ᠱᠠᠭ᠎ᠠ ᠨᠠᠭᠠᠤᠡᠬᠤ ᠴᠠᠭ
ᠨᠡᠶᠢᠲᠡᠯᠡᠭᠰᠡᠨ ᠴᠠᠭ᠄
2019/2/20
         ᠱᠠᠭ᠎ᠠ ᠨᠠᠭᠠᠤᠡᠬᠤ ᠴᠠᠭ       ᠨᠠᠶᠢᠳᠠ ᠮᠤᠩᠭᠤᠯ ᠤᠷᠤᠨ ᠤ ᠡᠯ᠎ᠠ ᠭᠠᠵᠠᠷ ᠲᠤ ᠭᠥᠬᠡᠬᠡ ᠰᠠᠷ᠎ᠠ ᠶᠢᠨ ᠬᠤᠷᠢᠨ ᠭᠤᠷᠪᠡᠨ ᠠᠴᠠ ᠴᠠᠭᠠᠨ ᠰᠠᠷ᠎ᠠ ᠶᠢᠨ ᠠᠷᠪᠡᠨ ᠲᠠᠪᠤᠨ ᠭᠥᠷᠳᠠᠯᠠᠬᠢ ᠬᠤᠭᠤᠴᠠᠭᠠᠨ ᠳᠤ ᠱᠠᠭ᠎ᠠ ᠨᠠᠭᠠᠳᠤᠮ ᠢ ᠥᠷᠬᠡᠨ ᠢᠶᠠᠷ ᠲᠤᠬᠯᠠᠳᠠᠭ ᠶᠤᠮ᠃ ᠨᠠᠮᠤᠷ ᠡᠪᠤᠯ ᠤᠨ ᠤᠯᠠᠷᠢᠯ ᠳᠤ ᠱᠠᠭ᠎ᠠ ᠨᠠᠭᠠᠳᠤᠮ ᠡᠭᠦᠰᠬᠡᠵᠦ᠂ ᠨᠠᠭᠠᠤᠡᠴᠤ ᠲᠤᠬᠯᠠᠵᠦ ᠪᠤᠯᠳᠠᠭ᠂ ᠬᠡᠳᠠᠯ᠎ᠠ ᠬᠠᠪᠤᠷ᠂ ᠵᠤᠨ ᠤ ᠤᠯᠠᠷᠢᠯ ᠳᠤ ᠱᠠᠭ᠎ᠠ ᠪᠠᠷ ᠨᠠᠭᠠᠤᠡᠬᠤ ᠶᠢ ᠴᠠᠬᠡᠷᠯᠡᠵᠦ ᠶᠠᠷᠤᠩᠬᠡᠢ ᠳᠡᠭᠡᠨ ᠨᠠᠶᠢᠷ ᠬᠤᠷᠢᠮ᠂ ᠪᠠᠶᠠᠷ ᠨᠠᠭᠠᠳᠤᠮ  ᠠᠴᠠ ᠪᠤᠰᠤᠤᠨ ᠴᠠᠭ ᠲᠤ ᠱᠠᠭ᠎ᠠ ᠲᠠᠮᠠᠢ ᠨᠠᠭᠠᠤᠡᠬᠤ ᠥᠬᠡᠢ ᠪᠠᠶᠢᠳᠠᠭ᠃ ᠬᠠᠪᠤᠷ ᠱᠠᠭ᠎ᠠ ᠨᠠᠭᠠᠤᠡᠪᠡᠯ᠂ ︽ᠲᠥᠯ ᠮᠠᠶᠢᠬᠢ ᠪᠤᠯᠤᠨ᠎ᠠ︾ ᠬᠡᠭᠦ ᠪᠤᠶᠤ ︽ᠲᠥᠯ ᠳᠤ ᠬᠠᠷᠰᠢ︾ ᠬᠡᠮᠨᠨ ᠴᠠᠬᠡᠷᠯᠠᠵᠦ᠂ ᠵᠤᠨ ᠤ ᠤᠯᠠᠷᠢᠯ ᠳᠤ ᠱᠠᠭ᠎ᠠ ᠨᠠᠭᠠᠤᠡᠪᠡᠯ᠂ ︽ᠠᠶᠤᠩᠭ᠎ᠠ ᠪᠠᠭᠤᠨ᠎ᠠ︾᠂ ︽ᠭᠠᠨᠭ᠌ ᠪᠤᠯᠤᠨ᠎ᠠ︾᠂ ᠡᠰᠠᠭᠦᠯ᠎ᠠ ︽ᠮᠠᠯ ᠳᠤ ᠬᠠᠷᠰᠢ ᠪᠤᠯᠤᠨ᠎ᠠ︾ ᠬᠡᠵᠦ ᠴᠠᠬᠡᠷᠯᠡᠳᠡᠭ ᠪᠠᠶᠢᠵᠠᠢ᠃ ᠡᠭᠦᠨ ᠠᠴᠠ ᠭᠠᠳᠠᠨ᠎ᠠ᠂ ᠬᠠᠪᠤᠷ ᠤᠨ ᠤᠯᠠᠷᠢᠯ ᠪᠤᠯ ᠲᠥᠯ ᠮᠡᠯ ᠢᠶᠠᠨ ᠲᠤᠰᠴᠤ ᠪᠤᠶᠢᠵᠢᠭᠤᠯᠬᠤ ᠶᠠᠭᠠᠷᠠᠤ ᠴᠠᠭ ᠪᠤᠯᠬᠤᠷ ᠥᠨᠡᠨ ᠳᠡᠭᠡᠨ ᠨᠠᠭᠠᠤᠡᠬᠤ ᠵᠡᠪ ᠴᠢᠯᠤᠬᠡ ᠴᠦ ᠬᠤᠮᠰᠠᠬᠠᠨ ᠪᠠᠶᠢᠳᠠᠭ᠂ ᠵᠤᠨ  ᠤ ᠤᠯᠠᠷᠢᠯ ᠪᠤᠯ ᠮᠠᠯ ᠤᠨ ᠭᠠᠷᠤᠯᠳᠠ ᠠᠪᠬᠤ ᠤᠯᠠᠷᠢᠯ ᠤᠴᠢᠷ ᠠᠴᠠ ᠠᠵᠢᠯ ᠬᠢᠳᠠᠯ ᠤᠯᠠᠨ᠂ ᠰᠤᠯᠠ ᠰᠠᠯᠡᠭᠦᠥ ᠨᠠᠭᠠᠤᠡᠬᠤ ᠴᠢᠯᠤᠬᠡ ᠲᠡᠮᠡᠢ ᠥᠬᠡᠢ ᠪᠠᠶᠢᠳᠠᠭ᠃ ᠬᠡᠪᠡᠴᠤ ᠨᠠᠶᠢᠷ ᠬᠤᠷᠢᠮ᠂ ᠪᠠᠶᠠᠷ ᠨᠠᠭᠠᠳᠤᠮ ᠳᠤ ᠱᠠᠭ᠎ᠠ ᠨᠠᠭᠠᠳᠤᠮ ᠡᠭᠦᠰᠬᠡᠵᠦ᠂ ᠤᠷᠤᠯᠳᠤᠭᠠᠨ ᠮᠥᠷᠤᠶᠢᠴᠠᠬᠡᠨ ᠶᠠᠪᠤᠭᠤᠯᠵᠦ ᠭᠥᠷ ᠭᠥᠭᠵᠢᠶᠠᠨ ᠲᠠᠢ ᠰᠤᠶᠤᠯ ᠤᠨ ᠠᠵᠢᠯᠯᠠᠭ᠎ᠠ ᠥᠷᠨᠢᠭᠦᠯᠵᠦ ᠨᠠᠭᠠᠳᠤᠨ ᠴᠠᠩᠬᠡᠯᠳᠤᠳᠡᠭ ᠪᠠᠶᠢᠵᠠᠢ᠃      ᠨᠠᠮᠤᠷ ᠤᠨ ᠭᠠᠯ ᠤᠨ ᠵᠠᠰᠠ ᠰᠠᠩ ᠲᠠᠯᠪᠢᠬᠰᠠᠨ ᠠᠴᠠ ᠬᠤᠶᠢᠰᠢ ᠪᠤᠯ ᠱᠠᠭ᠎ᠠ ᠨᠠᠭᠠᠳᠤᠮ ᠡᠭᠦᠰᠬᠡᠵᠦ ᠨᠠᠭᠠᠤᠡᠴᠤ ᠲᠤᠬᠯᠠᠬᠤ ᠳᠤ ᠴᠠᠬᠡᠷ ᠬᠤᠷᠢᠭ᠎ᠠ ᠬᠡᠵᠦ ᠪᠠᠶᠢᠳᠠᠭ ᠥᠬᠡᠢ᠃ ᠠᠶᠢᠯ ᠬᠤᠳᠠ᠂ ᠠᠶᠢᠮᠠᠭ ᠰᠠᠭᠠᠬᠠᠯᠳᠠ ᠪᠠᠷ  ᠢᠶᠠᠨ ᠴᠤᠬᠯᠠᠷᠠᠵᠦ᠂ ᠡᠪᠤᠬᠡᠤᠨ ᠭᠥᠭᠰᠢᠤᠨ᠂ ᠢᠳᠠᠷ ᠵᠠᠯᠠᠭᠤᠴᠤᠤᠨ᠂ ᠬᠡᠤᠬᠡᠤᠨ ᠪᠠᠭᠠᠴᠤᠤᠨ᠂ ᠡᠷᠡᠭᠳᠠᠢ ᠡᠮᠡᠭᠳᠠᠢ ᠬᠡᠵᠦ ᠢᠯᠭᠠᠯ ᠥᠬᠡᠢ ᠱᠠᠭ᠎ᠠ ᠪᠠᠷ ᠤᠯᠠᠨ ᠲᠥᠷᠤᠯ ᠤᠨ ᠨᠠᠭᠠᠳᠤᠮ ᠲᠤᠬᠯᠠᠭᠠᠮ ᠡᠭᠦᠰᠬᠡᠵᠦ ᠨᠠᠭᠠᠤᠡᠳᠠᠭ ᠪᠠᠶᠢᠨ᠎ᠠ᠃ ᠨᠠᠩ ᠴᠦ ᠤᠳᠤᠷ ᠨᠡᠭᠦᠳᠠᠯ ᠤᠨ ᠭᠥᠮᠤᠰ᠂ ᠨᠠᠮᠤᠷ ᠤᠨ ᠬᠤᠨᠢ ᠮᠠᠯ ᠤᠨ ᠭᠥᠮᠤᠨ᠂ ᠰᠥᠨᠢ ᠶᠢᠨ ᠮᠠᠨᠠᠭᠠᠨ ᠤ ᠭᠥᠮᠤᠰ ᠪᠥᠷ ᠱᠠᠭ᠎ᠠ ᠨᠠᠭᠠᠤᠡᠴᠤ ᠴᠠᠭ ᠢ ᠨᠥᠭᠴᠢᠬᠡᠵᠦ᠂ ᠵᠤᠭ᠎ᠠ ᠴᠠᠩᠬᠡᠯ ᠪᠤᠯᠭᠠᠵᠦ ᠪᠠᠶᠢᠵᠠᠢ᠃      ᠡᠪᠤᠯ ᠤᠨ ᠤᠯᠠᠷᠢᠯ ᠳᠤ᠂ ᠱᠠᠭ᠎ᠠ ᠨᠠᠭᠠᠳᠤᠮ ᠢ ᠨᠠᠯᠢᠶᠠᠤᠨ ᠲᠥᠬᠡᠮᠡᠯ ᠲᠤᠬᠯᠠᠳᠠᠭ ᠪᠠᠶᠢᠵᠠᠢ᠃ ᠡᠪᠤᠯ ᠴᠠᠭ  ᠤᠨ ᠤᠷᠳᠤ ᠰᠥᠨᠢ ᠶᠢ ᠥᠯᠢᠬᠡᠷ ᠶᠠᠷᠢᠵᠦ᠂ ᠱᠠᠭ᠎ᠠ ᠲᠤᠬᠯᠠᠵᠦ᠂ ᠮᠠᠰᠢ ᠭᠥᠷ ᠨᠡᠷᠬᠢᠶᠠᠨ ᠲᠠᠢ ᠥᠡᠭᠬᠡᠷᠠᠳᠡᠭ ᠵᠠᠩᠰᠢᠯ  ᠲᠠᠢ᠃ ᠨᠠᠩ ᠴᠦ ᠱᠠᠭ᠎ᠠ ᠪᠠᠷ ᠤᠯᠡᠨ ᠶᠠᠩᠵᠤ ᠶᠢᠨ ᠲᠤᠬᠯᠠᠭᠠᠮ ᠡᠭᠦᠰᠬᠡᠵᠦ ᠨᠠᠭᠠᠡᠤᠡᠬᠤ᠂ ᠱᠠᠭ᠎ᠠ ᠪᠠᠷ ᠪᠤᠭᠤ᠂ ᠵᠢᠷᠬᠢᠬᠡ ᠲᠠᠯᠪᠢᠵᠦ᠂ ᠨᠢᠬᠡ ᠡᠳᠤᠷ ᠤᠨ ᠠᠵᠢᠯ ᠤᠨ ᠶᠠᠳᠠᠷᠠᠭ᠎ᠠ ᠴᠢᠯᠡᠭᠡ ᠪᠠᠨ ᠲᠠᠶᠢᠯᠵᠦ᠂ ᠤᠶᠤᠨ ᠤᠬᠠᠭᠠᠨ ᠤᠷᠮ᠎ᠠ ᠵᠤᠷᠢᠭ ᠢᠶᠠᠨ ᠭᠥᠭᠵᠢᠬᠡᠵᠦ ᠪᠠᠶᠠᠷ ᠭᠥᠷ ᠲᠠᠢ ᠨᠠᠭᠠᠤᠡᠴᠤ ᠲᠤᠬᠯᠠᠨ ᠨᠠᠶᠢᠷᠯᠠᠳᠠᠭ ᠪᠠᠶᠢᠵᠠᠢ᠃ ᠡᠶᠢᠮᠤ ᠠᠴᠠ ᠱᠠᠭ᠎ᠠ ᠲᠤᠬᠯᠠᠭᠠᠮ ᠨᠢ ᠨᠡᠭᠦᠳᠠᠯ ᠮᠠᠯᠵᠢᠯ ᠤᠨ ᠴᠠᠭ ᠥᠶ᠎ᠠ ᠳᠤ ᠮᠤᠩᠭᠤᠯᠴᠤᠤᠨ ᠤᠨ ᠤᠷᠮ᠎ᠠ ᠵᠤᠷᠢᠭ ᠢ ᠭᠥᠭᠵᠢᠬᠡᠭᠦ ᠤᠶᠤᠨ ᠤᠬᠠᠭᠠᠨ ᠤ ᠰᠤᠶᠤᠯ ᠤᠨ ᠠᠵᠢᠯᠯᠠᠭ᠎ᠠ ᠪᠤᠯᠤᠬᠰᠠᠭᠠᠷ ᠢᠷᠡᠭᠰᠠᠨ ᠡᠷᠳᠠᠨ ᠤ ᠢᠵᠠᠭᠤᠷ ᠲᠤᠬᠯᠠᠭᠠᠮ ᠪᠤᠯᠬᠤ ᠶᠤᠮ᠃      ᠭᠥᠬᠡᠬᠡ ᠰᠠᠷ᠎ᠠ ᠶᠢᠨ ᠭᠠᠯ ᠤᠨ ᠬᠤᠷᠢᠨ ᠭᠤᠷᠪᠡᠨ ᠠᠴᠠ ᠴᠠᠭᠠᠨ ᠰᠠᠷ᠎ᠠ ᠶᠢᠨ ᠠᠷᠪᠡᠨ ᠲᠠᠪᠤᠨ ᠭᠥᠷᠳᠠᠯ᠎ᠠ ᠱᠠᠭ᠎ᠠ ᠨᠠᠭᠠᠳᠤᠮ ᠥᠷᠬᠡᠨ ᠲᠠᠯᠬᠡᠷ ᠨᠠᠭᠠᠤᠡᠴᠤ ᠬᠡᠶᠢᠮᠤᠷᠢ ᠪᠠᠨ ᠰᠠᠷᠭᠦᠬᠡᠨ᠎ᠡ ᠬᠡᠳᠡᠭ᠃ ᠡᠨᠡ ᠬᠤᠭᠤᠴᠠᠭᠠᠨ ᠤ ᠱᠠᠭ᠎ᠠ ᠨᠠᠭᠠᠳᠤᠮ ᠨᠢ ᠤᠯᠠᠩᠬᠢ ᠭᠠᠵᠠᠷ ᠲᠤ ᠰᠢᠨ᠎ᠠ ᠴᠠᠭᠠᠨ ᠰᠠᠷ᠎ᠠ ᠶᠢᠨ ᠠᠭᠤᠯᠭ᠎ᠠ ᠪᠠᠷ ᠶᠠᠪᠤᠬᠳᠠᠨ᠎ᠠ᠃ ᠴᠠᠭᠠᠨ ᠰᠠᠷ᠎ᠠ  ᠶᠢᠨ ᠲᠤᠬᠯᠠᠭᠠᠮ ᠳᠤ ᠵᠡᠪᠡᠯ ︽ᠲᠥᠷᠪᠡᠨ ᠪᠡᠷᠬᠡ ᠬᠠᠶᠠᠬᠤ︾᠂ ︽ᠮᠠᠯᠡᠬᠡᠢ ᠥᠷᠤᠭᠦ︾᠂ ︽ᠠᠯᠠᠭ ᠮᠡᠯᠡᠬᠡᠢ︾᠂ ︽ᠮᠤᠷᠢ ᠤᠷᠤᠯᠳᠤᠭᠤᠯᠬᠤ︾᠂ ︽ᠵᠢᠯ ᠤᠷᠤᠭᠤᠯᠬᠤ︾᠂ ︽ᠠᠵᠨ ᠶᠢᠨ ᠭᠠᠭᠴᠨ︾᠂ ︽ᠠᠵᠨ ᠶᠢᠨ ᠭᠤᠷᠪᠡ ᠬᠠᠶᠠᠬᠤ︾᠂᠂᠂᠂᠂᠂᠂ ᠲᠤᠬᠯᠠᠭᠠᠮ ᠪᠠᠶᠢᠬᠤ ᠶᠤᠰᠤᠳᠠᠢ ᠪᠥᠬᠡᠤᠨ ᠪᠤᠰᠤᠤᠨ ᠲᠥᠷᠤᠯ ᠤᠨ ᠱᠠᠭ᠎ᠠ ᠨᠠᠭᠠᠳᠤᠮ ᠢ ᠴᠦ ᠪᠥᠷ ᠲᠤᠬᠯᠠᠵᠦ ᠪᠤᠯᠤᠨ᠎ᠠ᠃     ᠴᠠᠭᠠᠨ ᠰᠠᠷ᠎ᠠ ᠶᠢᠨ ᠠᠷᠪᠡᠨ ᠲᠠᠪᠤᠨ ᠠᠴᠠ ᠬᠤᠶᠢᠰᠢ ᠪᠤᠯ ᠱᠠᠭ᠎ᠠ ᠪᠠᠨ ᠬᠤᠷᠢᠶᠠᠵᠦ ᠨᠠᠭᠠᠳᠤᠮ ᠲᠤᠬᠯᠠᠭᠠᠮ ᠵᠤᠬᠰᠤᠳᠠᠭ ᠪᠥᠬᠡᠤᠨ ᠪᠤᠰᠤᠤᠨ ᠲᠥᠷᠤᠯ ᠤᠨ ᠱᠠᠭ᠎ᠠ ᠨᠠᠭᠠᠳᠤᠮ ᠢ ᠴᠦ ᠪᠥᠷ ᠲᠤᠬᠯᠠᠵᠦ ᠪᠤᠯᠤᠨ᠎ᠠ᠃ ᠬᠡᠪᠡᠴᠤ ᠵᠠᠷᠢᠮ ᠭᠠᠵᠠᠷ ᠤᠷᠤᠨ ᠳᠤ ᠠᠷᠪᠡᠨ ᠲᠠᠪᠤᠨ ᠠᠴᠠ ᠬᠤᠶᠢᠰᠢ᠂ ᠪᠠᠭ᠎ᠠ ᠰᠠᠭ᠎ᠠ ᠴᠢᠯᠤᠬᠡ ᠭᠠᠷᠭᠠᠵᠦ ᠱᠠᠭ᠎ᠠ ᠨᠠᠭᠠᠤᠡᠬᠤ ᠲᠤᠬᠢᠶᠠᠯᠳᠤᠯ ᠴᠦ ᠪᠤᠢ᠃ ᠵᠢᠱᠢᠶᠠᠯᠡᠪᠡᠯ ᠤᠳᠠᠭᠠᠨ ᠵᠢᠯ ᠠᠭᠤᠯᠵᠠᠵᠦ ᠤᠴᠠᠷᠠᠭ᠎ᠠ ᠥᠬᠡᠢ ᠲᠥᠷᠤᠯ ᠰᠠᠳᠤᠨ ᠪᠤᠶᠦ ᠠᠡᠳᠠ ᠨᠠᠶᠢᠵᠢᠰ ᠠᠭᠤᠯᠵᠠᠵᠦ ᠤᠴᠠᠷᠠᠭᠠᠤᠨ ᠨᠠᠭᠠᠤᠡᠬᠤ ᠲᠤᠷᠠᠳᠤᠯᠭ᠎ᠠ ᠭᠠᠷᠭᠠᠬᠰᠠᠨ ᠨᠥᠭᠦᠴᠠᠯ ᠳᠤ ᠱᠠᠭ᠎ᠠ ᠨᠠᠭᠠᠤᠡᠴᠤ ᠪᠤᠯᠤᠨ᠎ᠠ᠃      ᠨᠠᠶᠢᠳᠠ ᠮᠤᠩᠭᠤᠯ ᠤᠷᠤᠨ ᠳᠤ ᠢᠷᠬᠡᠨᠰᠢᠨ ᠰᠠᠭᠤᠭ᠎ᠠ ᠭᠥᠮᠤᠨ ᠠᠷᠠᠤᠨ ᠤᠨ ᠠᠵᠦ ᠠᠬᠤᠢ᠂ ᠠᠮᠢᠳᠤᠷᠠᠯ ᠰᠤᠶᠤᠯ᠂ ᠤᠷᠴᠢᠨ ᠠᠬᠤᠢ ᠶᠢᠨ ᠵᠥᠷᠢᠶ᠎ᠠ ᠠᠴᠠ ᠪᠤᠯᠵᠦ ᠱᠠᠭ᠎ᠠ ᠨᠠᠭᠠᠤᠡᠬᠤ ᠴᠠᠭ ᠬᠤᠭᠤᠷᠤᠡᠳᠤ ᠪᠠᠨ ᠪᠠᠰᠠ ᠵᠥᠷᠢᠶ᠎ᠠ ᠲᠠᠢ ᠵᠥᠢᠯ ᠴᠦ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号