ᠲᠡᠬᠡᠰᠤᠨ ᠤ ᠨᠠᠷᠠᠶᠢᠳᠤᠯ ᠵᠢᠴᠢ ᠢᠷᠠᠯᠳᠠ | | ᠮᠡᠨ ᠤ ᠮᠤᠩᠭᠤᠯᠴᠤᠤᠨ ᠭᠥᠮᠤᠨ ᠲᠥᠷᠤᠯᠬᠢᠳᠠᠨ ᠤ ᠪᠤᠯᠪᠠᠰᠤᠨ ᠰᠤᠶᠤᠯ ᠤᠨ ᠠᠯᠳᠠᠨ ᠪᠤᠱᠤᠭ᠎ᠠ ᠶᠢ | ᠨᠠᠶᠢᠳᠠ ᠲᠡᠯᠡᠬᠡᠢ ᠶᠢᠨ ᠪᠤᠰᠤᠤᠨ ᠥᠡᠳᠤᠰᠤᠳᠠᠨ ᠲᠠᠢ ᠬᠠᠮᠳᠤ ᠪᠠᠷ ᠠᠯᠬᠤᠬᠰᠠᠨ ᠠᠴᠠ ᠨᠠᠰᠢ ᠥᠪᠡᠷ ᠤᠨ | ᠥᠡᠳᠤᠰᠤᠳᠠᠨ ᠤ ᠢᠯᠠ ᠲᠤᠳᠤ ᠥᠪᠡᠷᠮᠢᠴᠨ ᠤᠡᠴᠠᠯᠢᠭ ᠲᠠᠢ ᠰᠤᠳᠤᠨ ᠭᠠᠶᠢᠬᠠᠮᠰᠢᠬᠳᠤ ᠮᠠᠰᠢ ᠤᠯᠠᠨ ᠰᠤᠶᠤᠯ ᠢ | ᠡᠭᠦᠳᠤᠨ ᠪᠥᠳᠤᠬᠡᠵᠠᠢ᠃ ᠡᠭᠦᠨ ᠳᠤ ᠨᠢᠬᠡ ᠨᠢ ᠪᠤᠯ ᠮᠤᠩᠭᠤᠯᠴᠤᠤᠨ ᠤᠨ ᠲᠡᠬᠡᠰᠤᠨ ᠰᠤᠶᠤᠯ ᠪᠤᠯᠤᠨ᠎ᠠ᠃ | ᠪᠢᠳᠠ ᠪᠥᠭᠦᠨ ᠤ ᠮᠡᠳᠠᠬᠡᠵᠢ ᠪᠠᠷ ᠡᠷᠳᠠᠨ ᠤ ᠴᠢᠯᠠᠭᠤᠨ ᠵᠠᠪᠰᠡᠭ ᠤᠨ ᠥᠶ᠎ᠠ ᠳᠤ ᠭᠥᠮᠤᠰ ᠡᠪᠡᠰᠤ | ᠤᠷᠭᠤᠮᠠᠯ᠂ ᠮᠤᠳᠤᠨ ᠤ ᠰᠠᠯᠠᠭ᠎ᠠ ᠨᠠᠮᠠᠭ᠎ᠠ᠂ ᠠᠪᠠᠯᠠᠵᠦ ᠤᠯᠤᠬᠰᠠᠨ ᠠᠮᠢᠳᠠᠨ ᠤ ᠠᠷᠠᠰᠤ ᠰᠢᠷᠢ ᠰᠢᠷᠪᠤᠰᠤ ᠶᠢ | ᠠᠰᠢᠬᠯᠠᠵᠦ ᠲᠠᠮᠤᠵᠦ ᠰᠥᠯᠵᠢᠭᠦ ᠶᠢ ᠰᠤᠷᠴᠤ ᠠᠮᠢᠳᠤᠷᠠᠯ ᠤᠨ ᠥᠡᠳᠤᠰᠤᠨ ᠬᠡᠷᠡᠭᠴᠡᠭᠡ ᠪᠠᠨ ᠬᠠᠨᠭ᠍ᠭᠠᠵᠦ ᠴᠢᠳᠠᠬᠤ | ᠪᠤᠯᠤᠬᠰᠠᠨ ᠪᠥᠬᠡᠤᠨ ᠲᠠᠷᠨ ᠥᠶ᠎ᠠ ᠳᠤ ᠭᠤᠤᠯᠳᠠᠭᠤ ᠡᠮᠡᠭᠳᠠᠶᠢᠴᠤᠤᠨ ᠲᠠᠮᠤᠬᠤ ᠰᠥᠯᠵᠢᠭᠦ ᠨᠡᠬᠡᠭᠦ ᠠᠵᠢᠯ ᠢ ᠬᠢᠳᠡᠭ | ᠪᠠᠶᠢᠬᠰᠠᠨ ᠬᠡᠵᠦ ᠬᠠᠭᠤᠴᠢ ᠰᠤᠳᠤᠯᠤᠬᠴᠢᠤᠨ ᠥᠵᠡᠳᠡᠭ᠃ ᠬᠡᠯᠡᠯᠬᠡᠨ ᠥᠬᠡᠢ ᠲᠡᠬᠡᠰᠤᠨ ᠤ ᠲᠥᠷᠤᠯ ᠵᠥᠢᠯ ᠴᠦ | ᠤᠯᠠᠨ ᠪᠢᠰᠢ᠂ ᠵᠥᠪᠬᠡᠨ ᠠᠪᠠ ᠠᠩᠨᠠᠯ᠂ ᠵᠢᠭᠠᠰᠤᠴᠢᠯᠠᠬᠤ ᠬᠡᠷᠡᠭᠴᠠᠬᠡᠨ ᠳᠤ ᠵᠤᠷᠢᠭᠤᠯᠤᠬᠳᠠᠵᠦ᠂ ᠲᠤᠤᠷ᠂ ᠪᠠᠭᠠᠵᠢ | ᠵᠡᠪᠰᠡᠭ ᠤᠨ ᠡᠰᠢᠨ ᠳᠤ ᠪᠠᠬᠢᠯᠠᠵᠦ ᠤᠶᠠᠬᠤ ᠲᠡᠬᠡᠰᠤ ᠵᠡᠷᠬᠡ ᠥᠡᠳᠤᠰᠤᠨ ᠬᠡᠷᠡᠭᠴᠠᠬᠡᠨ ᠠᠴᠠ ᠥᠷᠬᠡᠵᠢᠵᠦ | ᠲᠠᠶᠢᠯᠤᠬᠡ ᠥᠬᠡᠢ ᠪᠠᠶᠢᠵᠠᠢ᠃ ᠡᠶᠢᠮᠤ ᠠᠴᠠ ᠲᠡᠬᠡᠰᠤ ᠲᠠᠮᠤᠬᠤ ᠰᠤᠶᠤᠯ ᠨᠢ ᠡᠷᠳᠠᠨ ᠤ ︽ᠭᠥᠮᠤᠰ ᠤᠨ ᠬᠠᠮᠳᠤ | ᠠᠮᠢᠳᠤᠷᠠᠨ ᠭᠥᠳᠠᠯᠮᠤᠷᠢᠯᠠᠵᠦ ᠭᠥᠳᠠᠯᠮᠤᠷᠢ ᠶᠢᠨ ᠪᠠᠭᠠᠵᠢ ᠵᠡᠪᠰᠡᠭ ᠢᠶᠠᠨ ᠨᠠᠶᠢᠳᠠ ᠪᠠᠷ ᠡᠵᠡᠮᠰᠢᠵᠦ ᠲᠠᠳᠠᠨ ᠤ | ᠬᠠᠮᠳᠤᠴᠢ ᠤᠶᠤᠨ ᠪᠢᠯᠢᠭ ᠢᠶᠠᠷ ᠪᠥᠳᠤᠬᠡᠭᠳᠡᠭᠰᠠᠨ ᠡᠳ᠋ ᠤᠨ ᠰᠤᠶᠤᠯ ᠡᠭᠦᠰᠴᠤ ᠭᠥᠭᠵᠢᠭᠰᠡᠨ︾ ᠴᠠᠭ ᠥᠶ᠎ᠠ ᠶᠢᠨ | ᠪᠥᠳᠤᠬᠡᠯ ᠪᠤᠯᠬᠤ ᠨᠢ ᠲᠠᠮᠵᠢᠭ ᠥᠬᠡᠢ᠃ ᠮᠡᠨ ᠤ ᠡᠷᠢᠨ ᠤ ᠡᠮᠤᠨᠠᠬᠢ ᠲᠥᠮᠡᠨ ᠵᠢᠯ ᠤᠨ ᠲᠠᠷᠳᠡᠭᠡ᠂ ᠤᠳᠤ ᠶᠢᠨ | ᠥᠷᠠᠯ᠂ ᠪᠠᠶᠢᠭᠠᠯ ᠲᠠᠯᠠᠢ ᠶᠢᠨ ᠤᠷᠴᠢᠮ ᠤᠨ ᠨᠤᠳᠤᠭ ᠰᠢᠪᠧᠷᠢᠶ᠎ᠠ ᠶᠢᠨ ᠡᠮᠤᠨᠠᠳᠤ ᠬᠡᠰᠡᠭ ᠲᠥᠪ ᠠᠽᠢᠶ᠎ᠠ ᠪᠠᠷ | ᠨᠤᠳᠤᠬᠯᠠᠬᠴᠢᠤᠨ ᠤᠨ ᠤᠷᠤᠨ ᠰᠠᠭᠤᠴᠨ ᠳᠤ ᠤᠪᠤᠬᠠᠢ ᠬᠡᠷ ᠠᠴᠠ ᠬᠠᠨᠠᠳᠤ ᠬᠡᠷ ᠤᠷᠤᠭᠤ ᠰᠢᠯᠵᠢᠭᠦ ᠰᠢᠯᠵᠢᠯᠳᠠ | ᠡᠬᠢᠯᠠᠵᠦ᠂ ᠮᠡᠨ ᠤ ᠡᠷᠢᠨ ᠤ ᠡᠮᠤᠨᠠᠬᠢ ᠲᠠᠪᠤᠨ ᠮᠢᠩᠭᠠᠨ ᠵᠢᠯ ᠪᠤᠶᠤ ᠲᠥᠷᠪᠡᠨ ᠮᠢᠩᠭᠠᠨ ᠵᠢᠯ ᠤᠨ ᠲᠠᠷᠳᠡᠭᠡ ᠭᠥᠷᠴᠤ | ᠢᠷᠠᠳᠠᠯ᠎ᠠ ᠥᠷᠭᠦᠯᠵᠢᠯᠡᠬᠡᠤᠨ ᠰᠠᠶ᠋ᠢ ᠬᠠᠨᠠᠳᠤ ᠮᠤᠩᠭᠤᠯ ᠬᠡᠷ ᠵᠢᠩᠬᠢᠨᠢ ᠪᠠᠶᠠᠯᠠᠯ ᠢᠶᠠᠨ ᠤᠯᠵᠠᠢ ᠬᠡᠵᠦ ᠡᠷᠳᠠᠮᠳᠠᠤᠨ | ᠥᠵᠡᠳᠡᠭ᠃ ᠴᠢᠩᠬᠢᠪᠡᠯ ᠡᠨᠡ ᠥᠶ᠎ᠠ ᠳᠤ ᠪᠤᠢ ᠪᠤᠯᠤᠬᠰᠠᠨ ᠮᠤᠩᠭᠤᠯ ᠬᠡᠷ ᠲᠠᠷᠬᠡ ᠲᠥᠷᠪᠡᠢ ᠳᠤ ᠨᠢᠬᠡᠨᠳᠠ ᠲᠡᠬᠡᠰᠤ | ᠥᠷᠬᠡᠨ ᠬᠡᠷᠡᠭᠯᠡᠭᠦ ᠪᠤᠯᠤᠬᠰᠠᠨ ᠪᠠᠶᠢᠨ᠎ᠠ᠃ ᠨᠠᠩ ᠴᠦ ᠭᠥᠮᠤᠨ ᠲᠥᠷᠤᠯᠬᠢᠳᠠᠨ᠂ ᠮᠠᠯ ᠠᠵᠦ ᠠᠬᠤᠢ ᠡᠷᠬᠢᠯᠡᠭᠦ | ᠪᠤᠯᠤᠬᠰᠠᠨ ᠨᠢ ᠲᠡᠬᠡᠰᠤ ᠲᠠᠮᠤᠬᠤ ᠰᠤᠶᠤᠯ ᠰᠢᠨ᠎ᠠ ᠭᠥᠭᠵᠢᠯ ᠢᠶᠠᠨ ᠤᠯᠤᠬᠰᠠᠨ ᠴᠠᠭ ᠥᠶ᠎ᠠ ᠬᠡᠵᠦ ᠥᠵᠠᠯᠳᠠᠢ᠃ | ᠮᠤᠩᠭᠤᠯᠴᠤᠤᠨ ᠤᠨ ᠨᠡᠭᠦᠳᠠᠯ ᠤᠨ ᠠᠮᠢᠳᠤᠷᠠᠯ ᠳᠤ ᠲᠡᠬᠡᠰᠤ ᠪᠤᠯ ᠶᠠᠷᠤ ᠠᠴᠠ ᠲᠤᠳᠠᠬᠳᠠᠵᠦ ᠪᠤᠯᠠᠰᠢ ᠥᠬᠡᠢ | ᠥᠷᠬᠡᠨ ᠬᠡᠷᠡᠭᠴᠡᠭᠡ ᠲᠠᠢ ᠪᠠᠶᠢᠳᠠᠭ ᠠᠵᠢ᠃ ᠡᠶᠢᠮᠤ ᠠᠴᠠ ᠡᠷᠳᠠᠨ ᠠᠴᠠ ᠤᠳᠤ ᠭᠥᠷᠳᠠᠯ᠎ᠠ ᠮᠤᠩᠭᠤᠯᠴᠤᠤᠨ ᠡᠪᠡᠰᠤ | ᠤᠷᠭᠤᠮᠠᠯ᠂ ᠠᠷᠠᠰᠤ ᠰᠢᠷᠢ᠂ ᠰᠢᠷᠪᠤᠰᠤ ᠵᠢᠴᠢ ᠲᠠᠪᠤᠨ ᠬᠤᠰᠢᠭᠤ ᠮᠡᠯ ᠤᠨ ᠤᠡᠭᠭᠠᠰᠤ᠂ ᠨᠤᠤᠰᠤ᠂ ᠲᠠᠯ ᠬᠢᠯᠭᠠᠰᠤ | ᠶᠢ ᠭᠥᠢᠴᠠᠤᠨ ᠴᠢᠳᠠᠮᠠᠭᠠᠢ ᠠᠰᠢᠬᠯᠠᠨ ᠠᠪᠠ ᠠᠩᠨᠠᠯ᠂ ᠮᠠᠯ ᠮᠠᠯᠵᠢᠯ ᠳᠤ ᠵᠤᠷᠢᠭᠤᠯᠤᠬᠳᠠᠬᠰᠠᠨ ᠤᠭᠤᠰᠤᠷᠯᠠᠬᠤ᠂ | ᠲᠤᠤᠷᠯᠠᠬᠤ᠂ ᠠᠴᠢᠶ᠎ᠠ ᠭᠥᠰᠬᠡ ᠪᠠᠨ ᠲᠠᠳᠠᠵᠦ ᠤᠶᠠᠬᠤ᠂ ᠬᠡᠷ ᠤᠨ ᠤᠭᠤᠰᠤᠷ ᠪᠥᠴᠨ᠂ ᠮᠠᠯ ᠤᠨ ᠤᠶᠠᠭ᠎ᠠ᠂ ᠵᠠᠯ᠎ᠠ | ᠠᠷᠭᠠᠮᠵᠢᠶ᠎ᠠ᠂ ᠨᠤᠬᠳᠤ ᠲᠤᠱᠠ᠂᠂᠂ ᠥᠷᠬᠡᠨ ᠬᠡᠷᠡᠭᠴᠠᠬᠡᠨ ᠤ ᠲᠡᠬᠡᠰᠤ ᠲᠠᠮᠤᠵᠦ᠂ ᠰᠥᠯᠵᠢᠵᠦ ᠡᠳ᠋ᠯᠠᠵᠦ ᠢᠷᠡᠭᠰᠠᠨ | ᠥᠨᠢ ᠬᠤᠯᠠ ᠶᠢᠨ ᠲᠠᠤᠬᠡ ᠲᠠᠢ ᠬᠡᠰᠠᠨ ᠢ ᠬᠡᠨ ᠴᠦ ᠠᠡᠳᠠᠬᠤ ᠪᠠᠷ ᠥᠬᠡᠢ᠃ | ᠮᠤᠩᠭᠤᠯᠴᠤᠤᠨ ᠡᠪᠡᠰᠤ ᠤᠷᠭᠤᠮᠠᠯ᠂ ᠠᠷᠠᠰᠤ ᠰᠢᠷᠢ᠂ ᠤᠡᠭᠭᠠᠰᠤ ᠨᠤᠤᠰᠤ᠂ ᠲᠠᠯ ᠬᠢᠯᠭᠠᠰᠤ ᠪᠠᠷ ᠮᠠᠰᠢ | ᠤᠯᠠᠨ ᠲᠥᠷᠤᠯ ᠵᠤᠶᠢᠯ ᠤᠨ ᠲᠡᠬᠡᠰᠤ ᠬᠢᠳᠡᠭ ᠪᠥᠬᠡᠤᠨ ᠶᠠᠷᠤᠩᠬᠡᠢ ᠳᠤᠨᠢ ᠲᠡᠬᠡᠰᠤ ᠬᠡᠵᠦ ᠬᠡᠯᠡᠳᠡᠭ᠃ ᠬᠡᠪᠡᠴᠤ ᠨᠠᠷᠠ | ᠲᠤᠷᠠᠳᠤᠯᠭ᠎ᠠ ᠶᠢ ᠨᠢ ︽ᠲᠡᠬᠡᠰᠤ ᠲᠠᠮᠤᠬᠤ︾᠂ ︽ᠲᠡᠬᠡᠰᠤ ᠨᠢᠤᠡᠬᠡᠷᠭᠦ︾᠂ ︽ᠲᠡᠬᠡᠰᠤ ᠠᠯᠠᠭᠠᠳᠠᠬᠤ︾᠂ ︽ | ᠲᠡᠬᠡᠰᠤ ᠮᠤᠰᠬᠢᠬᠤ︾ ᠬᠡᠵᠦ ᠠᠳᠠᠯᠢ ᠪᠤᠰᠤ ᠪᠠᠷ ᠨᠡᠷᠠᠯᠠᠳᠡᠭ᠃ ᠲᠡᠬᠡᠰᠤ ᠪᠠᠨ ᠬᠡᠷᠡᠭᠴᠡᠭᠡ ᠡᠳ᠋ᠯᠡᠯᠬᠡ ᠪᠠᠷ ᠨᠢ ᠠᠴᠢᠶ᠎ᠠ | ᠭᠥᠰᠬᠡ ᠲᠠᠳᠠᠬᠤ ᠡᠬᠢ ᠲᠡᠬᠡᠰᠤ᠂ ᠬᠤᠮ ᠲᠡᠬᠡᠰᠤ᠂ ᠴᠠᠯᠮ᠎ᠠ ᠲᠡᠬᠡᠰᠤ᠂ ᠤᠶᠠᠭ᠎ᠠ᠂ ᠠᠷᠭᠠᠮᠵᠢᠶ᠎ᠠ ᠶᠢᠨ ᠲᠡᠬᠡᠰᠤ᠂ | ᠬᠡᠷ ᠤᠨ ᠤᠭᠤᠰᠤᠷ ᠪᠥᠴᠨ ︵ᠲᠤᠭᠤᠨᠤ ᠶᠢᠨ ᠬᠡᠯᠬᠢᠶ᠎ᠠ᠂ ᠪᠤᠭᠤᠯᠳᠠ᠂ ᠬᠠᠨ᠎ᠠ ᠶᠢᠨ ᠪᠤᠭᠤᠯᠳᠠ᠂ ᠬᠤᠰᠢᠯᠠᠩ᠂ | ᠲᠠᠷᠤᠭᠤᠯᠭ᠎ᠠ᠂ ᠲᠤᠭᠤᠷᠢᠭ ᠤᠨ ᠭᠤᠳᠤᠷᠤᠤᠯ᠂ ᠴᠢᠬᠳᠠᠭ᠎ᠠ᠂ ᠵᠡᠬᠡᠭ︶᠂ ᠲᠡᠮᠡᠬᠡᠨ ᠤ ᠪᠤᠷᠬᠳᠠᠭ᠂ ᠨᠤᠬᠳᠤ | ᠭᠠᠨᠭ᠍ᠰᠢᠩ᠂ ᠰᠢᠵᠢᠮ ᠲᠠᠪᠬᠤᠴᠠᠭ᠎ᠠ ᠶᠢᠨ ᠲᠡᠬᠡᠰᠤ᠂ ᠬᠤᠷᠠᠭᠠᠨ ᠭᠥᠬᠡᠨᠠ᠂ ᠲᠤᠭᠤᠯ ᠤᠨ ᠵᠠᠯ᠎ᠠ᠂ ᠪᠤᠳᠤᠭᠤᠨ ᠤ | ᠠᠷᠭᠠᠮᠵᠢᠶ᠎ᠠ᠂ ᠤᠨᠠᠭ᠎ᠠ ᠲᠤᠭᠤᠯ ᠤᠨ ᠨᠤᠬᠳᠤ ᠤᠭᠤᠰᠤᠷ᠂ ᠴᠢᠳᠤᠷ ᠲᠤᠱᠠ᠂ ᠨᠤᠬᠳᠤ ᠬᠠᠵᠠᠭᠠᠷ᠂ ᠤᠯᠤᠩ ᠵᠢᠷᠢᠮ | ᠂ ᠲᠠᠳᠠᠯᠠᠭ᠎ᠠ᠂ ᠤᠭᠤᠰᠤᠷ ᠬᠡᠭᠦ ᠮᠡᠳᠤ ᠪᠠᠷ ᠠᠩᠬᠢᠯᠠᠵᠦ ᠨᠠᠷᠠᠯᠠᠳᠡᠭ᠃ ᠰᠤᠩᠭᠤᠵᠦ ᠬᠢᠭᠰᠡᠨ ᠡᠬᠡ ᠮᠡᠲ᠋ᠧᠷᠢᠶᠠᠯ ᠢᠶᠠᠷ | ᠨᠢ ᠬᠢᠯᠭᠠᠰᠤᠨ ᠲᠡᠬᠡᠰᠤ᠂ ᠲᠡᠮᠡᠬᠡᠨ ᠤᠡᠭᠭᠠᠰᠤᠨ ᠲᠡᠬᠡᠰᠤ᠂ ᠬᠤᠨᠢᠨ ᠤᠡᠭᠭᠠᠰᠤᠨ ᠲᠡᠬᠡᠰᠤ᠂ ᠤᠯᠤᠰᠤᠨ ᠲᠡᠬᠡᠰᠤ᠂ | ᠰᠤᠷ ︵ᠤᠡᠭᠭᠠᠰᠤ ᠪᠠᠷ ᠬᠢᠭᠰᠡᠨ ᠲᠡᠬᠡᠰᠤ ᠶᠢ ᠲᠡᠬᠡᠰᠤ ᠬᠡᠵᠦ᠂ ᠰᠤᠷ ᠡᠳ᠋ᠯᠠᠯ ᠢ ᠲᠡᠬᠡᠰᠤ ᠬᠡᠵᠦ ᠬᠡᠯᠡᠳᠡᠭ ᠥᠬᠡᠢ᠂ | ᠵᠥᠪᠬᠡᠨ ᠰᠤᠷ ᠡᠳ᠋ᠯᠠᠯ ᠬᠡᠵᠦ ᠬᠡᠯᠡᠳᠡᠭ᠃ ᠬᠡᠪᠡᠴᠤ ᠲᠠᠮᠤᠵᠦ ᠰᠥᠯᠵᠢᠵᠦ ᠬᠢᠭᠰᠡᠨ ᠪᠤᠯᠬᠤᠷ ᠰᠤᠷ ᠲᠡᠬᠡᠰᠤ ᠬᠡᠵᠦ | ᠬᠡᠯᠡᠭᠦ ᠭᠠᠵᠠᠷ ᠴᠦ ᠪᠤᠢ︶ ᠬᠡᠵᠦ ᠢᠯᠭᠠᠭ᠎ᠠ ᠲᠠᠢ ᠨᠠᠷᠠᠯᠠᠵᠦ᠂ ᠬᠢᠴᠨ ᠪᠥᠳᠤᠴᠨ ᠪᠠᠷ ᠨᠢ ᠲᠠᠮᠤᠬᠰᠠᠨ ᠲᠡᠬᠡᠰᠤ᠂ | ᠤᠶᠤᠮᠠᠯ ᠲᠡᠬᠡᠰᠤ᠂ ᠪᠥᠷᠢᠮᠠᠯ ᠲᠡᠬᠡᠰᠤ᠂ ᠰᠥᠯᠵᠢᠮᠠᠯ ᠲᠡᠬᠡᠰᠤ᠂ ᠭᠤᠷᠮᠤᠰᠤᠨ ᠲᠡᠬᠡᠰᠤ᠂ ᠲᠠᠪᠬᠤᠷ ᠲᠡᠬᠡᠰᠤ᠂ ᠲᠠᠩ | ᠲᠡᠬᠡᠰᠤ ᠬᠡᠵᠦ ᠬᠡᠯᠡᠳᠡᠭ ᠪᠠᠶᠢᠨ᠎ᠠ᠃ ᠬᠡᠷᠡᠭᠴᠠᠬᠡᠨ ᠤ ᠥᠡᠳᠤᠰᠤᠨ ᠱᠠᠭᠠᠷᠳᠠᠯᠭ᠎ᠠ ᠠᠴᠠ ᠪᠤᠯᠵᠦ ᠨᠠᠷᠢᠨ ᠲᠡᠬᠡᠰᠤ᠂ | ᠪᠥᠳᠤᠭᠦᠨ ᠲᠡᠬᠡᠰᠤ ᠬᠡᠵᠦ ᠢᠯᠭᠠᠭ᠎ᠠ ᠲᠠᠢ ᠪᠠᠶᠢᠪᠠᠴᠤ᠂ ᠶᠠᠷᠤ ᠨᠢ ᠡᠷᠴᠢ ᠰᠠᠶᠢᠳᠠᠢ᠂ ᠪᠠᠳᠤ ᠪᠥᠬᠡᠯᠢᠭ ᠢ ᠶᠡᠬᠡᠳᠠ | ᠡᠷᠬᠢᠮᠯᠠᠵᠦ ᠲᠠᠮᠤᠵᠦ ᠰᠥᠯᠵᠢᠵᠦ ᠪᠥᠷᠢᠵᠦ ᠤᠶᠤᠬᠤ ᠤᠷ᠎ᠠ ᠮᠡᠷᠬᠡᠵᠢᠯ ᠢᠶᠠᠷ ᠴᠢᠨᠠᠷ ᠴᠢᠡᠰᠠᠭ᠎ᠠ ᠲᠠᠢ ᠭᠤᠶᠤ | ᠭᠠᠨᠭ᠍ᠭᠠᠡᠭ ᠬᠢᠵᠦ᠂ ᠠᠵᠦ ᠠᠮᠢᠳᠤᠷᠠᠯ᠂ ᠭᠤᠶᠤᠯᠠᠯ ᠵᠠᠰᠠᠯ᠂ ᠰᠢᠳᠤᠯᠬᠡ ᠪᠢᠰᠢᠷᠠᠯ ᠳᠤ ᠡᠳ᠋ᠯᠠᠵᠦ ᠬᠡᠷᠡᠭᠯᠡᠵᠦ ᠢᠷᠡᠭᠰᠠᠨ | ᠤᠯᠠᠮᠵᠢᠯᠠᠯ ᠲᠠᠢ ᠪᠢᠯᠠ᠃ | ᠮᠤᠩᠭᠤᠯ ᠭᠥᠮᠤᠨ ᠲᠡᠬᠡᠰᠤ ᠲᠠᠮᠤᠬᠤ ᠳᠠᠭᠠᠨ ᠰᠢᠯᠢᠵᠦ ᠰᠤᠩᠭᠤᠨ ᠠᠪᠤᠬᠰᠠᠨ ᠲᠠᠮᠡᠬᠡᠨ ᠤ ᠤᠡᠭᠭᠠᠰᠤ ︵ | ᠡᠪᠤᠳᠤᠭ᠌᠂ ᠵᠤᠬᠳᠤᠷ᠂ ᠡᠮᠡᠬᠡᠨ ᠤᠡᠭᠭᠠᠰᠤ ᠬᠡᠵᠦ ᠢᠯᠭᠠᠨ᠎ᠠ︶᠂ ᠬᠤᠨᠢᠨ ᠤ ᠤᠡᠭᠭᠠᠰᠤ᠂ ᠠᠳᠤᠭᠤᠨ ᠤ ᠬᠢᠯᠭᠠᠰᠤ | ︵ᠲᠠᠯ ᠰᠠᠭᠦᠯ︶ ᠪᠠᠨ ᠰᠠᠶᠢᠬᠠᠨ ᠴᠠᠪᠡᠷᠯᠠᠵᠦ ᠬᠤᠭ ᠨᠤᠪᠰᠢ ᠶᠢ ᠨᠢ ᠠᠷᠢᠯᠭᠠᠨ ᠰᠢᠷᠬᠡᠭ ᠰᠢᠷᠬᠡᠭ ᠢᠶᠠᠷ ᠰᠠᠮᠨᠠᠨ | ᠤᠷᠠᠵᠦ ᠶᠡᠭᠡ ᠪᠠᠭ᠎ᠠ ᠨᠢ ᠠᠳᠠᠯᠢ ᠥᠬᠡᠢ ᠤᠡᠭᠭᠠᠰᠤᠨ ᠲᠥᠭᠦᠳᠡᠭ᠂ ᠬᠢᠯᠭᠠᠰᠤᠨᠲ᠋ᠥ᠋ᠭᠦᠳᠡᠭ ᠬᠢᠵᠦ ᠲᠡᠬᠡᠰᠤ | ᠲᠠᠮᠤᠳᠠᠭ᠃ | ᠲᠡᠬᠡᠰᠤ ᠪᠠᠨ ᠡᠳ᠋ᠯᠡᠯᠬᠡᠨ ᠤ ᠬᠡᠷᠡᠭᠴᠡᠭᠡ ᠱᠠᠭᠠᠷᠳᠠᠯᠭ᠎ᠠ ᠠᠴᠠ ᠡᠭᠦᠰᠴᠤ᠂ ᠲᠠᠩ᠂ ᠲᠠᠪᠬᠤᠷ᠂ ᠤᠶᠤᠮᠠᠯ᠂ | ᠰᠥᠯᠵᠢᠮᠠᠯ᠂ ᠪᠥᠷᠢᠮᠠᠯ ᠬᠢᠭᠦ ᠪᠠᠨ ᠲᠤᠬᠳᠠᠭᠠᠵᠦ᠂ ᠴᠢᠨᠠᠷ ᠴᠢᠡᠰᠠᠭ᠎ᠠ ᠶᠢ ᠡᠷᠬᠢᠮᠯᠠᠨ ᠭᠤᠶᠤ ᠶᠠᠩᠵᠤᠯᠠᠵᠦ ᠬᠢᠭᠦ ᠶᠢ | ᠠᠩᠬᠠᠷᠴᠤ᠂ ᠥᠵᠡᠭᠦ ᠳᠤ ᠰᠠᠶᠢᠬᠠᠨ ᠬᠡᠷᠡᠭᠯᠡᠭᠦ ᠳᠤ ᠪᠥᠬᠡ ᠪᠠᠶᠢᠬᠤ ᠥᠡᠳᠤᠰᠤᠨ ᠱᠠᠭᠠᠷᠳᠠᠯᠭ᠎ᠠ ᠳᠤ ᠵᠤᠬᠢᠴᠠᠭᠤᠯᠤᠨ | ᠵᠥᠪ ᠰᠤᠯᠤᠭᠠᠢ ᠬᠤᠶᠠᠷ ᠠᠷᠭ᠎ᠠ ᠪᠠᠷ ᠲᠠᠮᠤᠵᠦ ᠬᠢᠳᠡᠭ᠃ ᠡᠳ᠋ᠯᠡᠯᠬᠡᠨ ᠳᠤ ᠵᠤᠷᠢᠭᠤᠯᠤᠬᠰᠠᠨ ᠴᠦ ᠲᠠᠷᠨ᠂ ᠭᠤᠶᠤᠯᠠᠯ | ᠵᠠᠰᠠᠯ ᠳᠤ ᠵᠤᠷᠢᠭᠤᠯᠤᠬᠰᠠᠨ ᠴᠦ ᠲᠠᠷᠨ᠂ ᠪᠥᠷ ᠥᠵᠤᠭᠦᠷ ᠭᠤᠬᠴᠤᠭ᠎ᠠ ᠶᠢ ᠨᠢ ᠲᠠᠪᠤᠤ ᠪᠥᠰ ᠪᠤᠶᠤ ᠲᠤᠷᠭ᠎ᠠ | ᠲᠤᠷᠳᠤᠩ ᠢᠶᠠᠷ ᠪᠥᠷᠢᠵᠦ ᠤᠶᠤᠭᠠᠤᠨ ᠶᠠᠩᠵᠦ ᠤᠷᠤᠭᠤᠯᠤᠨ ᠬᠢᠳᠡᠭ ᠨᠢ ᠪᠥᠬᠡ ᠪᠡ ᠰᠠᠶᠢᠬᠠᠨ ᠥᠵᠠᠮᠵᠢ ᠲᠠᠢ | ᠪᠤᠯᠳᠠᠭ᠃ | ᠭᠤᠶᠤᠯᠠᠯ ᠵᠠᠰᠠᠯ ᠳᠤ ᠵᠤᠷᠢᠭᠤᠯᠵᠦ ᠬᠢᠭᠰᠡᠨ ᠲᠡᠬᠡᠰᠤ — ᠡᠭᠦᠨ ᠳᠤ ᠲᠠᠮᠡᠬᠡᠨ ᠤ ᠨᠤᠬᠳᠤ ᠵᠢᠯᠤᠭᠤ | ᠪᠤᠷᠬᠳᠠᠭ᠂ ᠲᠠᠪᠬᠤᠴᠠᠭ᠎ᠠ᠂ ᠤᠯᠤᠩ᠂ ᠵᠢᠷᠢᠮ᠂ ᠲᠤᠱᠠ᠂ ᠵᠡᠬᠡᠭ᠂ ᠲᠤᠬᠤᠰᠢ ᠶᠢᠨ ᠵᠡᠬᠡᠭ᠂᠂᠂᠂᠂ ᠮᠡᠳᠤ ᠶᠢᠨ | ᠬᠡᠷᠡᠭᠴᠠᠬᠡᠨ ᠤ ᠲᠡᠬᠡᠰᠤ ᠶᠢ ᠬᠠᠷ᠎ᠠ ᠴᠠᠭᠠᠨ ᠤᠡᠭᠭᠠᠰᠤ ᠪᠠᠷ ᠥᠡᠭᠬᠡ ᠢᠯᠭᠠᠷᠠᠭᠤᠯᠤᠨ ᠲᠠᠮᠤᠵᠦ ᠬᠢᠭᠦ᠂ ᠥᠡᠭᠬᠡ | ᠢᠯᠭᠠᠷᠠᠭᠤᠯᠤᠨ ᠤᠶᠤᠵᠦ ᠬᠢᠭᠦ ᠡᠰᠠᠭᠦᠯ᠎ᠠ ᠵᠠᠪᠰᠠᠷ ᠨᠢ ᠢᠰᠠᠬᠡᠢ ᠪᠠᠷᠢᠵᠦ ᠤᠶᠤᠵᠦ ᠬᠢᠭᠦ᠂ ᠥᠡᠭᠬᠡ ᠪᠥᠷᠢ ᠶᠢᠨ | ᠲᠤᠷᠳᠤᠩ ᠲᠤᠷᠭ᠎ᠠ ᠪᠠᠷ ᠪᠥᠷᠢᠭᠦ ᠬᠡᠭᠦ ᠮᠡᠳᠤ ᠪᠠᠷ ᠤᠡᠴᠨ ᠭᠤᠶᠤᠯᠠᠯ ᠵᠠᠰᠠᠯ ᠤᠨ ᠤᠷ᠎ᠠ ᠮᠡᠷᠬᠡᠵᠢᠯ ᠢᠶᠠᠷ ᠬᠢᠳᠡᠭ | ᠪᠤᠯᠬᠤᠷ ᠭᠠᠨᠭ᠍ᠭᠠᠡᠭ ᠬᠡᠬᠡᠨᠴᠢᠷ ᠬᠠᠷᠠᠬᠳᠠᠨ᠎ᠠ᠃ ᠡᠪᠤᠯ ᠴᠠᠭ ᠪᠤᠶᠤ ᠴᠠᠭᠠᠨ ᠰᠠᠷ᠎ᠠ ᠳᠤ ᠡᠳ᠋ᠯᠠᠭᠦ ᠵᠠᠰᠠᠯ ᠭᠤᠶᠤᠯᠠᠯ ᠳᠤ | ᠪᠤᠯ ᠨᠠᠩ ᠰᠠᠶᠢᠬᠠᠨ ᠬᠢᠳᠡᠭ ᠪᠠᠶᠢᠨ᠎ᠠ᠃ ᠶᠠᠷᠤ ᠨᠢ ᠡᠩ ᠤᠨ ᠴᠠᠭ ᠲᠤ ᠴᠦ ᠬᠡᠰᠠᠨ ᠲᠡᠬᠡᠰᠤ ᠶᠢ ᠡᠷᠴᠢ ᠰᠠᠶᠢᠳᠠᠢ | ᠭᠤᠶᠤ ᠰᠠᠶᠢᠬᠠᠨ ᠬᠢᠭᠦ ᠶᠢ ᠤᠡᠴᠤᠭᠤᠢ ᠠᠩᠬᠠᠷᠴᠤ᠂ ᠬᠠᠰᠢ ᠶᠠᠰᠢ ᠬᠢᠭᠦ ᠶᠢ ᠴᠠᠬᠡᠷᠯᠡᠭᠦ ᠵᠠᠩᠰᠢᠯ ᠲᠠᠢ᠃ | ᠮᠤᠩᠭᠤᠯ ᠭᠥᠮᠤᠨ ᠠᠵᠦ ᠠᠮᠢᠳᠤᠷᠠᠯ ᠤᠨ ᠬᠡᠷᠡᠭᠴᠠᠬᠡᠳᠠᠢ ᠲᠡᠬᠡᠰᠤᠨ ᠡᠳ᠋ᠯᠠᠯ ᠢᠶᠠᠨ ᠭᠤᠶᠤᠮᠰᠤᠭ ᠭᠠᠨᠭ᠍ᠭᠠᠡᠭ | ᠤᠷᠠᠯᠠᠵᠦ ᠬᠢᠭᠦ ᠪᠠ ᠬᠡᠷ ᠤᠨ ᠪᠥᠷᠢᠶᠠᠰᠤ᠂ ᠤᠭᠤᠳᠠ ᠰᠠᠪᠠ᠂ ᠰᠢᠷᠳᠡᠭ ᠲᠠᠪᠢᠰᠬᠡᠷ ᠢᠶᠠᠨ ᠭᠥᠷᠳᠠᠯ᠎ᠠ ᠨᠠᠷᠢᠨ | ᠲᠡᠬᠡᠰᠤᠨ ᠵᠡᠬᠡᠭ ᠪᠠᠷᠢᠵᠦ ᠤᠶᠤᠬᠤ᠂ ᠬᠡ ᠤᠭᠠᠯᠵᠠ᠂ ᠥᠯᠵᠠᠢ ᠤᠳᠠᠰᠤ ᠤᠷᠢᠶᠠᠬᠤ ᠮᠡᠳᠤ ᠪᠠᠷ ᠭᠤᠶᠤ ᠥᠵᠠᠮᠵᠢ | ᠲᠠᠢ ᠪᠤᠯᠭᠠᠳᠠᠭ ᠨᠢ ᠭᠤᠶᠤᠯᠠᠯ ᠵᠠᠰᠠᠯ᠂ ᠪᠡᠯᠬᠡᠳᠠᠯ ᠤᠨ ᠠᠭᠤᠯᠭ᠎ᠠ ᠲᠠᠢ ᠶᠤᠮ᠃ ᠮᠥᠨ ᠴᠦ ᠡᠷᠳᠠᠨ ᠤ | ᠮᠤᠩᠭᠤᠯᠴᠤᠤᠨ ᠤᠨ ᠤᠷ᠎ᠠ ᠮᠡᠷᠬᠡᠵᠢᠯ᠂ ᠤᠶᠤᠨ ᠤᠬᠠᠭᠠᠨ᠂ ᠭᠤᠸ᠎ᠠ ᠲᠠᠭᠠᠰᠢᠶᠠᠯ ᠤᠨ ᠥᠵᠡᠯᠳᠠ᠂ ᠤᠷᠠᠯᠢᠭ | ᠰᠤᠶᠤᠯ ᠤᠨ ᠰᠤᠨᠢᠷᠬᠠᠯ ᠢ ᠲᠤᠰᠬᠠᠵᠦ ᠪᠠᠶᠢᠳᠠᠭ ᠤᠡᠴᠠᠯᠢᠭ ᠲᠠᠢ ᠪᠥᠬᠡᠤᠨ ︽ᠭᠤᠸ᠎ᠠ ᠰᠠᠶᠢᠬᠠᠨ ᠢ ᠰᠤᠨᠢᠷᠬᠠᠬᠤ | ᠲᠤᠷ᠎ᠠ ᠪᠠᠬ᠎ᠠ ᠨᠢ ᠶᠠᠷᠤ ᠠᠴᠠ ᠤᠶᠢᠯᠡᠤᠡᠪᠤᠷᠢᠯᠠᠯ ᠤᠨ ᠭᠥᠴᠤᠨ ᠤ ᠭᠥᠭᠵᠢᠯᠳᠠ ᠶᠢ ᠲᠠᠭᠠᠯᠳᠤᠨ ᠭᠥᠭᠵᠢᠳᠡᠭ︾ | ᠬᠡᠰᠠᠨ ᠢ ᠨᠤᠳᠠᠯᠠᠵᠦ ᠪᠠᠶᠢᠭ᠎ᠠ ᠤᠴᠢᠷᠳᠠᠢ᠃ | ᠰᠥᠰᠤᠭ᠌ ᠪᠢᠰᠢᠷᠠᠯ ᠢᠶᠠᠨ ᠴᠦ ᠲᠠᠮᠤᠬᠰᠠᠨ ᠲᠡᠬᠡᠰᠤ ᠪᠠᠷ ᠢᠯᠡᠤᠡᠬᠡᠵᠦ ᠲᠠᠪᠤᠨ ᠬᠤᠰᠢᠭᠤ ᠮᠡᠯ ᠤᠨ | ᠤᠡᠭᠭᠠᠰᠤ ᠨᠤᠤᠰᠤ᠂ ᠲᠠᠯ ᠬᠢᠯᠭᠠᠰᠤ ᠪᠠᠷ ᠥᠪᠡᠷ ᠤᠨ ᠢᠳᠠᠬᠡᠯ ᠪᠢᠰᠢᠷᠠᠯ ᠤᠨ ᠡᠭᠦᠳᠠᠨ ᠠᠴᠠ ᠬᠠᠵᠠᠭᠠᠷ᠂ ᠨᠤᠬᠳᠤ᠂ | ᠲᠤᠱᠠ᠂ ᠭᠥᠬᠡᠨᠠ᠂ ᠪᠤᠷᠬᠳᠠᠭ ᠵᠡᠷᠬᠡ ᠶᠢ ᠲᠠᠮᠤᠵᠦ ᠬᠢᠬᠡᠤᠨ ᠲᠠᠬᠢᠳᠠᠭ ᠤᠪᠤᠭᠠᠨ ᠤ ᠪᠠᠨ ᠨᠠᠪᠳᠠᠭ ᠰᠠᠪᠳᠠᠭ ᠲᠤ | ᠲᠠᠭᠠᠤᠡᠬᠠᠵᠦ ᠮᠡᠯ ᠰᠥᠷᠤᠭ᠌ ᠥᠨᠢᠷ ᠥᠰᠴᠤ᠂ ᠰᠠᠶᠢᠨ ᠰᠠᠶᠢᠬᠠᠨ ᠂ ᠥᠯᠵᠡᠢ ᠬᠡᠶᠢᠮᠤᠷᠢ ᠲᠠᠢ ᠪᠠᠶᠢᠬᠤ ᠶᠢ ᠭᠥᠰᠠᠨ | ᠵᠥᠡᠭᠨᠡᠵᠦ ᠪᠠᠶᠢᠭ᠎ᠠ ᠤᠴᠢᠷ ᠶᠤᠮ᠃ ᠪᠠᠰᠠ ᠬᠤᠷᠰᠢᠶᠠᠨ ᠳᠤ ᠬᠤᠳᠠᠯᠳᠤᠬᠤ ᠮᠠᠯ ᠤᠨ ᠢᠶᠠᠨ ᠤᠡᠭᠭᠠᠰᠤ ᠨᠤᠤᠰᠤ | ᠬᠢᠯᠭᠠᠰᠤᠨ ᠠᠴᠠ ᠨᠢ ᠬᠠᠶᠢᠴᠢᠯᠠᠵᠦ ᠠᠪᠤᠭᠠᠤᠨ ᠨᠠᠷᠢᠬᠠᠨ ᠲᠠᠮᠤᠵᠦ ᠲᠠᠯᠠᠯᠭᠠᠨ ᠰᠠᠭᠤᠯᠠᠭ᠎ᠠ ᠪᠤᠶᠤ ᠲᠤᠭᠤᠨᠤ ᠶᠢᠨ | ᠬᠡᠴᠨ ᠳᠤ ᠤᠶᠠᠵᠦ ᠵᠡᠭᠦᠳᠡᠭ ᠨᠢ ᠴᠦ ᠮᠠᠯ ᠤᠨ ᠬᠡᠰᠢᠭ ᠪᠤᠶᠠᠨ ᠢ ᠪᠡᠯᠬᠡᠳᠠᠵᠦ ᠥᠨᠢᠷ ᠪᠠᠶᠠᠨ ᠮᠡᠯ ᠰᠥᠷᠤᠭ᠌ ᠲᠠᠢ | ᠪᠠᠶᠢᠬᠤ ᠶᠢ ᠭᠥᠰᠠᠨ ᠡᠷᠠᠮᠠᠯᠵᠠᠯᠠᠵᠦ ᠪᠠᠶᠢᠭ᠎ᠠ ᠬᠡᠷᠡᠭ ᠠᠵᠠᠢ᠃ | ᠨᠠᠶᠢᠳᠠ ᠮᠤᠩᠭᠤᠯ ᠤᠨ ᠵᠠᠩ ᠤᠶᠢᠯᠠ ᠲᠤᠳᠤᠷ᠎ᠠ ᠲᠡᠬᠡᠰᠤᠨ ᠳᠤ ᠬᠤᠯᠪᠤᠬᠳᠠᠬᠤ ᠵᠠᠩ ᠤᠶᠢᠯᠠ ᠲᠥᠬᠡᠮᠡᠯ | ᠥᠵᠡᠭᠳᠠᠨᠠ᠃ ᠡᠷᠡᠭᠳᠠᠢ ᠭᠥᠮᠤᠨ ᠲᠡᠬᠡᠰᠤᠨ ᠰᠢᠳᠠᠮᠠᠰᠤ ︵ᠲᠡᠬᠡᠰᠤᠨ ᠤ ᠲᠠᠰᠤᠷᠬᠠᠢ ᠶᠢ ᠬᠡᠯᠡᠨ᠎ᠠ︶ ᠪᠥᠰᠠᠯᠠᠵᠦ | ᠪᠤᠯᠬᠤ ᠥᠬᠡᠢ᠃ ᠠᠶᠢᠯ ᠳᠤ ᠲᠡᠬᠡᠰᠤ ᠰᠢᠳᠠᠮᠠᠰᠤ ᠪᠠᠷᠢᠵᠦ ᠤᠷᠤᠵᠦ ᠪᠤᠯᠬᠤ ᠥᠬᠡᠢ᠃ ᠲᠡᠬᠡᠰᠤᠨ ᠲᠠᠰᠤᠷᠬᠠᠢ | ᠰᠢᠳᠠᠮᠠᠰᠤ ᠭᠥᠳᠡᠭᠡ ᠭᠠᠳᠠᠨ᠎ᠠ ᠲᠠᠭᠠᠷᠠᠯᠳᠤᠪᠡᠯ ᠵᠡᠪᠡᠯ ᠵᠠᠳᠠᠯᠵᠦ ᠬᠠᠶᠠᠨ᠎ᠠ᠃ ᠨᠤᠬᠳᠤ ᠮᠡᠳᠤ ᠶᠢᠨ ᠲᠡᠬᠡᠰᠤ ᠡᠳ᠋ᠯᠠᠯ | ᠤᠯᠳᠠᠪᠡᠯ ᠪᠡᠯᠬᠡᠰᠢᠶᠠᠨ ᠥᠵᠡᠭᠦ᠂᠂᠂᠂᠂ ᠬᠡᠭᠦ ᠮᠡᠳᠤ ᠶᠢᠨ ᠤᠯᠠᠨ ᠵᠢᠱᠢᠶ᠎ᠠ ᠲᠤᠷᠠᠤᠡᠴᠤ ᠪᠤᠯᠤᠨ᠎ᠠ᠃ ᠡᠷᠳᠠᠨ ᠤ | ᠥᠶ᠎ᠠ ᠳᠤ ᠮᠤᠩᠭᠤᠯᠴᠤᠤᠨ ᠥᠰᠤᠭ᠌ ᠪᠢᠴᠢᠭ ᠬᠡᠷᠡᠭᠯᠡᠭᠦ ᠠᠴᠠ ᠡᠮᠤᠨ᠎ᠡ ᠲᠡᠬᠡᠰᠤ ᠵᠠᠩᠬᠢᠤᠡᠴᠤ ᠬᠡᠷᠡᠭ ᠤᠴᠢᠷ | ᠲᠠᠮᠳᠡᠭᠯᠡᠭᠦ᠂ ᠲᠡᠬᠡᠰᠤ ᠵᠠᠩᠬᠢᠤᠡᠴᠤ ᠲᠠᠩᠭᠠᠷᠢᠭ ᠠᠡᠳᠠᠭᠠᠢ ᠬᠢᠵᠦ ᠪᠠᠶᠢᠬᠰᠠᠨ ᠲᠠᠤᠬᠡ ᠲᠠᠢ᠃ ᠲᠡᠬᠡᠰᠤ ᠲᠠᠮᠤᠬᠤ | ᠰᠤᠶᠤᠯ ᠨᠢ ᠠᠪᠠ ᠠᠩᠨᠠᠯ᠂ ᠮᠠᠯ ᠮᠠᠯᠵᠢᠯ ᠤᠨ ᠭᠥᠷᠤᠰᠤ ᠰᠢᠷᠤᠢ ᠳᠤ ᠤᠷᠭᠤᠨ ᠲᠠᠯᠬᠡᠷᠠᠵᠦ᠂ ᠤᠯᠠᠨ ᠵᠠᠭᠤᠨ | ᠮᠢᠩᠭᠠᠨ ᠵᠢᠯ ᠤᠨ ᠲᠤᠷᠰᠢ ᠠᠵᠦ ᠠᠮᠢᠳᠤᠷᠠᠯ ᠭᠤᠶᠤᠯᠠᠯ ᠵᠠᠰᠠᠯ᠂ ᠰᠥᠰᠤᠭ᠌ ᠪᠢᠰᠢᠷᠠᠯ ᠳᠤ ᠭᠤᠤᠯ ᠡᠭᠦᠷᠬᠡ | ᠭᠥᠢᠴᠠᠤᠡᠬᠡᠵᠦ ᠢᠷᠡᠭᠰᠠᠨ ᠢᠶᠠᠷ ᠪᠠᠷᠠᠬᠤ ᠥᠬᠡᠢ᠂ ᠲᠠᠳᠠᠨ ᠤ ᠭᠥᠴᠤᠨ ᠴᠢᠳᠠᠯ᠂ ᠤᠷ᠎ᠠ ᠤᠬᠠᠭᠠᠨ᠂ ᠪᠠᠭᠠᠳᠤᠷ | ᠵᠤᠷᠢᠭ᠂ ᠬᠤᠷᠴᠨ ᠰᠠᠷᠭᠦᠯᠠᠩ ᠤᠨ ᠬᠡᠷᠠᠴᠢ ᠲᠠᠮᠳᠡᠭ ᠪᠤᠯᠬᠤ ᠲᠠᠳᠤᠢ ᠥᠬᠡᠢ ᠨᠡᠶᠢᠬᠡᠮ ᠤᠨ ᠭᠥᠭᠵᠢᠯ ᠲᠠᠪᠰᠢᠯ᠂ | ᠠᠵᠦ ᠠᠮᠢᠳᠤᠷᠠᠯ ᠤᠶᠢᠯᠡᠤᠡᠪᠤᠷᠢᠯᠠᠯ ᠭᠥᠳᠠᠯᠮᠤᠷᠢ᠂ ᠤᠷᠠᠯᠢᠭ ᠰᠤᠶᠤᠯ ᠲᠠᠢ ᠰᠠᠯᠤᠰᠢ ᠥᠬᠡᠢ ᠬᠤᠯᠪᠤᠭᠠᠳᠠᠢ | ᠭᠥᠭᠵᠢᠵᠦ ᠢᠷᠡᠭᠰᠠᠨ ᠨᠢ ᠲᠤᠳᠤ ᠲᠤᠮᠤᠷᠠᠭᠤᠨ ᠮᠡᠳᠡᠭᠳᠠᠵᠦ ᠪᠠᠶᠢᠨ᠎ᠠ᠃ ᠬᠡᠳᠠᠯ᠎ᠠ ᠡᠷᠳᠠ ᠡᠳᠤᠬᠡ ᠶᠢᠨ ᠤᠯᠠᠨ | ᠡᠷᠳᠠᠮᠳᠠᠨ ᠮᠡᠷᠬᠡᠤᠨ᠂ ᠲᠠᠤᠬᠡ᠂ ᠤᠷᠠᠯᠢᠭ ᠰᠤᠶᠤᠯ ᠤᠨ ᠰᠤᠳᠤᠯᠤᠯᠭᠠᠳᠠᠨ᠂ ᠵᠠᠩ ᠵᠠᠩᠰᠢᠯ ᠤᠨ ᠰᠤᠳᠤᠯᠤᠬᠴᠢ ᠨᠠᠷ | ᠡᠨᠡ ᠭᠦ ᠤᠯᠠᠮᠵᠢᠯᠠᠯᠳᠤ ᠰᠤᠶᠤᠯ ᠤᠨ ᠲᠤᠬᠠᠢ ᠲᠠᠮᠳᠡᠭᠯᠡᠵᠦ ᠥᠯᠡᠳᠠᠬᠡᠭᠰᠠᠨ ᠵᠤᠶᠢᠯ ᠢ ᠤᠳᠤᠬᠠᠨ ᠪᠤᠯᠳᠠᠯ᠎ᠠ ᠬᠠᠷᠠᠬᠠᠨ | ᠤᠯᠵᠦ ᠥᠵᠡᠭᠡ ᠥᠬᠡᠢ ᠪᠤᠯᠪᠠᠴᠤ᠂ ᠥᠪᠡᠷ ᠤᠨ ᠬᠢᠷᠢ ᠴᠢᠳᠠᠯ ᠢᠶᠠᠨ ᠭᠤᠯᠤᠯ ᠥᠬᠡᠢ ᠭᠥᠮᠤᠰ ᠤᠨ ᠭᠥᠡᠳᠡᠭᠡ | ᠥᠬᠡᠢ ᠲᠤᠮᠤ ᠰᠠᠳᠤᠪ ᠢ ᠭᠥᠡᠳᠠᠵᠦ ︽ᠮᠤᠩᠭᠤᠯᠴᠤᠤᠨ ᠤᠨ ᠲᠡᠬᠡᠰᠤᠨ ᠰᠤᠶᠤᠯ︾ ᠬᠡᠭᠦ ᠨᠤᠮ ᠢ ᠡᠷᠢᠶᠠᠴᠢᠵᠦ | ᠬᠤᠵᠢᠮ ᠬᠤᠶᠢᠰᠢᠳᠠ ᠶᠢᠨ ᠡᠷᠳᠠᠮᠳᠠᠨ ᠮᠡᠷᠬᠡᠤᠨ ᠤᠨ ᠠᠩᠬᠠᠷᠤᠯ ᠳᠤ ᠤᠷᠤᠭᠤᠯᠬᠤ ᠶᠢ ᠥᠨᠡᠡᠴᠢ ᠪᠠᠷ ᠵᠤᠷᠢᠵᠦ | ᠪᠢᠴᠢᠭᠰᠡᠨ ᠢ ᠮᠢᠨᠢ ᠠᠭᠤᠴᠢᠯᠠᠭᠠᠷᠠᠢ︕ | | | | |