ᠴᠢᠯᠠᠭᠤᠨ ᠨᠤᠬᠤᠭᠤᠷ | ᠰᠠᠮᠪᠠᠷ᠎ᠠ ᠴᠢᠯᠠᠭᠤ ᠲᠠᠢ ᠨᠢᠭᠡ ᠢᠵᠢ ᠪᠦᠷᠢᠨ ᠦᠷ᠎ᠡ ᠲᠡᠷᠢᠶᠡᠨ ᠵᠦᠢᠯ ᠦᠯᠳᠡᠯᠡᠵᠦ᠂ ᠨᠠᠷᠢᠨ | ᠰᠢᠷᠭᠡᠭ ᠲᠠᠢ ᠪᠤᠯᠬᠤ ᠵᠡᠪᠰᠡᠭ᠂ ᠡᠶᠢᠮᠦ ᠠᠴᠠ ᠴᠦ ᠡᠳᠡᠭᠡᠷ ᠨᠢ ᠨᠢᠭᠡ ᠲᠤᠤᠷ᠎ᠠ ᠠᠴᠠ ᠢᠵᠢ ᠪᠦᠷᠢᠨ ᠢᠶᠠᠷ ᠤᠯᠳᠠᠬᠤ | ᠨᠢ ᠴᠦᠭᠡᠨ ᠦᠭᠡᠢ᠂ ᠰᠠᠮᠪᠠᠷ᠎ᠠ ᠴᠢᠯᠠᠭᠤᠨ ᠲᠡᠭᠡᠷ᠎ᠠ ᠦᠷ᠎ᠡ ᠲᠡᠷᠢᠶᠡᠨ ᠵᠦᠢᠯ ᠢ ᠨᠢᠴᠠᠯᠠᠵᠤ ᠲᠡᠯᠬᠠᠳᠠᠬᠤ ᠳᠤ | ᠬᠡᠷᠡᠭᠯᠡᠵᠦ ᠪᠠᠶᠢᠭᠰᠠᠨ ᠪᠤᠯᠤᠯᠳᠠᠢ᠂ ᠬᠤᠪᠢᠳᠣ ᠠᠶᠢᠮᠠᠭ ᠤᠨ ᠲᠠᠭᠤᠳᠣ᠂ ᠪᠠᠶᠠᠨᠬᠤᠡᠭᠭᠤᠷ ᠠᠶᠢᠮᠠᠭ ᠤᠨ ᠪᠠᠶᠠᠯᠢᠭ᠂ | ᠲᠤᠷᠣᠨᠠᠭᠤᠪᠢ ᠠᠶᠢᠮᠠᠭ ᠤᠨ ᠡᠷᠳᠡᠨᠢ᠂ ᠰᠣᠯᠢ ᠶᠢᠨ ᠬᠡᠬᠡᠷ᠎ᠡ᠂ ᠰᠦᠬᠡᠪᠠᠭᠠᠳᠣᠷ ᠠᠶᠢᠮᠠᠭ ᠤᠨ ᠮᠦᠡᠭᠭᠡ ᠬᠠᠭᠠᠨ᠂ | ᠤᠡᠭᠭᠤᠨ᠂ ᠲᠡᠷᠢᠭᠠᠡᠭᠭᠠ᠂ ᠨᠠᠷᠠᠨ᠂ ᠬᠤᠨᠭ᠍ᠭᠤᠷ ᠰᠣᠮᠣ ᠲᠤᠷᠤᠨᠠᠳᠣ ᠠᠶᠢᠮᠠᠭ ᠤᠨ ᠲᠦᠷᠪᠡᠨ ᠲᠤᠯᠤᠭᠠᠢ ᠵᠡᠷᠭᠡ ᠰᠣᠮᠣ | ᠣᠷᠤᠨ ᠨᠤᠳᠤᠭ ᠤᠨ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ᠪᠠᠭᠤᠴᠠ ᠰᠠᠭᠤᠷᠢᠨ ᠠᠴᠠ ᠤᠷᠳᠣ᠂ ᠪᠤᠭᠤᠨᠢ᠂ | ᠪᠤᠯᠴᠤᠭᠤᠳᠠᠢ᠂ ᠪᠤᠯᠴᠤᠤ ᠦᠭᠡᠢ᠂ ᠲᠤᠮᠤ ᠵᠢᠵᠢᠭ ᠴᠢᠯᠠᠭᠤᠨ ᠨᠤᠬᠤᠭᠤᠷ ᠴᠦᠭᠡᠨ ᠦᠭᠡᠢ ᠤᠯᠳᠠᠭᠰᠠᠨ᠂ ᠤᠷᠳᠣ | ᠨᠢ ᠲᠤᠮᠳᠠᠴᠢ ᠪᠠᠷ ᠮᠤᠬᠤᠷ ᠲᠤᠬᠤᠢ ᠠᠴᠠ ᠭᠤᠷᠪᠠᠨ ᠬᠤᠷᠤᠭᠤ ᠭᠦᠷᠳᠡᠯ᠎ᠡ᠂ ᠪᠦᠳᠦᠭᠦᠨ ᠲᠠᠯ᠎ᠠ ᠨᠢ ᠭᠤᠤᠯᠴᠢ 5 | ᠊᠊᠊᠊᠊ 6 ᠬᠤᠷᠤᠭᠤ ᠠᠴᠠ 2 ᠬᠤᠷᠤᠭᠤ ᠬᠢᠷᠢᠳᠠᠢ ᠭᠤᠤᠯᠳᠠᠭᠤ ᠪᠠᠶᠢᠨ᠎ᠠ᠃ ᠵᠤᠬᠢᠶᠠᠭᠴᠢ ᠶᠢᠨ ᠴᠣᠭᠯᠠᠭᠤᠯᠭ᠎ᠠ ᠳᠤ | ᠡᠮᠦᠨ᠎ᠡ ᠭᠤᠪᠢ ᠠᠶᠢᠮᠠᠭ ᠤᠨ ᠬᠦᠷᠡᠮ ᠰᠣᠮᠣ ᠶᠢᠨ ᠨᠤᠳᠤᠭ ᠪᠠᠭᠤᠷᠢᠨ ᠬᠠᠳᠠᠨ ᠠᠴᠠ ᠤᠯᠤᠭᠰᠠᠨ ᠨᠢᠭᠡᠨ ᠵᠢᠵᠢᠭ | ᠬᠡᠮᠵᠢᠶ᠎ᠡ ︵ᠤᠷᠳᠣ ᠪᠤᠶᠤ ᠦᠨᠳᠦᠷ 5.5 ᠰᠡᠨᠲ᠋ᠢᠮᠧᠲᠷ᠂ ᠰᠠᠭᠤᠷᠢᠨ ᠪᠤᠶᠤ ᠲᠠᠯ᠎ᠠ ᠭᠤᠤᠯᠴᠢ 3.4 ᠰᠡᠨᠲ᠋ᠢᠮᠧᠲᠷ | ᠪᠤᠯᠴᠣᠦ ᠪᠠᠷᠢᠭᠤᠯ ᠲᠠᠢ︶ ᠪᠦᠭᠦᠢ ᠨᠢᠭᠳᠠᠯᠢᠭ᠂ ᠴᠠᠶᠢᠪᠤᠷ᠂ ᠰᠢᠷᠭᠠᠯ ᠦᠡᠭᠭᠡ ᠶᠢᠨ ᠡᠯᠡᠰᠦᠨ ᠴᠢᠯᠠᠭᠤᠨ ᠨᠤᠬᠤᠭᠤᠷ | ᠬᠠᠳᠠᠭᠠᠯᠠᠭᠳᠠᠵᠤ ᠪᠤᠢ᠂ ᠴᠢᠯᠠᠭᠤᠨ ᠤᠬᠤᠭᠤᠷ ᠨᠢ ᠡᠨᠡᠴᠢᠯᠡᠨ ᠤᠷᠤᠨ ᠨᠤᠳᠤᠭ ᠤᠨ ᠬᠡᠷᠡᠭᠯᠡᠳᠡᠭᠦᠨ ᠠᠴᠠ | ᠬᠠᠮᠢᠶᠠᠷᠴᠤ ᠶᠡᠬᠡᠪᠴᠢᠯᠡᠨ ᠪᠤᠷᠵᠢᠨ᠂ ᠨᠢᠭᠳᠠ ᠰᠢᠷᠬᠡᠭᠳᠦ ᠡᠯᠡᠰᠦᠨ ᠴᠢᠯᠠᠭᠤ᠂ ᠨᠢᠭᠳᠠ ᠵᠠᠨᠠᠷ᠂ ᠵᠠᠷᠢᠮ ᠳᠠᠭᠠᠨ | ᠲᠠᠯ᠎ᠠ ᠳᠤ ᠠᠭᠤᠯᠠ ᠶᠢᠨ ᠴᠢᠯᠠᠭᠤ ᠪᠠᠷ ᠬᠢᠭᠳᠡᠭᠰᠡᠨ ᠪᠠᠶᠢᠳᠠᠭ᠃ ᠲᠤᠬᠠᠶᠢᠯᠠᠪᠠᠯ ᠰᠦᠬᠡᠪᠠᠭᠠᠳᠣᠷ ᠠᠶᠢᠮᠠᠭ ᠤᠨ | ᠨᠤᠳᠤᠭ ᠠᠴᠠ ᠤᠯᠳᠠᠭᠰᠠᠨ ︵ᠮᠦᠽᠸᠢ ᠦᠵᠡᠮᠦᠷᠢ ᠳᠤ ᠲᠠᠯᠪᠢᠭᠳᠠᠭᠰᠠᠨ︶ ᠵᠢᠷᠭᠤᠭᠠᠨ ᠰᠢᠷᠭᠡᠭ ᠨᠤᠬᠤᠭᠤᠷ | ᠴᠢᠯᠠᠭᠤ ᠶᠢᠨ ᠬᠤᠶᠡᠷ ᠨᠢ ᠵᠢᠵᠢᠭ ᠰᠢᠷᠭᠡᠭᠳᠦ ᠪᠤᠷᠵᠢᠨ᠂ ᠨᠢᠭᠡ ᠨᠢ ᠡᠯᠡᠰᠦᠨ ᠴᠢᠯᠠᠭᠤ᠂ ᠪᠤᠰᠣᠳ ᠨᠢ ᠭᠠᠯᠳᠣ | ᠠᠭᠤᠯᠠ ᠶᠢᠨ ᠨᠢᠭᠳᠠ ᠴᠢᠯᠠᠭᠤᠯᠢᠭ ᠪᠠᠶᠢᠪᠠ᠃ ᠴᠢᠯᠠᠭᠤᠨ ᠨᠤᠬᠤᠭᠤᠷ ᠪᠠᠭᠠᠵᠢ ᠨᠤᠭᠤᠳ ᠢ ᠦᠢᠯᠡᠳᠦᠭᠰᠡᠨ | ᠬᠠᠶᠢᠷᠭᠠᠨ ᠵᠡᠷᠭᠡ ᠪᠠᠶᠢᠭᠠᠯᠢ ᠶᠢᠨ ᠴᠢᠯᠠᠭᠤ ᠶᠢ ᠪᠠᠷᠢᠬᠤ ᠳᠤ ᠡᠪᠳᠡᠢ ᠶᠢ ᠠᠰᠢᠭᠯᠠᠭᠰᠠᠨ ᠲᠠᠯ᠎ᠠ ᠪᠠᠭ᠎ᠠ ᠦᠭᠡᠢ | ᠠᠵᠢᠭᠯᠠᠭᠳᠠᠳᠠᠭ᠃ |