ᠵᠡᠬᠡᠷ᠎ᠡ ᠶᠢᠨ ᠱᠠᠭ᠎ᠠ
ᠨᠡᠶᠢᠲᠡᠯᠡᠭᠰᠡᠨ ᠴᠠᠭ᠄
2011/2/10
               ᠵᠡᠬᠡᠷ᠎ᠡ ᠶᠢᠨ ᠱᠠᠭ᠎ᠠ     ᠵᠡᠬᠡᠷ᠎ᠡ ᠶᠢᠨ ᠱᠠᠭ᠎ᠠ  ᠶᠢ ᠮᠤᠩᠭᠤᠯ ᠬᠦᠮᠦᠨ ᠲᠡᠭᠷᠢ ᠶᠢᠨ ᠬᠤᠨᠢᠨ ᠤ ᠱᠠᠭ᠎ᠠ ᠬᠡᠮᠡᠨ ᠮᠠᠰᠢ ᠡᠷᠬᠢᠮᠯᠡᠳᠡᠭ ᠤᠴᠢᠷᠳᠠᠢ  ᠃     ᠮᠤᠩᠭᠤᠯᠴᠤᠳ᠂ ᠠᠪᠠᠯᠠᠵᠦ ᠤᠯᠤᠭᠰᠠᠨ ᠵᠡᠬᠡᠷ᠎ᠡ ᠶᠢᠨ ᠱᠠᠭ᠎ᠠ᠂ ᠬᠡᠬᠡᠷ᠎ᠡ ᠬᠦᠳᠡᠭᠡ ᠠᠴᠠ ᠦᠭᠦᠭᠰᠡᠨ ᠵᠡᠭᠡᠷ᠎ᠡ ᠶᠢᠨ ᠱᠠᠭ᠎ᠠ ᠶᠢ ᠴᠤᠭᠯᠠᠭᠤᠯᠵᠦ ᠰᠠᠶᠢᠬᠠᠨ ᠵᠠᠰᠠᠵᠦ ᠬᠠᠳᠠᠭᠠᠯᠠᠵᠦ᠂ ᠨᠠᠭᠠᠳᠤᠮ ᠳᠤ ᠵᠤᠷᠢᠭᠤᠯᠵᠦ ᠬᠡᠷᠡᠭᠯᠡᠳᠡᠭ ᠪᠠᠶᠢᠨ᠎ᠠ᠃     ᠵᠡᠬᠡᠷ᠎ᠡ ᠶᠢᠨ ᠱᠠᠭ᠎ᠠ ᠪᠤᠯ ᠬᠤᠨᠢ ᠢᠮᠠᠭᠠᠨ ᠤ ᠱᠠᠭ᠎ᠠ ᠶᠢ ᠪᠤᠳᠤᠪᠠᠯ᠂ ᠵᠢᠵᠢᠭ ᠮᠦᠷᠳᠡᠬᠡᠨ ᠲᠦᠷᠰᠦ ᠶᠠᠩᠵᠦ ᠨᠢ ᠶᠡᠭᠡ ᠴᠡᠪᠡᠷᠬᠡᠨ ᠨᠠᠷᠢᠯᠢᠭ ᠬᠠᠷᠠᠭᠳᠠᠨ᠎ᠠ᠃ ᠡᠬᠦᠨ ᠳᠤ ᠰᠡᠬᠦᠯᠳᠦ ᠪᠤᠷᠤ ᠬᠦᠷᠦᠬᠡᠰᠦ ︵ᠵᠡᠬᠡᠷ᠎ᠡ︶ ᠶᠢᠨ ᠱᠠᠭ᠎ᠠ ᠪᠤᠯᠤᠨ ᠴᠠᠭᠠᠨ ᠵᠡᠬᠡᠷ᠎ᠡ ᠶᠢᠨ ᠱᠠᠭ᠎ᠠ ᠬᠤᠭᠤᠷᠤᠨᠳᠦ ᠪᠠᠨ ᠠᠳᠠᠯᠢ ᠦᠬᠡᠢ ᠪᠠᠶᠢᠳᠠᠭ᠃ ᠴᠠᠭᠠᠨ ᠵᠡᠬᠡᠷ᠎ᠡ ᠶᠢᠨ ᠱᠠᠭ᠎ᠠ ᠨᠡᠯᠢᠶᠡᠳ ᠪᠦᠳᠦᠬᠦᠨ ᠰᠢᠭ᠂ ᠬᠡᠯᠪᠡᠷᠢ ᠶᠠᠩᠵᠦ ᠨᠢ ᠢᠮᠠᠭᠠᠨ ᠤ ᠱᠠᠭ᠎ᠠ ᠲᠠᠢ ᠲᠦᠰᠦᠬᠡᠳᠡᠢ ᠲᠠᠯ᠎ᠠ ᠪᠤᠢ᠃     ᠵᠡᠬᠡᠷ᠎ᠡ ᠶᠢᠨ ᠱᠠᠭ᠎ᠠ᠂ ᠬᠤᠨᠢ ᠢᠮᠠᠭᠠᠨ ᠤ ᠱᠠᠭ᠎ᠠ ᠶᠢ ᠪᠤᠳᠤᠪᠠᠯ᠂  ᠮᠤᠷᠢ ᠲᠤᠰᠬᠤ ᠨᠢ ᠰᠠᠶᠢᠨ ᠪᠠᠶᠢᠳᠠᠭ ᠤᠨᠴᠠᠯᠢᠭ ᠲᠠᠢ ᠬᠡᠳᠡᠭ᠃ ᠮᠤᠩᠭᠤᠯᠴᠤᠳ ᠵᠡᠬᠡᠷ᠎ᠡ ᠶᠢᠨ ᠱᠠᠭ᠎ᠠ ᠶᠢ ᠵᠠᠭᠤ ᠪᠤᠶᠤ ᠮᠢᠩᠭ᠎ᠠ ᠪᠠᠷ ᠴᠤᠭᠯᠠᠭᠤᠯᠵᠦ ᠶᠡᠬᠡᠳᠡ ᠨᠠᠨᠳᠢᠩᠨᠠᠨ ᠬᠠᠳᠠᠭᠠᠯᠠᠭᠳᠠᠭ ᠪᠦᠬᠡᠳ ᠮᠠᠯ ᠦᠰᠦᠨ᠎ᠡ ᠬᠡᠵᠦ ᠪᠡᠯᠬᠡᠰᠢᠶᠡᠨ ᠦᠵᠡᠳᠡᠭ᠃ ᠵᠡᠬᠡᠷ᠎ᠡ᠂ ᠬᠦᠷᠦᠬᠡᠰᠦ ᠶᠢ ᠮᠤᠩᠭᠤᠯᠴᠤᠳ ︽ᠲᠡᠭᠷᠢ ᠶᠢᠨ ᠬᠤᠨᠢ︾ ᠬᠡᠳᠡᠭ ᠲᠤᠯᠠ᠂ ᠵᠡᠬᠡᠷ᠎ᠡ ᠶᠢᠨ ᠱᠠᠭ᠎ᠠ ᠶᠢ ᠪᠤᠰᠤᠳ ᠮᠠᠯ ᠤᠨ ᠱᠠᠭ᠎ᠠ ᠠᠴᠠ ᠨᠡᠩ ᠡᠷᠬᠢᠮᠯᠡᠬᠦ ᠪᠦᠬᠡᠳ ᠬᠤᠪᠤᠷ ᠨᠠᠨᠳᠢᠨ ᠢᠶᠠᠷ ᠦᠵᠡᠳᠡᠭ  ᠪᠠᠶᠢᠵᠠᠢ᠃ ᠮᠤᠩᠭᠤᠯᠴᠤᠳ ᠪᠦᠷ ᠠᠪᠠ ᠠᠩᠨᠠᠯ ᠬᠢᠳᠡᠭ ᠪᠤᠯᠪᠠᠴᠦ᠂ ᠠᠪᠠᠯᠠᠵᠦ ᠤᠯᠬᠤ ᠠᠪᠠ ᠶᠢᠨ ᠤᠯᠵᠠ ᠨᠢ ᠠᠳᠠᠯᠢ ᠦᠬᠡᠢ᠂ ᠬᠢᠵᠠᠭᠠᠷ ᠲᠠᠢ ᠲᠤᠯᠠ᠂ ᠬᠦᠮᠦᠨ ᠪᠦᠬᠦᠨ ᠤ ᠤᠯᠬᠤ ᠵᠡᠬᠡᠷ᠎ᠡ ᠶᠢᠨ ᠱᠠᠭ᠎ᠠ ᠨᠢ ᠮᠦᠨ ᠬᠡᠮᠵᠢᠶ᠎ᠡ ᠲᠠᠢ ᠪᠠᠶᠢᠳᠠᠭ᠃    ᠵᠡᠬᠡᠷ᠎ᠡ ᠶᠢᠨ ᠱᠠᠭ᠎ᠠ ᠶᠢ ᠲᠤᠰᠬᠠᠢ ᠢᠰᠡᠬᠡᠢ ᠤᠭᠤᠳᠠ ᠪᠤᠶᠤ ᠢᠯᠬᠢ ᠶᠢᠨ ᠤᠭᠤᠳᠠ ᠳᠤ ᠬᠢᠵᠦ ᠬᠠᠳᠠᠭᠠᠯᠠᠨ᠂ ᠱᠠᠭ᠎ᠠ ᠲᠤᠭᠯᠠᠭᠠᠮ ᠳᠤ ᠬᠡᠷᠡᠭᠯᠡᠳᠡᠭ᠃
 
ᠢᠷᠡᠯᠲᠡ᠄ ᠳ᠋᠊᠂ ᠴᠠᠭᠠᠨ ᠤ ᠪᠢᠴᠢᠭᠰᠡᠨ ᠪᠦᠳᠦᠬᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号