡᠮ ᠤᠨ ᠬᠦᠯᠦᠭ ᠪᠤᠯᠭᠠᠵᠦ᠂ ᠮᠡᠪᠡᠳᠴᠢᠨ ᠵᠠᠰᠠᠬᠤ ᠳᠤ ᠬᠡᠷᠡᠭᠯᠡᠬᠦ ᠴᠤ ᠪᠤᠢ᠃
 
ᠢᠷᠡᠯᠲᠡ᠄ ᠳ᠋᠊ ᠂ ᠴᠠᠭᠠᠨ ᠤ ︽ᠮᠤᠩᠭᠤᠯ ᠬᠦᠮᠦᠨ ᠤ ᠢᠵᠠᠭᠤᠷ ᠲᠤᠭᠯᠠᠭᠠᠮ — ᠱᠠᠭ᠎ᠠ︾ ᠬᠡᠬᠦ ᠨᠤᠮ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号