ᠲᠠᠯᠳᠠᠤ ᠲᠠᠪᠤᠳᠠᠢ
ᠨᠡᠶᠢᠲᠡᠯᠡᠭᠰᠡᠨ ᠴᠠᠭ᠄
2019/2/18
                   ᠲᠠᠯᠳᠠᠤ ᠲᠠᠪᠤᠳᠠᠢ      ᠪᠠᠶ᠋ᠬᠠᠭᠤᠯᠠ ᠰᠤᠮᠤᠨ ᠤ ᠡᠷᠳᠠᠨᠢᠰᠢᠯᠢ ᠭᠠᠴᠠᠭᠠᠨ ᠳᠤ ᠲᠠᠯᠳᠠᠤ᠂ ᠲᠠᠪᠤᠳᠠᠢ ᠬᠡᠳᠡᠭ ᠨᠠᠷ᠎ᠠ ᠲᠠᠢ ᠭᠠᠵᠠᠷ ᠪᠠᠶᠢᠳᠠᠭ᠃ ᠠᠷᠪᠡ ᠶᠢᠰᠤᠳᠤᠬᠡᠷ ᠵᠠᠭᠤᠨ ᠤ ᠥᠶ᠎ᠠ ᠠᠳᠠ ᠲᠠᠯᠳᠠᠤ ᠲᠠᠪᠤᠳᠠᠢ ᠠᠬ᠎ᠠ ᠲᠠᠭᠦᠥ ᠬᠤᠶᠠᠷ ᠭᠥᠮᠤᠨ ᠨᠤᠳᠤᠬᠯᠠᠨ ᠰᠠᠭᠤᠵᠦ ᠪᠠᠶᠢᠵᠠᠢ᠃ ᠡᠨᠡ ᠭᠦ ᠠᠬ᠎ᠠ ᠲᠠᠭᠦᠥ ᠬᠤᠶᠠᠷ ᠲᠤᠬᠠᠢ ᠶᠢᠨ ᠥᠶ᠎ᠠ ᠳᠤ ᠠᠷᠤ ᠲᠠᠪᠢᠨ ᠲᠤᠯᠤᠭ᠎ᠠ ᠂ ᠥᠪᠤᠷ ᠲᠥᠴᠢ ᠶᠢᠰᠤᠨ ᠳᠤ ᠭᠥᠴᠤ ᠴᠢᠳᠠᠯ ᠲᠠᠢ ᠪᠠᠷ ᠨᠠᠷ᠎ᠠ ᠠᠯᠳᠠᠷᠰᠢᠵᠠᠢ᠃ ᠲᠠᠳᠠ ᠤ ᠭᠥᠮᠤᠨ ᠠᠴᠠ ᠬᠡᠳᠤᠶᠢᠳᠤᠭ᠍ᠰᠠᠨ ᠭᠥᠴᠤ ᠴᠢᠳᠠᠯ ᠲᠠᠢ ᠪᠠᠶᠢᠬᠰᠠᠨ ᠲᠤᠬᠠᠢ ᠥᠯᠢᠬᠡᠷ ᠲᠤᠮᠤᠭ ᠤᠳ ᠤᠳᠤ ᠪᠤᠯᠳᠠᠯ᠎ᠠ ᠨᠤᠳᠤᠭ ᠤᠨ ᠤᠯᠡᠨ ᠤ ᠲᠤᠮᠳᠠ ᠤᠯᠠᠮᠵᠢᠯᠠᠬᠳᠠᠬᠰᠠᠭᠠᠷ ᠪᠠᠶᠢᠭ᠎ᠠ ᠠᠴᠠ ᠠᠳᠠ ᠬᠡᠳᠤ ᠶᠢ ᠲᠤᠷᠡᠤᠡᠴᠤ ᠭᠠᠵᠠᠷ ᠤᠨ ᠨᠠᠷ᠎ᠠ ᠶᠢᠨ ᠢᠷᠠᠯᠳᠠ ᠶᠢᠨ ᠤᠤᠯ ᠤᠴᠢᠷ ᠢ ᠲᠤᠳᠤᠷᠬᠠᠶᠢᠯᠠᠬᠰᠠᠨ ᠢ ᠵᠤᠷᠢᠪᠡ᠃      ᠲᠠᠯᠳᠠᠤ ᠲᠠᠪᠤᠳᠠᠢ ᠠᠬ᠎ᠠ ᠲᠠᠭᠦᠥ ᠬᠤᠶᠠᠷ ᠨᠠᠶᠢᠷ ᠨᠠᠭᠠᠳᠤᠮ ᠳᠤ ᠪᠥᠬᠡ ᠶᠢᠨ ᠲᠠᠷᠢᠭᠦᠨ᠂ ᠲᠠᠳ᠋ ᠶᠢ ᠤᠯᠡᠡᠳᠠ ᠠᠪᠤᠬᠰᠠᠨ ᠲᠠᠤᠬᠡ ᠲᠠᠢ᠃ ᠲᠠᠪᠤᠳᠠᠢ ᠮᠤᠳᠤᠨ ᠲᠡᠷᠬᠡᠨ ᠤ ᠮᠥᠬᠡᠷ ᠢ ᠭᠠᠷ ᠢᠶᠠᠷ ᠢᠶᠠᠨ ᠪᠠᠷᠢᠭᠠᠤᠨ ᠮᠤᠰᠬᠢᠪᠡᠯ ᠲᠠᠷᠨ  ᠨᠢ ᠵᠢᠵᠢᠭ ᠤᠶᠢᠷᠠᠳᠡᠭ᠂ ᠲᠠᠷᠨ ᠲᠠᠪᠤᠨ ᠬᠠᠨ᠎ᠠ ᠲᠠᠢ ᠬᠡᠷ ᠢᠶᠠᠨ ᠪᠠᠭᠯᠠᠵᠦ ᠡᠭᠦᠷᠤᠬᠡᠤᠨ ᠡᠬᠡ ᠪᠠᠨ ᠲᠡᠬᠡᠷ᠎ᠠ ᠨᠢ ᠰᠠᠭᠤᠯᠭᠠᠭᠠᠤᠨ ᠠᠪᠠᠭ᠎ᠠ ᠤᠷᠢᠶᠠᠩᠬᠠᠨ ᠳᠤ ᠲᠠᠨᠤᠭᠦᠴᠢᠯᠠᠨ ᠶᠠᠪᠤᠬᠰᠠᠨ ᠥᠯᠢᠬᠡᠷ ᠲᠠᠢ᠂ ᠲᠠᠷᠨ ᠪᠠᠰᠠ ᠤᠯᠠᠩᠭᠠᠰᠤᠬᠰᠠᠨ ᠪᠤᠬ᠎ᠠ ᠶᠢ ᠡᠪᠡᠷ ᠠᠴᠠ ᠨᠢ ᠪᠠᠷᠢᠭᠠᠤᠨ ᠰᠠᠪᠠᠵᠦ ᠠᠯᠠᠬᠰᠠᠨ᠂ ᠠᠯᠠᠬᠰᠠᠨ ᠪᠤᠬ᠎ᠠ ᠶᠢᠨ ᠪᠥᠭᠦᠯᠢ ᠶᠢ ᠬᠤᠶᠡᠷ ᠬᠡᠰᠡᠭ ᠪᠤᠯᠭᠠᠭᠠᠤᠨ ᠨᠢᠬᠡ ᠨᠢᠬᠡ ᠪᠠᠷ ᠭᠠᠷ ᠳᠠᠭᠠᠨ ᠪᠠᠷᠢᠭᠠᠤᠨ ᠪᠠᠶ᠎ᠠ ᠳᠡᠭᠡᠨ ᠭᠥᠷᠬᠡᠭᠦ ᠥᠬᠡᠢ ᠪᠠᠷ ᠶᠠᠪᠤᠵᠦ ᠪᠠᠶᠢᠬᠰᠠᠨ᠂ ᠥᠬᠡᠷ ᠤᠨ ᠮᠢᠬ᠎ᠠ ᠲᠠᠢ ᠱᠠᠭᠠᠡᠳᠤ ᠪᠤᠬᠳᠤᠰ ᠢ ᠪᠠᠷᠢᠨ ᠮᠤᠰᠬᠢᠭᠠᠤᠨ ᠬᠤᠭᠤᠯᠴᠢᠬᠠᠬᠰᠠᠨ ᠵᠡᠷᠬᠡ ᠶᠢᠨ ᠭᠥᠴᠤ ᠴᠢᠳᠠᠯ ᠢᠶᠠᠨ ᠭᠠᠶᠢᠬᠠᠭᠤᠯᠤᠬᠰᠠᠨ ᠲᠤᠮᠤᠭ ᠶᠠᠷᠢᠶ᠎ᠠ ᠤᠯᠠᠨ ᠪᠠᠶᠢᠳᠠᠭ ᠶᠤᠮ᠃ ᠡᠨᠡᠭᠦ ᠠᠬ᠎ᠠ ᠲᠠᠭᠦᠥ ᠬᠤᠶᠠᠷ  ᠤᠨ ᠨᠤᠳᠤᠬᠯᠠᠨ ᠰᠠᠭᠤᠵᠦ ᠪᠠᠶᠢᠬᠰᠠᠨ ᠭᠠᠵᠠᠷ ᠢ ᠲᠠᠯᠳᠠᠤ ᠲᠠᠪᠤᠳᠠᠢ ᠬᠡᠵᠦ ᠨᠠᠷᠠᠯᠡᠭᠰᠠᠨ ᠬᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号