ᠰᠠᠮᠪᠠᠷ᠎ᠠ ᠴᠢᠯᠠᠭᠤ | ᠦᠷ᠎ᠠ ᠲᠡᠷᠢᠶᠡᠨ ᠠᠭᠠᠭ ᠬᠠᠯᠰᠠᠭ ᠢ ᠠᠷᠢᠯᠭᠠᠵᠤ ᠴᠠᠶᠢᠷᠠᠭᠤᠯᠬᠤ ᠰᠠᠮᠪᠠᠷ᠎ᠠ ᠴᠢᠯᠠᠭᠤ ᠪᠤᠯ ᠰᠢᠨ᠎ᠠ | ᠴᠢᠯᠠᠭᠤᠨ ᠵᠡᠪᠰᠡᠭ ᠤᠨ ᠦᠶ᠎ᠡ ᠳᠤ ᠲᠡᠷᠢᠶᠡᠯᠡᠩ ᠡᠷᠬᠢᠯᠡᠬᠦ ᠪᠤᠯᠤᠭᠰᠠᠨ ᠴᠠᠭ ᠦᠶ᠎ᠡ ᠶᠢᠨ ᠦᠷᠭᠡᠨ ᠬᠡᠷᠡᠭᠯᠡᠭᠳᠡᠵᠦ | ᠪᠠᠶᠢᠭᠰᠠᠨ ᠴᠢᠯᠠᠭᠤᠨ ᠪᠠᠭᠠᠵᠢ ᠶᠢᠨ ᠨᠢᠭᠡ ᠪᠤᠯᠤᠨ᠎ᠠ᠃ ᠭᠤᠤᠯᠳᠠᠭᠤ ᠨᠦᠳᠦᠭᠦᠷ᠂ ᠨᠤᠬᠤᠭᠤᠷ᠂ ᠭᠠᠨᠵᠢᠨ ᠴᠢᠯᠠᠭᠤ | ᠬᠠᠮᠳᠣ ᠤᠯᠳᠠᠳᠠᠭ ᠰᠠᠮᠪᠠᠷ᠎ᠠ ᠴᠢᠯᠠᠭᠤ ᠶᠢ ᠮᠤᠩᠭᠤᠯ ᠤᠷᠤᠨ ᠰᠦᠬᠡᠪᠠᠭᠠᠳᠣᠷ ᠠᠶᠢᠮᠠᠭ ᠤᠨ ᠮᠦᠡᠭᠭᠡ ᠬᠠᠭᠠᠨ᠂ | ᠲᠠᠷᠢᠭᠠᠡᠭᠭᠠ᠂ ᠤᠡᠭᠭᠤᠨ᠂ ᠲᠤᠷᠤᠨᠠᠭᠤᠪᠢ ᠠᠶᠢᠮᠠᠭ ᠤᠨ ᠡᠷᠳᠡᠨᠢ᠂ ᠪᠠᠶᠠᠨᠬᠤᠡᠭᠭᠤᠷ ᠠᠶᠢᠮᠠᠭ ᠤᠨ ᠪᠠᠶᠠᠨᠯᠢᠭ ᠵᠡᠷᠭᠡ | ᠰᠣᠮᠣᠨ ᠳᠤ ᠨᠤᠳᠤᠭ ᠤᠨ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ᠪᠠᠭᠤᠴᠠ ᠰᠠᠭᠤᠷᠢᠨ ᠠᠴᠠ ᠤᠯᠠᠨ ᠢ | ᠢᠯᠡᠷᠡᠭᠦᠯᠵᠠᠢ᠃ ᠮᠦᠨ ᠤᠪᠢᠰ᠂ ᠬᠤᠪᠳᠣ᠂ ᠭᠦᠪᠰᠦᠭᠦᠯ᠂ ᠡᠮᠦᠨ᠎ᠡ ᠭᠤᠪᠢ᠂ ᠲᠤᠷᠤᠨᠠᠳᠣ ᠠᠶᠢᠮᠠᠭ ᠤᠨ | ᠨᠤᠳᠤᠭ ᠠᠴᠠ ᠴᠦ ᠤᠯᠳᠠᠭᠰᠠᠨ᠂ ᠡᠳᠡᠭᠡᠷ ᠤᠯᠳᠠᠪᠤᠷᠢ ᠨᠢ ᠶᠡᠭᠡ ᠪᠠᠭ᠎ᠠ᠂ ᠵᠤᠵᠠᠭᠠᠨ ᠨᠢᠮᠭᠡᠨ ᠶᠠᠩᠵᠤ ᠪᠦᠷᠢ | ᠪᠤᠯᠪᠠᠴᠤ ᠬᠡᠪ ᠶᠠᠩᠵᠤ ᠬᠢᠴᠠ ᠮᠠᠶ᠋ᠢᠭ ᠨᠢ ᠦᠨᠳᠦᠰᠦᠨ ᠳᠡᠭᠡᠨ ᠢᠵᠢᠯᠢᠪᠳᠣᠷ ᠠᠵᠤᠭᠤ᠂ ᠭᠤᠤᠯᠳᠠᠭᠤ ᠪᠤᠷᠵᠢᠨ | ᠪᠤᠯᠤᠨ ᠨᠢᠭᠳᠠ ᠰᠢᠷᠬᠡᠭᠳᠣ ᠡᠯᠡᠰᠦᠨ ᠴᠢᠯᠠᠭᠤ᠂ ᠵᠢᠵᠢᠭ ᠰᠢᠷᠬᠡᠭᠳᠦ ᠴᠢᠨᠠᠷᠯᠢᠭ ᠴᠢᠯᠠᠭᠤ ᠶᠢ ᠦᠡᠭᠬᠡᠯᠡᠨ ᠵᠠᠰᠠᠵᠤ᠂ | ᠬᠤᠨᠵᠤᠭᠤᠶᠢᠳᠠᠭᠤ ᠬᠠᠪᠳᠠᠭᠠᠢ ᠬᠡᠯᠪᠡᠷᠢᠳᠠᠢ ᠬᠢᠭᠰᠡᠨ ᠪᠠᠶᠢᠳᠠᠭ᠃ ᠵᠠᠷᠢᠮ ᠰᠠᠮᠪᠠᠷᠯᠠᠭ ᠬᠠᠪᠳᠠᠭᠠᠢ ᠬᠡᠯᠪᠡᠷᠢ ᠶᠢ ᠬᠤᠵᠢᠮ | ᠦᠶ᠎ᠡ ᠶᠢᠨ ᠬᠢᠨ ᠠᠰᠢᠭᠯᠠᠵᠤ ᠲᠡᠭᠡᠷ᠎ᠡ ᠨᠢ ᠵᠢᠷᠤᠭ ᠲᠦᠷᠰᠦᠯᠡᠯ᠂ ᠦᠭᠡ ᠪᠢᠴᠢᠭᠡᠰᠦ ᠰᠠᠶᠢᠯᠦᠨ ᠠᠭᠤᠯᠠ ᠤᠪᠤᠭᠠᠨ | ᠲᠡᠭᠡᠷ᠎ᠡ ᠲᠠᠯᠪᠢᠭᠰᠠᠨ ᠪᠠᠶᠢᠬᠤ ᠴᠦ ᠲᠤᠬᠢᠶᠠᠯᠳᠣᠨᠠ᠃ ᠲᠡᠭᠡᠷ᠎ᠡ ᠨᠢ ᠠᠷᠤ ᠦᠪᠦᠷ ᠦᠬᠡᠢ ᠮᠠᠨᠢ ᠶᠢᠨ ᠦᠰᠦᠭ | ᠰᠠᠶᠢᠯᠦᠭᠰᠡᠨ ᠲᠡᠶᠢᠮᠦ ᠨᠢᠭᠡᠨ ᠰᠠᠮᠪᠠᠷ᠎ᠠ ᠴᠢᠯᠠᠭᠤ ᠨᠢᠭᠡᠭᠡᠨ ᠬᠡᠰᠡᠭ ᠵᠤᠬᠢᠶᠠᠭᠴᠢ ᠶᠢᠨ ᠴᠣᠭᠯᠠᠭᠤᠯᠭ᠎ᠠ ᠳᠤ | ᠬᠠᠳᠠᠭᠠᠯᠠᠭᠳᠠᠵᠤ ᠪᠤᠢ ᠪᠤᠯᠤᠨ᠎ᠠ᠃ | ᠰᠠᠮᠪᠠᠷ᠎ᠠ ᠴᠢᠯᠠᠭᠤ ᠨᠢ ᠤᠷᠳᠣ ᠪᠠᠷ ᠢᠶᠠᠨ 50 — 60 ᠰᠡᠨᠲ᠋ᠢᠮᠧᠲᠷ ᠠᠴᠠ ᠠᠷᠪᠠᠭᠠᠳ | ᠰᠡᠨᠲ᠋ᠢᠮᠧᠲᠷ ᠵᠢᠵᠢᠭ ᠴᠦ ᠲᠤᠬᠢᠶᠠᠯᠳᠣᠨᠠ᠃ ᠰᠦᠬᠡᠪᠠᠭᠠᠳᠣᠷ ᠠᠶᠢᠮᠠᠭ ᠤᠨ ᠪᠠᠷᠠᠭᠤᠨ ᠤᠷᠳᠣ ᠬᠤᠳᠠ ᠶᠢᠨ | ᠮᠦᠽᠸᠢ ᠳᠤ ᠬᠠᠮᠳᠣ ᠳᠠᠭᠠᠨ ᠬᠠᠳᠠᠭᠠᠯᠠᠭᠳᠠᠵᠤ ᠪᠤᠢ ᠰᠠᠮᠪᠠᠷ᠎ᠠ ᠴᠢᠯᠠᠭᠤ 41×21×2.5 ᠰᠡᠨᠲ᠋ᠢᠮᠧᠲᠷ ᠡᠯᠳᠡᠭᠦᠷ | ᠪᠤᠶᠤ ᠭᠠᠨᠵᠢᠨ ᠴᠢᠯᠠᠭᠤ ︵ᠬᠤᠶᠡᠷ ᠲᠡᠭᠦᠰᠬᠡᠯ ᠳᠡᠭᠡᠨ ᠪᠤᠯᠴᠢᠩ ᠲᠠᠢ︶ 36.2 ᠰᠡᠨᠲ᠋ᠢᠮᠧᠲᠷ ᠣᠷᠳᠣ ᠬᠡᠮᠵᠢᠶ᠎ᠡ ᠲᠠᠢ | ᠠᠭᠠᠵᠢᠮ ᠲᠤᠰ ᠠᠶᠢᠮᠠᠭ ᠤᠨ ᠤᠡᠭᠭᠤᠨ ᠰᠣᠮᠣ ᠶᠢᠨ ᠨᠤᠳᠤᠭ ᠤᠡᠭᠭᠤᠨ ᠡᠯᠡᠰᠦᠨ ᠠᠴᠠ ᠵᠢᠭᠠᠰᠣᠨ ᠬᠡᠯᠪᠡᠷᠢᠳᠣ᠂ | ᠤᠷᠳᠣ ᠨᠢ 53 ᠰᠡᠨᠲ᠋ᠢᠮᠧᠲᠷ᠂ 2 ᠰᠡᠨᠲ᠋ᠢᠮᠧᠲᠷ ᠵᠤᠵᠠᠭᠠᠨ ᠰᠠᠮᠪᠠᠷ᠎ᠠ ᠴᠢᠯᠠᠭᠤ ︵ᠨᠢᠭᠳᠠ ᠰᠢᠷᠬᠡᠭᠳᠦ ᠡᠯᠡᠰᠦᠨ | ᠴᠢᠯᠠᠭᠤᠨ︶ ᠤᠯᠳᠠᠭᠰᠠᠨ ᠨᠢ ᠰᠣᠳᠣᠯᠤᠭᠠᠴᠢᠳ ᠤᠨ ᠠᠩᠬᠠᠷᠤᠯ ᠢ ᠶᠡᠬᠡᠳᠡ ᠲᠠᠳᠠᠭᠰᠠᠨ ᠪᠢᠯᠡ᠂ ᠦᠷ᠎ᠡ ᠲᠡᠷᠢᠶ᠎ᠡ | ᠴᠠᠶᠢᠷᠠᠭᠤᠯᠬᠤ ᠳᠤ ᠵᠤᠷᠢᠭᠤᠯᠤᠭᠳᠠᠭᠰᠠᠨ ᠵᠢᠭᠠᠰᠣᠨ ᠬᠡᠯᠪᠡᠷᠢᠳᠦ ᠡᠨᠡᠬᠦ ᠤᠯᠳᠠᠪᠤᠷᠢ ᠨᠢ ᠭᠠᠵᠠᠷ ᠲᠠᠷᠢᠶᠠᠯᠠᠩ᠂ ᠵᠢᠭᠠᠰᠣ | ᠠᠩᠨᠠᠬᠤ ᠬᠤᠶᠠᠷ ᠰᠠᠭᠤᠷᠢᠰᠢᠮᠠᠯ ᠠᠵᠤ ᠠᠬᠤᠢ ᠶᠢᠨ ᠬᠤᠯᠪᠤᠭ᠎ᠠ ᠶᠢ ᠢᠯᠡᠳᠬᠡᠭᠰᠡᠨ ᠢᠶᠠᠷ ᠭᠤᠶᠢᠳᠠ ᠰᠣᠨᠢᠨ | ᠲᠤᠷᠠᠰᠬᠠᠯ ᠪᠤᠯᠤᠨ᠎ᠠ᠃ |