ᠦᠭᠡ ᠭᠡᠯᠡ ᠦᠰᠦᠭ ᠪᠢᠴᠢᠭ ᠤᠨ ᠭᠦᠨᠳᠦᠴᠡ | ᠪᠠᠲᠤᠪᠤᠯᠤᠳ | ᠳᠡᠯᠡᠭᠡᠢ ᠳᠡᠭᠡᠷ᠎ᠡ ᠤᠳᠤ ᠭᠡᠳᠤᠢ ᠦᠭᠡ ᠭᠡᠯᠡᠨ ᠦᠰᠦᠭ ᠪᠢᠴᠢᠭ ᠤᠨ ᠲᠦᠷᠦᠯ ᠤᠷᠤᠰᠢᠵᠤ ᠪᠠᠶᠢᠭ᠎ᠠ ᠳᠤ | ᠳᠤᠳᠤᠷᠬᠠᠢ ᠪᠦᠷᠢᠳᠭᠡᠯ ᠬᠢᠵᠤ ᠴᠢᠳᠠᠬᠤ ᠪᠠᠨ ᠪᠤᠯᠢᠭᠰᠠᠨ ᠪᠠᠶᠢᠬᠤ᠃ ᠤᠴᠢᠷ ᠨᠢ ᠦᠭᠡ ᠭᠡᠯᠡ ᠦᠰᠦᠭ ᠪᠢᠴᠢᠭ | ᠶᠠᠮᠠᠷ ᠨᠢᠭᠡᠨ ᠨᠦᠯᠦᠭᠡᠯᠡᠯ ᠤᠨ ᠳᠤᠤᠷ᠎ᠡ ᠤᠰᠠᠳᠤᠨ ᠠᠷᠢᠯᠠᠭᠰᠠᠭᠠᠷ ᠪᠤᠢ᠃ ᠭᠦᠮᠦᠨ ᠲᠦᠷᠦᠯᠬᠢᠳᠡᠨ ᠤᠷᠤᠰᠢᠨ | ᠳᠤᠭᠳᠠᠨᠢᠵᠤ ᠪᠠᠶᠢᠳᠠᠭ ᠯᠡ ᠶᠤᠮ ᠪᠤᠯ ᠶᠠᠮᠠᠷ ᠨᠢᠭᠡᠨ ᠦᠭᠡ ᠭᠡᠯᠡ ᠦᠰᠦᠭ ᠪᠢᠴᠢᠭ ᠢᠶᠠᠷ ᠬᠠᠷᠢᠯᠴᠠᠬᠤ ᠱᠠᠭᠠᠷᠳᠠᠯᠭ᠎ᠠ | ᠭᠠᠷᠤᠨ᠎ᠠ᠃ ᠮᠦᠨᠴᠤ ᠶᠠᠮᠠᠷ ᠨᠢᠭᠡᠨ ᠤᠭᠰᠠᠭ᠎ᠠ ᠭᠠᠷᠪᠠᠯᠢ ᠶᠠᠮᠠᠷ ᠨᠢᠭᠡᠨ ᠦᠭᠡ ᠭᠡᠯᠡ ᠦᠰᠦᠭ ᠪᠢᠴᠢᠭ ᠢᠶᠠᠷ | ᠬᠠᠷᠢᠯᠴᠠᠬᠤ ᠨᠢ ᠳᠡᠳᠡᠨ ᠤ ᠬᠠᠮᠤᠭ ᠤᠨ ᠦᠨᠳᠦᠰᠦᠨ ᠡᠷᠭᠡ ᠪᠠᠶᠢᠬᠤ ᠶᠤᠰᠤᠲᠠᠢ ᠦᠨᠦᠳᠤᠷ ᠪᠢᠳᠡᠨ ᠳᠤ ᠲᠠᠭ᠎ᠠ | ᠦᠭᠡᠢ ᠵᠦᠢᠯ ᠳᠤᠬᠢᠶᠠᠵᠤ ᠪᠠᠶᠢᠨ᠎ᠠ᠃ ᠦᠭᠡ ᠭᠡᠯᠡ ᠦᠰᠦᠭ ᠪᠢᠴᠢᠭ ᠢᠶᠠᠨ ᠰᠤᠷᠬᠤ᠂ ᠳᠡᠭᠦᠨ ᠢᠶᠠᠷ ᠢᠶᠠᠨ | ᠬᠠᠷᠢᠯᠴᠠᠬᠤ ᠭᠡᠭᠦ ᠦᠨᠳᠦᠰᠦᠨ ᠮᠡᠳᠡᠯ ᠳᠤ ᠰᠦᠷᠭᠡᠤ ᠪᠠᠷ ᠨᠦᠯᠦᠭᠡᠯᠡᠵᠤ ᠡᠬᠢᠯᠡᠭᠡᠳ ᠪᠠᠶᠢᠨ᠎ᠠ᠃ ᠮᠤᠩᠭᠤᠯ ᠦᠭᠡ | ᠭᠡᠯᠡ ᠦᠰᠦᠭ ᠪᠢᠴᠢᠭ ᠪᠤᠢ ᠪᠤᠯᠤᠭᠠᠳ ᠤᠯᠠᠨ ᠵᠠᠭᠤᠨ ᠵᠢᠯ ᠭᠡᠷᠡᠭᠯᠡᠭᠳᠡᠨ ᠮᠠᠰᠢ ᠴᠢᠩᠭ᠎ᠠ ᠲᠢᠭᠯᠢᠮ ᠲᠠᠢ᠂ ᠵᠠᠷᠴᠢᠮ | ᠲᠠᠢ᠂ ᠰᠢᠰᠲ᠋ᠧᠮᠵᠢᠭᠰᠡᠨ ᠦᠭᠡ ᠭᠡᠯᠡ ᠦᠰᠦᠭ ᠪᠢᠴᠢᠭ ᠪᠤᠯᠤᠭᠰᠠᠨ ᠤ ᠬᠤᠪᠢ ᠳᠤ ᠮᠤᠩᠭᠤᠯᠴᠤᠳ ᠳᠡᠳᠤᠢ ᠦᠭᠡᠢ | ᠳᠡᠯᠡᠭᠡᠢ ᠶᠢᠨ ᠦᠭᠡ ᠭᠡᠯᠡ ᠦᠰᠦᠭ ᠪᠢᠴᠢᠭ ᠤᠨ ᠳᠡᠤᠭᠡᠨ ᠳᠤ ᠪᠠᠯᠠᠷᠠᠰᠢ ᠦᠭᠡᠢ ᠠᠴᠢ ᠬᠤᠯᠪᠤᠭᠳᠠᠯ ᠲᠠᠢ ᠪᠠᠶᠢᠳᠠᠭ | ᠃ ᠡᠶᠢᠮᠤᠷᠭᠦ ᠦᠨᠢ ᠤᠳᠠᠭᠠᠨ ᠤ ᠦᠢᠯᠡᠴᠢᠯᠡᠯᠭᠡ ᠲᠠᠢ ᠦᠭᠡ ᠭᠡᠯᠡ ᠦᠰᠦᠭ ᠪᠢᠴᠢᠭ ᠨᠢ ᠡᠩ ᠤᠨ ᠤᠷᠤᠰᠢᠯ ᠤᠨ | ᠶᠠᠪᠤᠴᠠ ᠳᠤᠮᠳᠠ ᠶᠠᠮᠠᠷ ᠴᠤ ᠰᠦᠷᠭᠡᠤ ᠭᠦᠴᠦᠨ ᠤ ᠨᠦᠯᠦᠭᠡᠯᠡᠯ ᠦᠭᠡᠢ ᠳᠤᠬᠢᠶᠠᠯᠳᠤᠯ ᠳᠤ ᠤᠰᠠᠳᠤᠨ ᠠᠷᠢᠯᠠᠬᠤ | ᠭᠡᠳᠡᠭ ᠪᠤᠯ ᠪᠠᠶᠢᠵᠤ ᠪᠤᠯᠤᠰᠢ ᠦᠭᠡᠢ ᠶᠤᠮ᠃ ᠬᠡᠬᠦ ᠳᠤ ᠦᠨᠦᠳᠤᠷ ᠲᠡᠶᠢᠮᠤ ᠪᠢᠰᠢ ᠪᠤᠯᠵᠤ ᠪᠤᠢ᠃ | ᠦᠭᠡ ᠬᠡᠯᠡ ᠦᠰᠦᠭ ᠪᠢᠴᠢᠭ ᠪᠤᠯ ᠨᠢᠭᠡᠨ ᠤᠭᠰᠠᠭ᠎ᠠ ᠭᠠᠷᠪᠠᠯᠢ᠂ ᠦᠨᠳᠦᠰᠦᠳᠡᠨ ᠤ ᠦᠨᠢ ᠤᠳᠠᠭᠠᠨ ᠤ | ᠳᠡᠤᠭᠡᠨ ᠶᠠᠪᠤᠴᠠ ᠳᠤ ᠪᠤᠶᠢᠵᠢᠨ ᠪᠤᠵᠠᠭᠠᠶᠢᠷᠠᠭᠰᠠᠨ ᠬᠠᠷᠢᠯᠴᠠᠭᠠᠨ ᠤ ᠦᠢᠯᠡ ᠠᠵᠢᠯᠯᠠᠭ᠎ᠠ ᠶᠤᠮ᠃ ᠡᠭᠦᠨ ᠳᠤ | ᠦᠨᠳᠦᠰᠦᠳᠡᠨ ᠤ ᠬᠠᠶᠢᠷ᠎ᠠ ᠰᠡᠳᠬᠢᠯᠭᠡ᠂ ᠬᠠᠮ ᠰᠡᠷᠡᠯ᠂ ᠵᠠᠩ ᠵᠠᠩᠰᠢᠯ᠂ ᠠᠮᠢᠳᠤᠷᠠᠯ ᠤᠨ ᠬᠡᠯᠪᠡᠷᠢ ᠵᠠᠶᠠᠭ ᠭᠡᠳ | ᠨᠢᠭᠡ ᠤᠭᠰᠠᠬᠠ ᠭᠠᠷᠪᠠᠯᠢ ᠶᠢᠨ ᠪᠦᠬᠦᠯᠢ ᠪᠦᠳᠦᠨ ᠵᠦᠢᠯ ᠪᠠᠭᠳᠠᠳᠠᠭ᠃ ᠲᠡᠶᠢᠮᠤ ᠴᠤ ᠠᠮᠠᠷᠬᠠᠨ ᠭᠠᠭᠴᠠ ᠬᠤᠶᠠᠷ | ᠳᠤᠭᠳᠠᠭᠠᠯ ᠢᠶᠠᠨ ᠦᠭᠡᠶᠢᠰᠭᠡᠵᠤ ᠴᠢᠳᠠᠰᠢ ᠦᠭᠡᠢ ᠪᠠᠶᠢᠳᠠᠭ᠃ ᠦᠭᠡ ᠭᠡᠯᠡ ᠦᠰᠦᠭ ᠪᠢᠴᠢᠭ ᠠᠴᠠ ᠪᠠᠨ | ᠰᠠᠯᠤᠭᠰᠠᠨ ᠳᠤᠬᠢᠶᠠᠯᠳᠤᠯ ᠳᠤ ᠨᠢᠭᠡ ᠦᠨᠳᠦᠰᠦᠳᠡᠨ ᠮᠦᠬᠦᠨ ᠰᠦᠨᠦᠬᠦ ᠨᠢ ᠵᠠᠶᠢᠯᠠᠰᠢ ᠦᠭᠡᠢ ᠭᠡᠳᠡᠭ ᠨᠢ ᠭᠦᠮᠦᠰ | ᠤᠨ ᠨᠡᠶᠢᠳᠡ ᠶᠢᠨ ᠲᠠᠨᠢᠯᠳᠠ ᠪᠤᠯᠤᠭᠰᠠᠨ ᠦᠨᠦᠳᠤᠷ ᠭᠡᠨ ᠬᠦᠮᠦᠨ ᠵᠤᠷᠢᠯᠭ᠎ᠠ ᠲᠠᠢ ᠪᠠᠷ ᠶᠠᠮᠠᠷ ᠨᠢᠭᠡᠨ ᠦᠨᠳᠦᠰᠦᠳᠡᠨ | ᠤ ᠦᠭᠡ ᠭᠡᠯᠡ ᠦᠰᠦᠭ ᠪᠢᠴᠢᠭ ᠢᠶᠠᠨ ᠰᠤᠷᠬᠤ᠂ ᠭᠡᠷᠡᠭᠯᠡᠭᠦ᠂ ᠦᠷᠭᠦᠯᠵᠢᠯᠡᠨ ᠭᠦᠭᠵᠢᠬᠦᠯᠭᠦ ᠶᠢ ᠬᠠᠷᠰᠢᠯᠠᠬᠤ᠂ | ᠬᠤᠷᠢᠭ ᠲᠠᠯᠪᠢᠬᠤ ᠪᠤᠯ ᠢᠯᠡ ᠪᠠᠷ ᠹᠠᠱᠢᠰ ᠠᠵᠢᠯᠯᠠᠭ᠎ᠠ ᠶᠠᠪᠤᠭᠤᠯᠵᠤ ᠪᠠᠶᠢᠭ᠎ᠠ ᠭᠡᠷᠡᠭ ᠶᠤᠮ᠃ ᠦᠪᠡᠷ ᠤᠨ ᠦᠭᠡ | ᠭᠡᠯᠡᠨ ᠠᠴᠠ ᠪᠠᠨ ᠤᠶᠢᠳᠠᠨ ᠰᠠᠯᠤᠭᠰᠠᠳ ᠶᠡᠷᠦ ᠠᠴᠠ ᠪᠠᠶᠢᠬᠤ ᠦᠭᠡᠢ᠃ ᠬᠠᠷᠢᠨ ᠶᠠᠮᠠᠷ ᠨᠢᠭᠡᠨ ᠬᠤᠷᠢᠭᠳᠠᠭᠰᠢ | ᠦᠭᠡᠢ ᠬᠠᠷᠢ ᠨᠦᠯᠦᠭᠡᠯᠡᠯ ᠤᠨ ᠳᠤᠤᠷ᠎ᠡ ᠯᠡ ᠰᠠᠶ᠋ᠢ ᠠᠷᠭ᠎ᠠ ᠦᠭᠡᠢ ᠶᠢᠨ ᠡᠷᠭᠡ ᠪᠠᠷ ᠬᠠᠭᠠᠴᠠᠳᠠᠭ᠃ ᠡᠭᠦᠨ ᠢ | ᠦᠨᠦᠳᠤᠷ ᠪᠢᠳᠡ ᠳᠡᠯᠡᠭᠡᠢ ᠳᠤ ᠬᠠᠷᠠᠭᠤᠯᠵᠤ ᠡᠬᠢᠯᠡᠭᠡᠳ ᠪᠠᠶᠢᠨ᠎ᠠ᠃ | ᠦᠭᠡ ᠭᠡᠯᠡ ᠦᠰᠦᠭ ᠪᠢᠴᠢᠭ ᠤᠨ ᠳᠡᠤᠭᠡ ᠪᠤᠯ ᠳᠡᠯᠡᠭᠡᠢ ᠶᠢᠨ ᠭᠦᠮᠦᠨ ᠲᠦᠷᠦᠯᠬᠢᠳᠡᠨ ᠤ ᠳᠡᠤᠭᠡ ᠶᠢᠨ | ᠳᠡᠮᠳᠡᠭᠯᠡᠯ ᠶᠤᠮ᠃ ᠲᠠᠷᠤᠢ ᠬᠦᠮᠦᠨ ᠲᠦᠷᠦᠯᠬᠢᠳᠡᠨ ᠤ ᠬᠠᠮᠳᠤ ᠶᠢᠨ ᠦᠪ ᠰᠤᠶᠤᠯ ᠪᠤᠯᠤᠨ᠎ᠠ᠃ ᠦᠭᠡ ᠭᠡᠯᠡ | ᠦᠰᠦᠭ ᠪᠢᠴᠢᠭ ᠭᠡᠳᠤᠶᠢᠪᠡᠷ ᠨᠢᠭᠡ ᠤᠭᠰᠠᠭ᠎ᠠ ᠭᠠᠷᠪᠠᠯᠢ ᠶᠢᠨ ᠭᠡᠷᠡᠭᠴᠡᠭᠡ ᠪᠠᠷ ᠵᠤᠬᠢᠶᠠᠭᠳᠠᠨ ᠪᠤᠯᠪᠠᠰᠤᠷᠠᠭᠰᠠᠨ | ᠭᠡᠳᠡᠭ ᠪᠤᠯᠪᠠᠴᠤ ᠲᠡᠷᠡ ᠨᠢ ᠪᠦᠬᠦᠯᠢ ᠳᠡᠭᠡᠨ ᠭᠦᠮᠦᠨ ᠲᠦᠷᠦᠯᠬᠢᠳᠡᠨ ᠤ ᠳᠡᠤᠭᠡ ᠶᠢᠨ ᠦᠷᠭᠦᠯᠵᠢᠯᠡᠯ᠂ ᠳᠡᠮᠳᠡᠭᠯᠡᠯ | ᠪᠤᠯᠵᠤ ᠭᠦᠮᠦᠨ ᠵᠤᠨ ᠤ ᠳᠤᠮᠳᠠ ᠦᠯᠡᠳᠡᠨ ᠬᠤᠴᠤᠷᠳᠠᠭ᠃ ︽ᠮᠤᠩᠭᠤᠯ ᠤᠨ ᠨᠢᠭᠤᠴᠠ ᠳᠤᠪᠴᠢᠶᠠᠨ︾ ᠡᠭᠦᠨ ᠢ | ᠳᠡᠯᠡᠭᠡᠢ ᠳᠤ ᠦᠭᠦᠯᠡᠳᠡᠭ ᠶᠤᠮ᠃ ᠡᠨᠡᠭᠦ ᠠᠪᠤᠷᠭᠤ ᠳᠤᠮᠤ ᠳᠡᠤᠭᠡᠨ ᠪᠢᠴᠢᠭ ᠪᠠᠶᠢᠭᠰᠠᠨ ᠠᠴᠠ ᠳᠡᠯᠡᠭᠡᠢ ᠶᠢᠨ ᠭᠦᠮᠦᠨ | ᠲᠦᠷᠦᠯᠬᠢᠳᠡᠨ ᠠᠷᠪᠠᠨ ᠭᠤᠷᠪᠠᠳᠤᠭᠠᠷ ᠵᠠᠭᠤᠨ ᠢ ᠤᠶᠢᠯᠠᠭᠠᠨ ᠮᠡᠳᠡᠳᠡᠭ ᠪᠤᠯᠤᠭᠰᠠᠨ᠃ ᠡᠵᠡᠨ ᠴᠢᠩᠭᠢᠰ ᠪᠤᠯᠤᠨ | ᠮᠤᠩᠭᠤᠯᠴᠤᠳ ᠤᠨ ᠳᠡᠯᠡᠭᠡᠢ ᠶᠢ ᠨᠦᠯᠦᠭᠡᠯᠡᠭᠰᠡᠨ ᠦᠢᠯᠡᠳᠤᠯ ᠢ ᠮᠡᠳᠡᠷᠡᠨ ᠵᠦᠪᠰᠢᠶᠡᠷᠡᠳᠡᠭ ᠪᠤᠯᠤᠭᠰᠠᠨ᠃ ᠡᠳᠤᠭᠡ | ᠡᠨᠡᠭᠦ ᠠᠭᠤᠤ ᠳᠡᠤᠭᠡ ᠢ ᠳᠡᠮᠳᠡᠭᠯᠡᠨ ᠦᠯᠡᠳᠡᠭᠡᠭᠰᠡᠨ ᠦᠰᠦᠭ ᠪᠢᠴᠢᠭ ᠤᠨ ᠦᠷᠭᠦᠯᠵᠢᠯᠡᠨ ᠭᠦᠭᠵᠢᠨ ᠪᠤᠵᠠᠭᠠᠶᠢᠷᠠᠬᠤ | ᠵᠠᠮ ᠬᠠᠷᠰᠢᠯᠠᠯ ᠳᠤ ᠤᠴᠠᠷᠠᠵᠤ ᠲᠠᠷᠤᠩᠭᠤᠢ ᠵᠠᠰᠠᠭᠯᠠᠯ ᠤᠨ ᠵᠤᠬᠢᠴᠠᠭᠤᠯᠤᠯ ᠳᠤᠤᠷ᠎ᠡ ᠬᠠᠷ᠎ᠠ ᠠᠯᠪᠡ ᠪᠠᠷ ᠲᠠᠰᠤᠯᠠᠨ | ᠵᠤᠭᠰᠤᠭᠠᠭᠳᠠᠬᠤ ᠳᠤᠩᠬᠠᠭ ᠨᠡᠶᠢᠳᠡᠯᠡᠭᠳᠡᠭᠡᠳ ᠪᠠᠶᠢᠨ᠎ᠠ᠃ ᠳᠡᠯᠡᠬᠡᠢ ᠨᠡᠶᠢᠳᠡ ᠳᠤ ᠭᠦᠮᠦᠰ ᠰᠤᠶᠤᠨ ᠭᠡᠭᠡᠷᠡᠯ ᠢ | ᠭᠦᠨᠳᠦᠯᠡᠵᠤ᠂ ᠴᠦᠭᠡᠩᠬᠢ ᠶᠢᠨ ᠦᠭᠡ ᠭᠡᠯᠡ ᠦᠰᠦᠭ ᠪᠢᠴᠢᠭ ᠢ ᠲᠠᠶᠢᠴᠢᠯᠠᠨ ᠬᠠᠮᠠᠭᠠᠯᠠᠬᠤ ᠵᠤᠷᠢᠯᠭᠠᠳᠤ ᠠᠵᠢᠯᠯᠠᠭ᠎ᠠ | ᠲᠦᠬᠦᠵᠤ ᠪᠤᠢ ᠦᠨᠦᠳᠤᠷ ᠳᠡᠯᠡᠬᠡᠢ ᠶᠢᠨ ᠭᠡᠯᠡ ᠪᠤᠯᠵᠤ ᠶᠠᠪᠤᠭᠰᠠᠨ ᠮᠤᠩᠭᠤᠯ ᠦᠭᠡ ᠭᠡᠯᠡ ᠦᠰᠦᠭ ᠪᠢᠴᠢᠭ ᠬᠠᠷᠢᠨ | ᠭᠡᠷᠡᠭᠯᠡᠭᠳᠡᠭᠦ ᠭᠡᠪᠴᠢᠶ᠎ᠡ ᠨᠢ ᠢᠪᠴᠠᠤᠷᠠᠭᠰᠠᠭᠠᠷ ᠪᠠᠶᠢᠵᠤ ᠡᠳᠤᠭᠡ ᠵᠠᠷᠢᠮ ᠭᠠᠵᠠᠷ ᠰᠤᠷᠬᠤ ᠪᠤᠶᠤ ᠭᠡᠷᠡᠭᠯᠡᠭᠳᠡᠭᠦ ᠡᠷᠭᠡ | ᠵᠦᠢ ᠨᠢ ᠲᠠᠭᠠᠷᠢᠯᠳᠠ ᠳᠤ ᠤᠴᠠᠷᠠᠵᠤ ᠲᠦᠷᠦ ᠵᠠᠰᠠᠭ ᠨᠠᠮ ᠺᠦᠷᠦᠫ ᠠᠴᠠ ᠦᠨᠳᠦᠰᠦᠳᠡᠨ ᠤ ᠤᠷᠤᠨ ᠤ ᠰᠤᠶᠤᠨ | ᠭᠡᠭᠡᠷᠡᠯ ᠳᠤ ᠭᠦᠨᠳᠤᠯᠡᠯ ᠲᠠᠢ ᠬᠠᠨᠳᠤᠬᠤ ᠠᠯᠢ ᠤᠯᠠᠨ ᠪᠤᠳᠤᠯᠭ᠎ᠠ ᠳᠤᠭᠳᠠᠭᠠᠭᠳᠠᠭᠰᠠᠨ ᠴᠤ ᠭᠡᠷᠡᠭᠵᠢᠬᠦ ᠶᠠᠪᠤᠴᠠ ᠳᠤ | ᠠᠯᠢ ᠤᠯᠠᠨ ᠭᠡᠳᠤᠷᠡᠮᠬᠡᠢ ᠦᠵᠡᠯᠳᠡᠳ ᠤᠨ ᠬᠠᠷᠰᠢᠯᠠᠯ ᠳᠤ ᠤᠴᠠᠷᠠᠭᠰᠠᠭᠠᠷ ᠪᠠᠶᠢᠨ᠎ᠠ᠃ | ᠦᠭᠡ ᠭᠡᠯᠡ ᠦᠰᠦᠭ ᠪᠢᠴᠢᠭ ᠨᠢ ᠳᠤᠬᠠᠢ ᠶᠢᠨ ᠦᠨᠳᠦᠰᠦᠳᠡᠨ ᠤ ᠢᠷᠭᠡᠳ ᠤᠨ ᠬᠠᠷᠢᠯᠴᠠᠭᠠᠨ ᠤ ᠪᠠᠭᠠᠵᠢ | ᠳᠡᠳᠤᠢ ᠦᠭᠡᠢ ᠳᠡᠯᠡᠬᠡᠢ ᠶᠢᠨ ᠠᠯᠢ ᠤᠯᠠᠨ ᠠᠷᠢᠰᠦᠳᠠᠨ ᠶᠠᠰᠤᠲᠠᠳ ᠤᠨ ᠬᠠᠷᠢᠯᠴᠠᠨ ᠤᠶᠢᠯᠠᠭᠠᠯᠴᠠᠬᠤ ᠪᠠᠭᠠᠵᠢ | ᠪᠠᠶᠢᠬᠤ ᠶᠤᠰᠤᠲᠠᠢ᠃ ᠡᠶᠢᠮᠤ ᠤᠳᠬ᠎ᠠ ᠪᠠᠷ ᠢᠶᠠᠨ ᠦᠭᠡ ᠭᠡᠯᠡ ᠦᠰᠦᠭ ᠪᠢᠴᠢᠭ ᠨᠢ ᠮᠠᠰᠢ ᠦᠨ᠎ᠡ ᠴᠠᠨ᠎ᠠ ᠲᠠᠢ | ᠪᠦᠭᠡᠳ ᠬᠠᠶᠢᠷᠠᠯᠠᠨ ᠬᠢᠮᠠᠭᠠᠳᠠᠬᠤ ᠶᠤᠰᠤᠲᠠᠢ ᠵᠦᠢᠯ ᠶᠤᠮ᠃ ᠳᠡᠯᠡᠭᠡᠢ ᠳᠤ ᠦᠭᠡ ᠭᠡᠯᠡ ᠦᠰᠦᠭ ᠪᠢᠴᠢᠭ ᠤᠨ | ᠬᠠᠮᠠᠭᠠᠯᠠᠯᠳᠠ ᠶᠢᠨ ᠲᠦᠯᠦᠭᠡ ᠰᠢᠷᠭᠠᠭᠤ ᠬᠠᠳᠠᠭᠤᠵᠢᠯᠲᠠᠢ ᠠᠵᠢᠯᠯᠠᠵᠤ ᠪᠤᠢ ᠵᠤᠬᠢᠶᠠᠨ ᠪᠠᠶᠢᠭᠤᠯᠤᠯᠳᠠ ᠬᠤᠪᠢ | ᠬᠦᠮᠦᠨ ᠮᠤᠨᠳᠠᠬᠤ ᠦᠭᠡᠢ ᠤᠯᠠᠨ ᠪᠠᠶᠢᠳᠠᠭ ᠨᠢ ᠦᠭᠡ ᠭᠡᠯᠡ ᠦᠰᠦᠭ ᠪᠢᠴᠢᠭ ᠤᠨ ᠬᠦᠨᠳᠤᠴᠠ᠂ ᠠᠯᠳᠠᠴᠠ ᠶᠢ | ᠬᠠᠷᠠᠭᠤᠯᠵᠤ ᠪᠠᠶᠢᠭ᠎ᠠ ᠶᠤᠮ᠃ ᠵᠤᠷᠢᠯᠭ᠎ᠠ ᠲᠠᠢ ᠪᠠᠷ ᠤᠰᠠᠳᠬᠠᠨ ᠪᠠᠯᠠᠯᠠᠬᠤ ᠠᠵᠢᠯᠯᠠᠭ᠎ᠠ ᠪᠤᠯ ᠲᠡᠷᠡ ᠴᠢᠭ ᠢᠶᠠᠷ ᠢᠶᠠᠨ | ᠭᠦᠮᠦᠨ ᠲᠦᠷᠦᠯᠬᠢᠳᠡᠨ ᠤ ᠪᠤᠯᠪᠠᠰᠤᠨ ᠤ ᠡᠰᠡᠷᠭᠦᠤ ᠳᠡᠯᠴᠢᠯᠡᠯᠳᠡ ᠶᠤᠮ᠃ ᠠᠳᠡ ᠡᠶᠢᠮᠤ ᠨᠢᠭᠡᠨ ᠵᠢᠵᠢᠭ ᠦᠯᠢᠭᠡᠷ | ᠬᠠᠪᠴᠢᠭᠤᠯᠤᠶᠡ᠃ ᠶᠠᠫᠤᠨ ᠤᠯᠤᠰ ᠤᠨ ᠨᠢᠭᠡᠨ ᠬᠦᠮᠦᠨ ᠠᠮᠠ ᠴᠦᠭᠡᠨ ᠲᠠᠢ ᠪᠤᠶᠢᠳᠠ ᠪᠦᠭᠯᠡᠭᠦᠤ ᠳᠤᠰᠬᠤᠨ ᠳᠤ | ᠨᠡᠪᠳᠡᠷᠡᠵᠤ ᠪᠠᠶᠢᠭᠰᠠᠨ ᠭᠠᠯᠳᠤ ᠳᠡᠷᠭᠡ ᠨᠢ ᠠᠴᠢᠶᠠᠯᠠᠪᠤᠷᠢ ᠦᠭᠡᠢ ᠪᠤᠯᠤᠭᠰᠠᠨ ᠤ ᠬᠠᠷᠠᠭ᠎ᠠ ᠪᠠᠷ ᠳᠤᠬᠠᠢ ᠶᠢᠨ | ᠳᠤᠰᠬᠤᠨ ᠳᠤ ᠭᠦᠷᠭᠦ ᠠᠵᠢᠯᠯᠠᠭ᠎ᠠ ᠪᠠᠨ ᠵᠤᠭᠰᠤᠬᠤ ᠪᠠᠷ ᠪᠤᠯᠤᠭᠰᠠᠨ ᠢᠶᠠᠨ ᠮᠡᠳᠡᠭᠳᠡᠭᠦ ᠳᠤ ᠳᠤᠰ ᠳᠤᠰᠬᠤᠨ ᠤ | ᠨᠢᠭᠡᠨ ᠪᠢᠴᠢᠬᠠᠨ ᠦᠬᠢᠨ ᠬᠠᠮᠢᠶᠠᠷᠤᠯᠳᠠ ᠶᠢᠨ ᠭᠠᠵᠠᠷ ᠵᠠᠬᠢᠳᠠᠯ ᠪᠢᠴᠢᠵᠤ ᠦᠪᠡᠷ ᠤᠨ ᠰᠤᠷᠭᠠᠭᠤᠯᠢ ᠳᠤ ᠶᠠᠪᠤᠬᠤ | ᠴᠤᠷ ᠤᠨ ᠭᠠᠭᠴᠠ ᠤᠨᠤᠭ᠎ᠠ ᠨᠢ ᠦᠭᠡᠢ ᠪᠤᠯᠤᠭᠰᠠᠨ ᠳᠤ ᠬᠠᠷᠠᠮᠰᠠᠵᠤ ᠪᠠᠶᠢᠬᠤ ᠪᠠᠨ ᠢᠯᠡᠳᠭᠡᠪᠡ᠃ ᠡᠨᠡᠭᠦ ᠪᠤᠳᠠᠳᠤ | ᠪᠠᠶᠢᠳᠠᠯ ᠢ ᠬᠠᠮᠢᠶᠠᠷᠤᠯᠳᠠ ᠶᠢᠨ ᠭᠠᠵᠠᠷ ᠤᠨ ᠬᠢᠨ ᠤᠶᠢᠯᠠᠭᠠᠨ ᠮᠡᠳᠡᠭᠰᠡᠨ ᠤ ᠬᠤᠶᠢᠨ᠎ᠠ ᠳᠤᠰ ᠦᠬᠢᠨ ᠢ ᠰᠤᠷᠭᠠᠭᠤᠯᠢ | ᠳᠡᠭᠦᠰᠳᠡᠯ᠎ᠡ ᠨᠢ ᠭᠠᠯᠳᠤ ᠳᠡᠷᠭᠡ ᠪᠠᠨ ᠵᠤᠭᠰᠤᠭᠠᠬᠤ ᠦᠭᠡᠢ ᠪᠠᠶᠢᠬᠤ ᠳᠤᠭᠳᠠᠭᠠᠯ ᠭᠠᠷᠭᠠᠭᠰᠠᠨ ᠭᠡᠳᠡᠭ᠃ ᠡᠨᠡ ᠪᠤᠯ | ᠰᠤᠶᠤᠯ ᠤᠨ ᠬᠦᠨᠳᠦᠳᠭᠡᠯ᠃ ᠰᠤᠶᠤᠯ ᠢ ᠭᠦᠨᠳᠤᠯᠡᠳᠡᠭ ᠭᠠᠵᠠᠷ ᠤᠷᠤᠨ ᠳᠤ ᠦᠭᠡ ᠭᠡᠯᠡ ᠦᠰᠦᠭ ᠪᠢᠴᠢᠭ ᠢ | ᠵᠠᠪᠠᠯ ᠭᠦᠨᠳᠦᠳᠭᠡᠭᠦ ᠪᠤᠯᠤᠨ᠎ᠠ ᠭᠡᠳᠡᠭ ᠢ ᠡᠨᠡᠭᠦ ᠦᠯᠢᠭᠡᠷ ᠭᠡᠯᠡᠵᠤ ᠪᠠᠶᠢᠨ᠎ᠠ᠃ ᠤᠴᠢᠷ ᠨᠢ ᠰᠤᠶᠤᠯ ᠪᠤᠯᠪᠠᠰᠤᠷᠠᠯ ᠨᠢ | ᠦᠭᠡ ᠭᠡᠯᠡ ᠦᠰᠦᠭ ᠪᠢᠴᠢᠭ ᠳᠡᠭᠡᠷ᠎ᠡ ᠰᠠᠭᠤᠷᠢᠯᠠᠳᠠᠭ ᠳᠤ ᠪᠤᠢ᠃ ᠲᠠᠪᠰᠢᠭᠰᠠᠨ ᠤᠷᠤᠨ ᠨᠤᠳᠤᠭ᠂ ᠠᠷᠠᠳᠴᠢᠯᠠᠯ | ᠲᠠᠢ ᠭᠠᠵᠠᠷ ᠤᠷᠤᠨ ᠳᠤ ᠦᠭᠡ ᠭᠡᠯᠡ ᠦᠰᠦᠭ ᠪᠢᠴᠢᠭ ᠨᠢ ᠰᠤᠶᠤᠯ ᠤᠨ ᠭᠤᠤᠯ ᠠᠴᠢᠶᠠᠯᠠᠪᠤᠷᠢ ᠪᠤᠯᠤᠭᠰᠠᠨ ᠤ | ᠬᠤᠪᠢ ᠪᠠᠷ ᠮᠠᠰᠢ ᠭᠦᠨᠳᠤ ᠲᠠᠢ ᠪᠠᠶᠢᠳᠠᠭ ᠪᠠᠶᠢᠨ᠎ᠠ᠃ | ᠦᠭᠡ ᠭᠡᠯᠡ ᠦᠰᠦᠭ ᠪᠢᠴᠢᠭ ᠪᠤᠯ ᠪᠠᠶᠢᠭᠠᠯᠢᠯᠢᠭ ᠤᠷᠤᠰᠢᠨ ᠳᠤᠭᠳᠠᠨᠢᠳᠠᠭ ᠵᠦᠢᠯ᠃ ᠶᠠᠮᠠᠷ ᠨᠢᠭᠡᠨ ᠰᠦᠷᠭᠡᠤ | ᠨᠦᠯᠦᠭᠡᠯᠡᠯ ᠳᠤ ᠦᠷᠳᠡᠭᠦ ᠦᠭᠡᠢ᠃ ᠦᠪᠡᠷ ᠤᠨ ᠴᠢᠭᠯᠡᠯ ᠳᠤ ᠦᠪᠡᠷ ᠤᠨ ᠬᠤᠷᠳᠤᠴᠠ᠂ ᠲᠢᠭᠯᠢᠮ ᠢᠶᠠᠷ ᠭᠦᠭᠵᠢᠵᠤ | ᠪᠠᠶᠢᠬᠤ. ᠦᠭᠡ ᠭᠡᠯᠡ ᠦᠰᠦᠭ ᠪᠢᠴᠢᠭ ᠢᠶᠠᠷ ᠢᠯᠡᠷᠭᠡᠶᠢᠯᠡᠭᠦ ᠡᠷᠭᠡ ᠮᠡᠳᠡᠯ᠂ ᠬᠠᠷᠠᠭ᠎ᠠ ᠭᠦᠷᠢᠶ᠎ᠡ ᠵᠡᠷᠭᠡ ᠨᠢ ᠳᠤᠬᠠᠢ | ᠶᠢᠨ ᠭᠡᠯᠡ ᠦᠰᠦᠭ ᠢ ᠡᠵᠡᠮᠰᠢᠭᠴᠢ ᠦᠨᠳᠦᠰᠦᠳᠡᠨ ᠤᠭᠰᠠᠭᠠᠨ ᠤ ᠦᠪᠡᠷᠳᠡᠳ ᠤᠨ ᠬᠢᠨᠢ ᠡᠵᠡᠮᠰᠢᠯ ᠤᠨ ᠭᠡᠪᠴᠢᠶᠡᠨ | ᠳᠤᠳᠤᠷᠡᠬᠢ ᠦᠢᠯᠡ ᠭᠡᠷᠡᠭ ᠶᠤᠮ᠃ ᠡᠭᠦᠨ ᠢ ᠨᠠᠮ ᠺᠦᠷᠦᠫ᠂ ᠵᠠᠰᠠᠭ ᠤᠨ ᠭᠦᠴᠦᠨ᠂ ᠴᠡᠷᠢᠭ ᠤᠨ ᠭᠦᠴᠦᠨ ᠵᠡᠷᠭᠡ | ᠪᠠᠷ ᠬᠠᠯᠳᠤᠨ ᠨᠦᠯᠦᠭᠡᠯᠡᠭᠦ ᠪᠤᠯ ᠮᠠᠷᠭᠤᠰᠢ ᠦᠭᠡᠢ ᠲᠠᠩᠬᠠᠢ ᠠᠵᠢᠯᠯᠠᠭ᠎ᠠ ᠶᠤᠮ᠃ ᠦᠭᠡ ᠭᠡᠯᠡ ᠦᠰᠦᠭ ᠪᠢᠴᠢᠭ | ᠤᠨ ᠪᠤᠳᠠᠭᠠᠯᠢ ᠤᠷᠤᠰᠢᠯ ᠨᠢ ᠶᠠᠮᠠᠷ ᠴᠤ ᠨᠡᠶᠢᠭᠡᠮ ᠤᠨ ᠭᠦᠴᠦᠨ ᠳᠤ ᠨᠦᠯᠦᠭᠡᠯᠡᠭᠳᠡᠭᠦ ᠦᠭᠡᠢ ᠪᠠᠶᠢᠬᠤ ᠳᠠᠭᠠᠨ | ᠲᠠᠭᠠᠷᠠᠨ᠎ᠠ᠃ ᠦᠨᠦᠳᠤᠷ ᠶᠠᠳᠠᠵᠤ ᠮᠤᠩᠭᠤᠯ ᠦᠭᠡ ᠭᠡᠯᠡ ᠦᠰᠦᠭ ᠪᠢᠴᠢᠭ ᠵᠠᠰᠠᠭ ᠤᠨ ᠭᠦᠴᠦᠨ ᠳᠤ | ᠨᠦᠯᠦᠭᠡᠯᠡᠭᠳᠡᠵᠤ ᠪᠠᠶᠢᠨ᠎ᠠ᠃ ᠭᠡᠷᠡᠭᠯᠡᠭᠦ ᠡᠰᠡ ᠭᠡᠷᠡᠭᠯᠡᠭᠦ ᠶᠢ ᠵᠠᠰᠠᠭ ᠤᠨ ᠭᠦᠴᠦᠨ ᠨᠠᠮ ᠺᠦᠷᠦᠫ ᠳᠤᠭᠳᠠᠭᠠᠬᠤ ᠭᠡᠮᠡᠨ | ᠲᠠᠮᠠᠭᠠᠳᠤ ᠪᠢᠴᠢᠭ ᠪᠠᠭᠤᠯᠭᠠᠵᠤ ᠪᠠᠶᠢᠨ᠎ᠠ᠃ ᠡᠨᠡ ᠪᠤᠯ ᠦᠭᠡ ᠭᠡᠯᠡ ᠦᠰᠦᠭ ᠪᠢᠴᠢᠭ ᠤᠨ ᠳᠡᠤᠭᠡ ᠶᠢᠨ ᠭᠤᠨᠢᠭᠳᠤ | ᠨᠢᠭᠡᠨ ᠬᠠᠭᠤᠳᠠᠰᠤ ᠶᠤᠮ᠃ | ᠦᠨᠦᠳᠤᠷ ᠪᠢᠳᠡ ᠹᠠᠷᠠᠨᠽᠢ ᠶᠢᠨ ᠠᠯᠳᠠᠷᠳᠤ ᠵᠤᠬᠢᠶᠠᠯᠴᠢ ᠠ᠊᠂ ᠳ᠋ᠠᠤᠲ᠋ᠠᠢ ᠶᠢᠨ ︽ᠬᠠᠮᠤᠭ ᠰᠡᠭᠦᠯᠴᠢ ᠶᠢᠨ | ᠬᠢᠴᠢᠶᠡᠯ︾ ᠭᠡᠭᠦ ᠠᠯᠳᠠᠷᠳᠤ ᠪᠦᠳᠦᠭᠡᠯ ᠢ ᠲᠠᠬᠢᠨ ᠳᠡᠯᠭᠡᠵᠤ ᠪᠠᠶᠢᠨ᠎ᠠ᠃ ᠡᠨᠡ ᠪᠤᠯ ᠦᠨᠡᠨ ᠳᠡᠭᠡᠨ ᠪᠠᠶᠢᠳᠠᠯ ᠭᠦᠨᠳᠤ | ᠪᠤᠯᠤᠭᠰᠠᠨ ᠤ ᠳᠡᠮᠳᠡᠭ ᠶᠤᠮ᠃ ᠤᠭ ᠨᠢ ᠠᠶᠤᠮᠰᠢᠭ ᠭᠡᠵᠤ ᠡᠨᠡ ᠯᠡ ᠳ᠋ᠠ᠃ ᠬᠡᠨ ᠴᠤ ᠪᠢᠳᠡᠨ ᠤ ᠡᠮᠦᠨ᠎ᠡ | ᠬᠢᠳᠤᠭ᠎ᠠ ᠡᠷᠬᠢᠭᠦᠯᠦᠭᠡ ᠦᠭᠡᠢ᠃ ᠭᠡᠨ ᠴᠤ ᠪᠢᠳᠡᠨ ᠤ ᠬᠠᠮᠠᠷ ᠠᠴᠠ ᠴᠢᠰᠤ ᠬᠠᠷᠠᠭ᠎ᠠ ᠦᠭᠡᠢ᠃ ᠭᠡᠨ ᠴᠤ ᠪᠢᠳᠡᠨ ᠤ | ᠢᠳᠡᠭᠦ ᠡᠮᠦᠰᠭᠦ ᠶᠢ ᠬᠠᠰᠤᠭᠠ ᠦᠭᠡᠢ᠃ ︽ᠲᠦᠷᠦ ᠲᠦᠮᠪᠦᠭᠡᠷ ᠶᠤᠰᠤ ᠶᠤᠮᠪᠤᠭᠤᠷ︾ ᠭᠡᠳᠡᠭ ᠢ ᠭᠡᠨ ᠴᠤ | ᠦᠭᠡᠶᠢᠰᠭᠡᠭᠡ ᠦᠭᠡᠢ᠃ ᠬᠠᠮᠢᠭ᠎ᠠ ᠴᠤ ᠬᠠᠯᠠ ᠵᠤᠪᠠᠯᠠᠩ ᠤᠷᠤᠰᠢᠬᠤ ᠪᠠᠶᠢᠬᠤ ᠰᠡᠷᠡᠭᠳᠡᠭᠡ ᠦᠭᠡᠢ᠃ ᠶᠠᠭ ᠯᠡ ᠡᠶᠢᠮᠤ | ᠠᠴᠠ ᠪᠢᠳᠡ ᠭᠡᠵᠢᠶᠡᠳᠡ ︽ᠰᠠᠶᠢᠨ ᠰᠠᠶᠢᠬᠠᠨ᠂ ᠵᠤᠯ ᠵᠢᠷᠭᠠᠯ︾ ᠳᠤ ᠤᠶᠢᠷ᠎ᠡ ᠪᠠᠶᠢᠭ᠎ᠠ ᠪᠠᠷ ᠮᠠᠭᠳᠠᠨ | ᠲᠠᠭᠤᠯᠤᠭᠰᠠᠭᠠᠷ ᠢᠷᠡᠭᠰᠡᠨ᠃ ᠦᠨᠦᠳᠤᠷ ᠪᠢᠳᠡ ᠬᠠᠷᠢᠨ ᠳᠡᠨᠡᠭ ᠪᠤᠯᠤᠭᠰᠠᠨ ᠴᠤ ᠶᠠᠭᠤ ᠨᠢᠭᠡ ᠶᠢ ᠬᠦᠢᠴᠡᠳ | ᠤᠶᠢᠯᠠᠭᠠᠬᠤ ᠬᠡᠮᠵᠢᠶ᠎ᠡ ᠲᠠᠢ ︽ᠡᠪ ᠤᠨ ᠴᠢᠳᠭᠦᠷ︾ ᠢᠶᠠᠷ ᠳᠤᠭᠯᠠᠭᠤᠯᠵᠤ ᠡᠬᠢᠯᠡᠭᠡᠳ ᠪᠠᠶᠢᠨ᠎ᠠ᠃ ᠡᠶᠢᠮᠤᠷᠭᠦ ︽ | ᠳᠤᠯᠤᠭᠠᠢ ᠶᠢ ᠨᠢ ᠢᠯᠢᠵᠤ ᠲᠠᠷᠢᠬᠢ ᠶᠢ ᠨᠢ ᠰᠤᠷᠤᠬᠤ︾ ᠭᠡᠯᠪᠡᠷᠢ ᠠᠯᠢ ᠡᠷᠳᠡ ᠠᠴᠠ ᠪᠢᠳᠡᠨ ᠢ ᠴᠠᠭ ᠢᠮᠠᠭᠳᠠ | ᠲᠠᠭᠠᠷᠢᠭᠰᠠᠭᠠᠷ᠃ ᠪᠢᠳᠡ ᠵᠦᠪᠭᠡᠨ ᠡᠭᠦᠨ ᠢ ᠬᠦᠯᠢᠶᠡᠨ ᠵᠦᠪᠰᠢᠶᠡᠷᠡᠵᠤ᠂ ᠡᠶᠢᠮᠤ ᠠᠶᠤᠮᠰᠢᠭ ᠤᠷᠤᠰᠢᠵᠤ ᠪᠠᠶᠢᠬᠤ | ᠶᠢ ᠮᠡᠳᠡᠷᠡᠵᠤ ᠴᠢᠳᠠᠭ᠎ᠠ ᠦᠭᠡᠢ ᠡᠳᠤᠢ ᠭᠦᠷᠦᠭᠰᠡᠨ ᠶᠤᠮ᠃ ᠭᠡᠨ ᠨᠢᠭᠡ ᠨᠢ ᠡᠶᠢᠮᠤ ᠵᠦᠢᠯ ᠤᠷᠤᠰᠢᠵᠤ ᠪᠠᠶᠢᠨ᠎ᠠ | ᠭᠡᠳᠡᠭ ᠢ ᠦᠭᠦᠯᠡᠨ ᠪᠢᠴᠢᠭᠦ ᠳᠤ ᠭᠦᠷᠪᠡᠯ ᠬᠦᠮᠦᠨ ᠬᠠᠷ᠎ᠠ ᠲᠡᠷᠢᠬᠦᠳᠡᠨ ᠳᠤ ᠨᠢᠳᠤ ᠦᠵᠦᠬᠦᠷᠯᠡᠭᠳᠡᠵᠤ ︽ᠡᠶᠢᠮᠤ | ᠰᠠᠶᠢᠬᠠᠨ ᠨᠡᠶᠢᠭᠡᠮ ᠳᠤ ᠪᠠᠰᠠ ᠶᠠᠭᠤᠨ ᠨᠢ ᠪᠤᠯᠬᠤ ᠦᠭᠡᠢ ᠪᠤᠯᠴᠢᠬᠠᠭᠠᠳ ᠢᠩᠬᠢᠵᠤ ᠦᠭᠡᠯᠡᠭᠡᠳ ᠪᠠᠶᠢᠭ᠎ᠠ ᠪᠤᠢ︖ | ︾ ᠭᠡᠵᠤ ᠬᠠᠴᠢᠷᠬᠠᠨᠠ᠃ ︽ᠪᠢᠳᠡᠨ ᠠᠴᠠ ᠭᠠᠶᠢᠯᠢ ᠠᠪᠬᠤ ᠪᠠᠨ ᠪᠠᠶᠢᠭᠰᠠᠨ᠂ ᠳᠡᠳᠬᠦᠮᠵᠢ ᠦᠭᠭᠦ ᠪᠠᠷ ᠢᠶᠠᠨ | ᠪᠤᠯᠤᠭᠰᠠᠨ ᠪᠠᠶᠢᠳᠠᠯ᠎ᠠ ᠪᠠᠰᠠ ᠬᠠᠨᠤᠵᠤ ᠴᠠᠳᠦᠳᠠᠭ ᠦᠭᠡᠢ ᠶᠠᠭᠠᠬᠢᠭᠰᠠᠨ ᠭᠡᠩᠭᠡᠭ ᠠᠮᠢᠳᠠᠳ ᠪᠤᠢ︖︾ ᠲᠦᠷᠢᠯᠡᠨᠡ | ᠃ ︽ᠲᠦᠷᠦ ᠨᠢ ᠰᠠᠮᠠᠭᠤᠷᠠᠬᠤ ᠦᠭᠡᠢ ᠪᠤᠯ ᠡᠵᠡ ᠨᠢ ᠬᠠᠳᠬᠤᠭᠠᠳ ᠪᠠᠶᠢᠨ᠎ᠠ ᠤᠤ︖︾ ᠭᠡᠵᠤ ᠰᠤᠨᠢᠷᠬᠠᠨ᠎ᠠ᠃ | ᠪᠦᠷ ᠤᠬᠠᠭᠠᠨ ᠡᠰᠢ ᠶᠢ ᠨᠢ ᠤᠶᠢᠯᠠᠭᠠᠵᠤ ᠪᠠᠨ ᠪᠠᠶᠢᠭᠰᠠᠨ ᠢᠶᠠᠷ ᠠᠪᠤᠷᠢᠯᠠᠨᠠ᠃ ᠦᠨᠡᠨ ᠳᠡᠭᠡᠨ ᠪᠢᠳᠡ ᠡᠷᠳᠡᠮ ᠲᠠᠢ | ᠳᠡᠨᠡᠭ ᠲᠠᠢ ᠪᠠᠨ ᠪᠦᠬᠦᠳᠡ ᠲᠠᠯᠳᠠ ᠶᠠᠭᠤ ᠪᠤᠯᠤᠭᠠᠳ ᠪᠠᠶᠢᠭ᠎ᠠ ᠭᠡᠳᠡᠭ ᠢ ᠬᠡᠶᠢᠭᠡᠳᠡᠯᠡ ᠮᠡᠳᠡᠨ᠎ᠡ᠃ ᠵᠦᠪᠭᠡᠨ ᠦᠨᠡᠨ | ᠢ ᠳᠡᠯᠭᠡᠭᠦ ᠲᠠᠷ ᠵᠤᠷᠢᠭ᠂ ᠡᠷ᠎ᠡ ᠰᠦᠰᠦ ᠳᠤᠳᠠᠭᠰᠠᠨ ᠪᠠᠶᠢᠨ᠎ᠠ᠃ ᠦᠭᠡ ᠭᠡᠯᠡ ᠦᠰᠦᠭ ᠪᠢᠴᠢᠭ ᠠᠴᠠ ᠪᠠᠨ ᠰᠠᠯᠬᠤ | ᠭᠡᠳᠡᠭ ᠪᠤᠯ ᠠᠮᠢᠳᠤ ᠳᠠᠭᠠᠨ ᠮᠦᠬᠦᠯ ᠢᠶᠠᠨ ᠬᠠᠷᠠᠭᠰᠠᠨ ᠶᠠᠪᠤᠳᠠᠯ ᠶᠤᠮ᠃ | ᠶᠠᠮᠠᠷ ᠴᠤ ᠦᠨᠳᠦᠰᠦᠳᠡᠨ ᠨᠢ ᠠᠯᠢ ᠨᠢᠭᠡ ᠦᠨᠳᠦᠰᠦᠳᠡᠨ ᠤ ᠪᠠᠨ ᠦᠭᠡ ᠭᠡᠯᠡ ᠦᠰᠦᠭ ᠪᠢᠴᠢᠭ ᠢᠶᠠᠨ | ᠭᠡᠷᠡᠭᠯᠡᠭᠦ ᠡᠷᠭᠡ ᠶᠢ ᠬᠦᠴᠦ ᠪᠠᠷ ᠲᠠᠰᠤᠯᠠᠵᠤ ᠪᠤᠯᠳᠠᠭ ᠦᠭᠡᠢ᠃ ᠦᠭᠡ ᠭᠡᠯᠡ ᠦᠰᠦᠭ ᠪᠢᠴᠢᠭ ᠪᠤᠯ ᠴᠢᠯᠦᠭᠡᠳᠡᠢ | ᠠᠰᠢᠭᠯᠠᠭᠳᠠᠳᠠᠭ ᠭᠡᠷᠡᠭᠯᠡᠭᠦᠷ᠃ ᠶᠠᠮᠠᠷ ᠦᠭᠡ ᠪᠠᠷ ᠭᠡᠯᠡᠯᠴᠡᠭᠦ᠂ ᠶᠠᠮᠠᠷ ᠦᠰᠦᠭ ᠪᠠᠷ ᠮᠡᠳᠡᠯᠴᠡᠭᠦ ᠨᠢ ᠳᠤᠬᠠᠢ | ᠦᠨᠳᠦᠰᠦᠳᠡᠨ ᠤ ᠦᠨᠢ ᠤᠳᠠᠭᠠᠨ ᠳᠡᠤᠭᠡᠨ ᠶᠠᠪᠤᠴᠠ ᠳᠤᠮᠳᠠ ᠪᠦᠷᠢᠯᠳᠤᠨ ᠳᠤᠭᠳᠠᠨᠢᠳᠠᠭ ᠪᠤᠯᠬᠤ ᠠᠴᠠ ᠪᠢᠰᠢ | ᠬᠠᠷᠢᠨ ᠶᠠᠮᠠᠷ ᠨᠢᠭᠡᠨ ᠭᠦᠴᠦ ᠨᠦᠯᠦᠭᠡᠨ ᠳᠤᠤᠷ᠎ᠡ ᠬᠤᠪᠢᠷᠠᠳᠠᠭ ᠵᠦᠢᠯ ᠤᠭᠳᠤ ᠪᠢᠰᠢ᠃ ᠵᠦᠪᠭᠡᠨ ᠰᠠᠶᠢᠨ ᠳᠤᠷ᠎ᠡ | ᠠᠴᠠ ᠪᠠᠨ ᠲᠠᠶᠠᠭᠳᠠᠳᠠᠭ ᠦᠭᠡᠢ ᠯᠡ ᠶᠤᠮ ᠪᠤᠯ ᠪᠠᠶᠢᠳᠠᠯ ᠡᠶᠢᠮᠤ ᠯᠡ ᠪᠠᠶᠢᠬᠤ ᠶᠤᠰᠤᠲᠠᠢ᠃ ᠭᠡᠭᠦ ᠳᠤ ᠦᠨᠦᠳᠤᠷ | ᠦᠨᠳᠦᠰᠦᠳᠡᠨ ᠶᠠᠰᠤᠳᠠᠨ ᠤ ᠦᠭᠡ ᠭᠡᠯᠡ ᠦᠰᠦᠭ ᠪᠢᠴᠢᠭ ᠢ ᠬᠠᠮᠠᠭᠠᠯᠠᠨ ᠭᠦᠭᠵᠢᠬᠦᠯᠵᠤ ᠪᠤᠢ ᠭᠡᠳᠡᠭ ᠤᠷᠢᠶᠠᠨ | ᠳᠤᠤᠷ᠎ᠡ ᠪᠠᠯᠠᠯᠠᠵᠤ ᠡᠬᠢᠯᠡᠭᠡᠳ ᠪᠠᠶᠢᠭ᠎ᠠ ᠪᠠᠶᠢᠳᠠᠯ ᠨᠡᠶᠢᠳᠡᠮ ᠬᠠᠷᠠᠭᠳᠠᠵᠤ ᠪᠠᠶᠢᠨ᠎ᠠ᠃ ᠭᠦᠮᠦᠰ ᠬᠠᠳᠠ ᠴᠢᠯᠠᠭᠤ᠂ | ᠠᠭᠤᠢ ᠶᠢᠨ ᠬᠠᠨ᠎ᠠ᠂ ᠠᠷᠾᠢᠯᠤᠬᠢ ᠶᠢᠨ ᠤᠯᠲᠠᠪᠤᠷᠢ ᠵᠡᠷᠭᠡ ᠳᠡᠭᠡᠷ᠎ᠡ ᠠᠴᠠ ᠪᠠᠨ ᠦᠪᠡᠷ ᠤᠨ ᠦᠭᠡ ᠭᠡᠯᠡ ᠦᠰᠦᠭ | ᠪᠢᠴᠢᠭ ᠢᠶᠠᠨ ᠰᠡᠷᠭᠦᠭᠡᠵᠤ ᠴᠢᠳᠠᠵᠤ ᠪᠠᠶᠢᠳᠠᠯ᠎ᠠ ᠮᠠᠨᠠᠶᠢᠬᠢᠨ ᠳᠤ ᠪᠤᠯ ᠬᠠᠷᠢᠨ ᠦᠨᠢ ᠤᠳᠠᠭᠠᠨ ᠳᠡᠤᠭᠡ ᠲᠠᠢ ᠮᠦᠨᠴᠤ | ᠡᠳᠤᠢ ᠪᠤᠯᠳᠠᠯ᠎ᠠ ᠭᠠᠭᠴᠠ ᠴᠤ ᠡᠳᠤᠷ ᠲᠠᠰᠤᠯᠤᠭᠳᠠᠭᠠ ᠦᠭᠡᠢ ᠲᠡᠷᠡ ᠳᠤᠰᠤᠮ ᠲᠠᠪᠤᠨ ᠵᠠᠭᠤᠨ ᠲᠦᠮᠡᠨ ᠭᠦᠮᠦᠨ | ᠠᠮᠠ ᠵᠡᠷᠭᠡ ᠪᠠᠷ ᠠᠰᠢᠭᠯᠠᠨ ᠭᠡᠷᠡᠭᠯᠡᠵᠤ ᠪᠠᠶᠢᠭ᠎ᠠ ᠦᠭᠡ ᠭᠡᠯᠡ ᠦᠰᠦᠭ ᠪᠢᠴᠢᠭ ᠢ ᠵᠤᠬᠢᠬᠤ ᠤᠷᠤᠨ ᠨᠤᠳᠤᠭ ᠲᠤ | ᠭᠡᠷᠡᠭᠯᠡᠭᠦ ᠶᠢ ᠨᠢ ᠵᠤᠭᠰᠤᠬᠤ ᠭᠡᠳᠡᠭ ᠳᠤᠩᠬᠠᠭ ᠭᠠᠷᠭᠠᠭᠰᠠᠨ ᠶᠠᠪᠤᠳᠠᠯ ᠪᠤᠯ ᠲᠦᠪ ᠤᠨ ᠦᠨᠳᠦᠰᠦᠳᠡᠨ ᠤ ᠤᠷᠤᠨ ᠤ | ᠭᠦᠭᠵᠢᠬᠦᠯᠦᠯᠳᠡ ᠲᠡᠷᠡ ᠳᠤᠰᠤᠮ ᠰᠤᠶᠤᠯ ᠤᠨ ᠭᠦᠭᠵᠢᠬᠦᠯᠦᠯᠳᠡ ᠶᠢᠨ ᠪᠤᠳᠤᠯᠭ᠎ᠠ ᠲᠠᠢ ᠡᠷᠡᠰ ᠡᠰᠡᠷᠭᠦᠴᠡᠯᠳᠦᠭᠰᠡᠨ | ᠠᠵᠢᠯᠯᠠᠭ᠎ᠠ ᠪᠤᠯᠵᠤ ᠨᠠᠳᠠ ᠬᠠᠷᠠᠭᠳᠠᠵᠤ ᠪᠠᠶᠢᠨ᠎ᠠ᠃ ᠡᠶᠢᠮᠤ ᠠᠴᠠ ᠴᠢᠩᠭ᠎ᠠ ᠡᠰᠡᠷᠭᠦᠴᠡᠯ ᠲᠠᠯᠪᠢᠵᠤ ᠪᠠᠶᠢᠭ᠎ᠠ ᠪᠠᠨ | ᠠᠳᠡ ᠠᠴᠠ ᠢᠯᠡᠷᠭᠡᠶᠢᠯᠡᠶ᠎ᠡ᠃ | ᠦᠭᠡ ᠭᠡᠯᠡ ᠦᠰᠦᠭ ᠪᠢᠴᠢᠭ ᠤᠨ ᠭᠦᠨᠳᠤ ᠪᠠᠭᠤᠷᠠᠵᠤ ᠪᠤᠢ ᠶᠠᠪᠤᠳᠠᠯ ᠳᠤ ᠨᠡᠶᠢᠭᠡᠮ᠂ ᠲᠦᠷᠦ ᠵᠠᠰᠠᠭ ᠤᠨ | ᠬᠦᠴᠤ ᠨᠦᠯᠦᠭᠡ ᠪᠤᠯᠤᠨ ᠦᠨᠳᠦᠰᠦᠳᠡᠨ ᠤ ᠴᠦᠭᠡᠩᠬᠢ ᠶᠢᠨ ᠭᠠᠳᠠᠭᠤᠷᠴᠢᠯᠠᠯ᠂ ᠬᠢᠬᠠᠯᠳᠠ᠂ ᠲᠠᠷᠤᠯᠳᠠ ᠪᠠᠶᠢᠭ᠎ᠠ | ᠭᠡᠳᠡᠭ ᠪᠤᠯᠪᠠᠴᠤ ᠮᠠᠨ ᠤ ᠮᠡᠷᠭᠡᠳ ᠤᠨ ᠦᠭᠡ ᠭᠡᠯᠡ ᠦᠰᠦᠭ ᠪᠢᠴᠢᠭ ᠤᠨ ᠦᠭᠡᠷᠡᠴᠢᠯᠡᠯᠳᠡ ᠮᠦᠨᠴᠤ ᠬᠦᠴᠦᠲᠠᠢ | ᠲᠦᠯᠬᠢᠴᠡ ᠭᠦᠴᠦᠨ ᠪᠤᠯᠤᠭᠰᠠᠨ ᠭᠡᠵᠤ ᠪᠢ ᠦᠵᠡᠨ᠎ᠡ᠃ ᠪᠢᠳᠡ ᠦᠪᠡᠷ ᠤᠨ ᠦᠭᠡ ᠭᠡᠯᠡ ᠦᠰᠦᠭ ᠪᠢᠴᠢᠭ ᠲᠡᠭᠡᠨ | ᠳᠤᠷ᠎ᠡ ᠮᠡᠳᠡᠨ ᠬᠢᠳᠤᠭ᠎ᠠ ᠲᠦᠷᠦᠵᠤ ᠳᠡᠭᠦᠨ ᠢᠶᠠᠨ ᠵᠦᠪᠳᠡᠭᠡᠨ ᠤᠯᠠᠨ ᠬᠤᠨᠤᠭ ᠢᠶᠠᠷ ᠬᠠᠰᠬᠢᠷᠤᠯᠳᠤᠵᠤ ᠪᠠᠶᠢᠭᠰᠠᠨ | ᠨᠢ ᠰᠠᠶ᠋ᠢᠬᠠᠨ ᠤ ᠶᠠᠪᠤᠳᠠᠯ᠃ ᠠᠶᠠᠭᠠᠯᠠᠭᠰᠠᠨ ᠴᠠᠢ ᠴᠢᠨᠢ ᠬᠦᠷᠦᠵᠤ ᠠᠮᠵᠢᠭ᠎ᠠ ᠦᠭᠡᠢ ᠪᠠᠶᠢᠳᠠᠯ᠎ᠠ ᠠᠷᠤ ᠭᠦᠷᠢᠶᠡᠨ ᠳᠤ | ᠴᠢᠨᠢ ᠭᠠᠯ ᠭᠠᠷᠤᠭᠰᠠᠨ ᠴᠢᠮᠡᠭᠡ ᠢᠷᠡᠵᠤ ᠪᠠᠶᠢᠨ᠎ᠠ᠃ ᠭᠦᠮᠦᠰ ᠰᠤᠶᠤᠯ ᠢᠷᠭᠡᠨᠰᠢᠯ ᠤᠨ ᠠᠴᠢᠶᠡᠯᠡᠪᠤᠷᠢ ᠪᠤᠯᠤᠭᠰᠠᠨ | ᠦᠭᠡ ᠭᠡᠯᠡ ᠦᠰᠦᠭ ᠪᠢᠴᠢᠭ ᠢᠶᠠᠨ ᠤᠯᠠᠮ ᠳᠡᠭᠦᠰ ᠳᠡᠭᠦᠯᠳᠡᠷ ᠪᠤᠯᠭᠠᠬᠤ ᠶᠢ ᠵᠤᠷᠢᠳᠠᠭ ᠪᠤᠯ ᠮᠠᠨ ᠤ ᠡᠷᠳᠡᠮᠳᠡᠳ | ᠬᠠᠷᠢᠨ ᠤᠯᠠᠮ ᠮᠠᠲᠠᠭ ᠲᠠᠢ ᠪᠤᠯᠭᠠᠬᠤ ᠲᠡᠶᠢᠰᠢ ᠭᠦᠴᠦ ᠦᠵᠡᠭᠡᠳ ᠪᠠᠶᠢᠭ᠎ᠠ ᠶᠠᠪᠤᠳᠠᠯ ᠪᠤᠯ ᠠᠪᠤᠷᠠᠭᠳᠠᠰᠢ ᠦᠭᠡᠢ | ᠳᠡᠨᠡᠭ ᠠᠵᠢᠯᠯᠠᠭ᠎ᠠ ᠶᠤᠮ᠃ ᠶᠠᠭ ᠡᠶᠢᠮᠤ ᠲᠠᠯᠬᠢᠬᠳᠠᠯ ᠤᠨ ᠳᠤᠤᠷ᠎ᠡ ᠦᠭᠡ ᠭᠡᠯᠡ ᠦᠰᠦᠭ ᠪᠢᠴᠢᠭ ᠮᠠᠨᠢ ᠡᠮᠬᠢ | ᠵᠠᠮᠪᠠᠷᠠᠭ᠎ᠠ ᠦᠭᠡᠢ ᠪᠤᠯᠵᠤ ᠭᠡᠷᠡᠭᠴᠡᠭᠡ ᠠᠴᠠ ᠤᠯᠠᠮ ᠤᠯᠠᠮ ᠬᠤᠯᠠᠳᠴᠤ ᠪᠤᠰᠤᠳ ᠭᠦᠮᠦᠰ ᠤᠨ ᠨᠢᠳᠤᠨ ᠳᠤ ︽ | ᠶᠠᠮᠠᠷ ᠴᠤ ᠤᠶᠢᠯᠡᠳᠤᠯ ᠦᠭᠡᠢ ᠦᠰᠦᠭ ᠪᠢᠴᠢᠭ︾ ᠭᠡᠵᠤ ᠤᠶᠢᠯᠠᠭᠠᠭᠳᠠᠬᠤ ᠪᠤᠶᠤ ︽ᠶᠠᠳᠠᠵᠤ ᠭᠡᠷᠡᠭᠯᠡᠵᠦ ᠪᠠᠶᠢᠭ᠎ᠠ | ᠢᠷᠭᠡᠳ ᠨᠢ ᠴᠤ ᠦᠪᠡᠷᠳᠡᠭᠡᠨ ᠤᠬᠠᠭᠠᠨ ᠡᠰᠢ ᠪᠠᠨ ᠤᠯᠤᠭ᠎ᠠ ᠦᠭᠡᠢ ᠦᠰᠦᠭ ᠶᠠᠮᠠᠷ ᠦᠶ᠎ᠡ ᠳᠤ ᠲᠦᠯᠦᠪᠰᠢᠷᠡᠨ | ᠰᠢᠰᠲ᠋ᠧᠮᠵᠢᠬᠦ ᠪᠤᠢ︖︾ ᠵᠡᠷᠭᠡ ᠨᠠᠵᠠᠭᠠᠢ ᠳᠡᠨᠢᠯᠳᠠ ᠶᠢ ᠪᠤᠢ ᠪᠤᠯᠭᠠᠭᠰᠠᠨ ᠪᠠᠶᠢᠭ᠎ᠠ ᠶᠤᠮ᠃ ᠦᠭᠡ ᠭᠡᠯᠡ ᠦᠰᠦᠭ | ᠪᠢᠴᠢᠭ ᠢᠶᠠᠷ ᠢᠶᠠᠨ ᠨᠠᠭᠠᠳᠬᠤ ᠶᠢᠨ ᠬᠤᠤᠷ ᠢᠩᠬᠢᠵᠤ ᠪᠢᠳᠡᠨ ᠳᠤ ᠢᠷᠡᠵᠤ ᠪᠠᠶᠢᠨ᠎ᠠ᠃ ᠪᠦᠷ ᠰᠤᠷᠬᠤ ᠶᠢ ᠨᠢ | ᠵᠤᠭᠰᠤᠭᠠᠬᠤ᠂ ᠭᠡᠷᠡᠭᠯᠡᠭᠦ ᠶᠢ ᠨᠢ ᠵᠤᠭᠰᠤᠭᠠᠬᠤ ᠮᠡᠳᠤ ᠪᠠᠷ ᠭᠦᠨᠳᠤ ᠪᠠᠷ ᠪᠠᠭᠤᠵᠤ ᠪᠠᠶᠢᠨ᠎ᠠ᠃ ᠦᠭᠡ ᠭᠡᠯᠡ ᠦᠰᠦᠭ | ᠪᠢᠴᠢᠭ ᠤᠨ ᠦᠭᠡᠷᠡᠴᠢᠯᠡᠯᠳᠡ ᠳᠤ ᠭᠦᠴᠤ ᠰᠤᠷᠤᠭᠴᠢ ᠡᠷᠳᠡᠮᠳᠡᠳ ᠮᠠᠨᠢ ᠦᠭᠡ ᠭᠡᠯᠡ ᠦᠰᠦᠭ ᠪᠢᠴᠢᠭ ᠢᠶᠠᠷ ᠢᠶᠠᠨ | ᠡᠷᠭᠡᠯᠡᠭᠰᠡᠳ ᠤᠳᠤ ᠪᠠᠶᠢᠳᠠᠯ ᠶᠠᠮᠠᠷ ᠪᠤᠯᠵᠤ ᠪᠤᠢ᠂ ᠪᠠᠶᠢᠳᠠᠯ ᠡᠶᠢᠮᠤ ᠪᠤᠯᠬᠤ ᠳᠤ ᠶᠠᠮᠠᠷ ᠦᠢᠯᠡᠳᠤᠯ ᠦᠵᠡᠭᠦᠯᠦᠭᠰᠡᠨ | ᠭᠡᠳᠡᠭ ᠢᠶᠠᠨ ᠰᠡᠭᠡᠵᠤ ᠪᠤᠯᠤᠨ᠎ᠠ᠃ ᠤᠬᠠᠭᠠᠯᠢᠭ ᠪᠤᠯ ᠢᠴᠢᠵᠤ ᠪᠤᠯᠤᠨ᠎ᠠ᠃ ᠲᠠ ᠨᠠᠷ ᠤᠨ ᠦᠭᠡᠷᠡᠴᠢᠯᠡᠯᠳᠡ | ᠮᠤᠩᠭᠤᠯ ᠦᠭᠡ ᠭᠡᠯᠡ ᠦᠰᠦᠭ ᠪᠢᠴᠢᠭ ᠤᠨ ᠭᠡᠷᠡᠭᠯᠡᠯᠳᠡ ᠠᠴᠠ ᠬᠤᠯᠠᠳᠬᠤ ᠳᠤ ᠬᠤᠷᠳᠤ ᠨᠡᠮᠡᠭᠰᠡᠭᠡᠷ ᠪᠠᠶᠢᠨ᠎ᠠ | ᠭᠡᠳᠡᠭ ᠢᠶᠠᠨ ᠭᠦᠯᠢᠶᠡᠨ ᠵᠦᠪᠰᠢᠶᠡᠷᠡᠭᠦ ᠭᠡᠷᠡᠭᠲᠡᠢ ᠶᠤᠮ᠃ | ᠡᠨᠡ ᠳᠡᠯᠡᠬᠡᠢ ᠶᠢᠨ ᠡᠷᠡᠭᠦᠯ ᠤᠬᠠᠭᠠᠨᠳᠤ ᠭᠦᠮᠦᠰ ᠦᠭᠡ ᠭᠡᠯᠡ ᠦᠰᠦᠭ ᠪᠢᠴᠢᠭ ᠮᠦᠩᠭᠡ ᠤᠷᠤᠰᠢᠬᠤ ᠶᠢᠨ | ᠭᠦᠨᠵᠡᠬᠡᠢ ᠤᠳᠬ᠎ᠠ ᠶᠢ ᠮᠡᠳᠡᠷᠡᠨ ᠬᠦᠨᠳᠦᠯᠡᠳᠡᠭ᠃ ᠵᠤᠷᠢᠯᠭ᠎ᠠ ᠲᠠᠢ ᠪᠠᠷ ᠪᠠᠯᠠᠯᠠᠨ ᠤᠰᠠᠳᠬᠠᠬᠤ ᠶᠢ ᠹᠠᠱᠢᠰ | ᠠᠵᠢᠯᠯᠠᠭ᠎ᠠ ᠪᠠᠷ ᠤᠶᠢᠯᠠᠭᠠᠳᠠᠭ᠃ ᠡᠶᠢᠮᠤ ᠠᠴᠠ ᠨᠡᠶᠢᠳᠡ ᠭᠦᠮᠦᠰ ᠤᠨ ᠬᠠᠷᠢᠯᠴᠠᠭᠠᠨ ᠤ ᠪᠠᠭᠠᠵᠢ ᠰᠤᠶᠤᠨ ᠭᠡᠭᠡᠷᠡᠯ | ᠤᠨ ᠭᠤᠤᠯ ᠴᠢᠮᠦᠭᠡ ᠪᠤᠯᠤᠭᠰᠠᠨ ᠦᠭᠡ ᠭᠡᠯᠡ ᠦᠰᠦᠭ ᠪᠢᠴᠢᠭ ᠤᠨ ᠭᠦᠨᠳᠤᠴᠠ ᠶᠢ ᠪᠠᠳᠤᠯᠠᠵᠤ ᠳᠡᠭᠦᠨ ᠳᠤ ᠭᠡᠭᠡᠨ | ᠰᠠᠷᠠᠭᠤᠯ ᠭᠦᠭᠵᠢᠯ ᠤᠨ ᠵᠠᠮ ᠮᠦᠷ ᠢ ᠤᠯᠭᠤᠭᠰᠠᠨ ᠪᠠᠶᠢᠬᠤ ᠶᠢ ᠪᠠᠳᠤᠯᠠᠳᠠᠭ ᠵᠠᠰᠠᠭ ᠲᠦᠷᠦ ᠪᠤᠯ ᠮᠡᠷᠭᠡᠨ ᠵᠠᠰᠠᠭ | ᠲᠦᠷᠦ ᠶᠤᠮ᠃ ᠡᠰᠡᠷᠭᠦᠤ ᠪᠠᠷ ᠨᠢ ᠳᠡᠯᠡᠬᠡᠢ ᠶᠢᠨ ᠰᠤᠶᠤᠯ ᠤᠨ ᠶᠡᠭᠡ ᠰᠠᠩ ᠤᠨ ᠨᠢᠭᠡᠨ ᠭᠡᠷᠡᠯᠳᠤ ᠴᠢᠭ ᠪᠤᠯᠤᠭᠰᠠᠨ | ᠶᠠᠮᠠᠷ ᠨᠢᠭᠡᠨ ᠦᠨᠳᠦᠰᠦᠳᠡᠨ ᠤᠭᠰᠠᠭᠠᠨ ᠤ ᠦᠭᠡ ᠭᠡᠯᠡ ᠦᠰᠦᠭ ᠪᠢᠴᠢᠭ ᠢ ᠤᠯᠠᠨ ᠳᠤᠤᠷ᠎ᠡ ᠪᠠᠨ ᠳᠡᠪᠰᠡᠯᠡᠵᠤ | ᠳᠡᠭᠦᠨ ᠤ ᠭᠦᠭᠵᠢᠯ ᠢ ᠪᠤᠭᠤᠮᠢᠯᠠᠭᠴᠢ ᠵᠠᠰᠠᠭ ᠲᠦᠷᠦ ᠪᠤᠯ ᠲᠠᠩᠬᠠᠢ ᠵᠠᠰᠠᠭ ᠲᠦᠷᠦ ᠶᠤᠮ᠃ | ᠮᠤᠩᠭᠤᠯ ᠦᠭᠡ ᠭᠡᠯᠡ ᠦᠰᠦᠭ ᠪᠢᠴᠢᠭ ᠢᠶᠠᠷ ︽ᠬᠠᠮᠤᠭ ᠰᠡᠭᠦᠯᠴᠢ ᠶᠢᠨ ᠨᠢᠭᠡ ᠬᠢᠴᠢᠶᠡᠯ︾ ᠤᠷᠤᠬᠤ | ᠴᠠᠭ ᠡᠭᠦᠷᠢᠳᠡ ᠪᠠᠶᠢᠬᠤ ᠦᠭᠡᠢ ᠪᠠᠶᠢᠬᠤ ᠭᠡᠳᠡᠭ ᠲᠤ ᠡᠷᠡᠭᠡᠯᠵᠡᠬᠦ ᠮᠤᠩᠭᠤᠯ ᠭᠦᠮᠦᠨ ᠭᠠᠭᠴᠠ ᠴᠤ ᠦᠭᠡᠢ᠃ | ᠤᠴᠢᠷ ᠨᠢ ᠮᠤᠩᠭᠤᠯ ᠦᠭᠡ ᠭᠡᠯᠡ ᠦᠰᠦᠭ ᠪᠢᠴᠢᠭ ᠪᠤᠯ ᠳᠡᠯᠡᠭᠡᠢ ᠶᠢᠨ ᠦᠪ ᠮᠦᠷᠳᠡᠭᠡᠨ ᠳᠡᠯᠡᠭᠡᠢ ᠶᠢᠨ | ᠭᠠᠶᠢᠬᠠᠮᠰᠢᠭ ᠶᠤᠮ᠃ ᠮᠦᠨᠴᠤ ᠮᠠᠨ ᠤ ᠬᠠᠮᠠᠭᠠᠯᠠᠨ ᠦᠯᠡᠳᠡᠬᠡᠵᠤ ᠭᠦᠭᠵᠢᠬᠦᠯᠦᠨ ᠪᠤᠵᠠᠭᠠᠶᠢᠷᠠᠭᠤᠯᠬᠤ ᠦᠨᠡᠳᠤ | ᠡᠷᠳᠡᠨᠢ ᠮᠠᠨᠢ ᠮᠠᠷᠭᠤᠰᠢ ᠦᠭᠡᠢ ᠮᠦᠨ᠃ ᠠᠳᠡ ᠠᠯᠳᠠᠷᠳᠤ ᠵᠤᠬᠢᠶᠠᠯᠴᠢ ᠠ᠊᠂ ᠳ᠋ᠠᠤᠲ᠋ᠠᠢ ᠶᠢᠨ ︽ᠲᠦᠷᠦ ᠤᠯᠤᠰ ᠨᠢ | ᠮᠦᠬᠦᠭᠡᠳ ᠪᠤᠰᠤᠳ ᠲᠤ ᠪᠤᠭᠤᠯᠴᠢᠯᠠᠭᠳᠠᠭᠰᠠᠨ ᠴᠤ ᠠᠷᠠᠳ ᠲᠦᠮᠡᠨ ᠨᠢ ᠭᠡᠷᠪᠡ ᠲᠦᠷᠦᠯᠬᠢ ᠦᠭᠡ ᠭᠡᠯᠡ ᠦᠰᠦᠭ | ᠪᠢᠴᠢᠭ ᠢᠶᠠᠨ ᠮᠠᠷᠳᠠᠯ ᠦᠭᠡᠢ ᠪᠠᠳᠤ ᠴᠡᠭᠡᠵᠢᠯᠡᠵᠤ ᠪᠠᠶᠢᠭᠰᠠᠨ ᠴᠠᠭ ᠲᠤ ᠱᠦᠷᠦᠩ ᠤᠨ ᠡᠭᠦᠳᠡᠨ ᠲᠦᠯᠬᠢᠬᠦᠷ ᠢ | ᠠᠳᠬᠤᠵᠤ ᠪᠠᠶᠢᠭ᠎ᠠ ᠲᠠᠢ ᠠᠳᠠᠯᠢ ᠶᠤᠮ ᠰᠢᠤ︾ ᠭᠡᠳᠡᠭ ᠲᠢᠲᠢᠮ ᠦᠭᠡ ᠪᠠᠷ ᠨᠡᠶᠢᠳᠡᠯᠡᠯ ᠢᠶᠠᠨ ᠳᠡᠭᠦᠰᠭᠡᠶ᠎ᠡ︕ | | | ᠬᠤᠯᠪᠤᠭ᠎ᠠ ᠰᠦᠯᠵᠢᠶ᠎ᠡ ᠠᠴᠠ ᠪᠠᠭᠤᠯᠭᠠᠪᠠ |