ᠮᠠᠶᠢᠬᠠᠨ
ᠨᠡᠶᠢᠲᠡᠯᠡᠭᠰᠡᠨ ᠴᠠᠭ᠄
2020/3/15
       ᠮᠠᠶᠢᠬᠠᠨ ᠪᠤᠯ ᠭᠠᠭᠴᠠ ᠨᠢᠷᠤᠭᠤ ᠲᠠᠢ᠂ ᠬᠤᠶᠠᠷ ᠳᠣᠯᠭᠠᠭᠤᠷᠢ ᠲᠠᠢ ᠳᠠᠪᠤᠤ ᠰᠠᠭᠤᠴᠠ ᠪᠤᠯᠬᠤ ᠪᠥᠬᠡᠳ ᠮᠤᠩᠭᠤᠯᠴᠣᠳ ᠤᠨ ᠨᠡᠬᠦᠳᠡᠯ ᠤᠨ ᠠᠵᠤ ᠠᠮᠢᠳᠣᠷᠠᠯ ᠳᠤ ᠥᠷᠬᠡᠨ ᠬᠡᠷᠡᠭᠯᠡᠭᠳᠡᠵᠤ ᠢᠷᠡᠭᠰᠡᠨ ᠥᠨᠢ ᠬᠤᠯᠠ ᠶᠢᠨ ᠳᠡᠣᠬᠡ ᠲᠠᠢ᠃        ᠮᠠᠶᠢᠬᠠᠨ ᠤ ᠬᠡᠯᠪᠡᠷᠢ ᠬᠢᠴᠡ ᠨᠢ ᠠᠳᠠᠯᠢᠬᠠᠨ ᠪᠤᠯᠪᠠᠴᠥ ᠶᠡᠭᠡ᠂ ᠳᠣᠮᠳᠠ᠂ ᠪᠠᠭ᠎ᠠ ᠬᠡᠵᠤ ᠪᠠᠭᠳᠠᠭᠠᠮᠵᠢ ᠵᠠᠢ  ᠨᠢ ᠠᠳᠠᠯᠢ ᠥᠬᠡᠢ ᠪᠠᠶᠢᠳᠠᠭ᠃ ᠮᠠᠨ ᠤ ᠰᠥᠨᠢᠳ ᠲᠤ ᠮᠠᠶᠢᠬᠠᠨ ᠢ ᠠᠯᠤᠰ ᠬᠤᠯᠠ ᠶᠢᠨ ᠠᠶᠠᠨ ᠵᠢᠩ ᠬᠢᠬᠦ ᠠᠵᠢᠯ  ᠳᠤ ᠬᠡᠷᠡᠭᠯᠡᠬᠦ ᠮᠥᠷᠳᠡᠬᠡᠨ ᠥᠢᠷ᠎ᠡ ᠤᠷᠴᠢᠮ ᠤᠳᠣᠷᠯᠠᠨ ᠮᠠᠯᠵᠢᠬᠤ᠂ ᠨᠠᠮᠤᠷ ᠤᠨ ᠡᠪᠡᠰᠥ ᠬᠠᠳᠣᠯᠠᠩ ᠳᠤ ᠭᠠᠷᠬᠤ ᠪᠤᠶᠤ ᠡᠩ ᠤᠨ ᠰᠣᠯᠠ ᠠᠵᠢᠯ ᠳᠤ ᠥᠷᠬᠡᠨ ᠬᠡᠷᠡᠭᠯᠡᠬᠦ ᠳᠠᠳᠣᠢ ᠥᠬᠡᠢ ᠨᠠᠶᠢᠷ ᠨᠠᠭᠠᠳᠣᠮ᠂ ᠤᠪᠤᠭᠠᠨ ᠳᠠᠬᠢᠯᠭ᠎ᠠ ᠳᠤ ᠪᠥᠷ ᠬᠡᠷᠡᠭᠯᠡᠳᠡᠭ ᠪᠠᠶᠢᠵᠠᠢ᠃ ᠨᠠᠶᠢᠷ ᠨᠠᠭᠠᠳᠣᠮ ᠳᠤ ᠬᠠᠨᠳᠣᠯᠭ᠎ᠠ ᠲᠠᠢ ᠬᠢᠭᠰᠡᠨ ᠮᠠᠶᠢᠬᠠᠨ ᠪᠤᠯ ᠬᠡ ᠤᠭᠠᠯᠵᠠ᠂ ᠡᠬᠦᠯᠡ ᠬᠤᠸᠠᠷ ᠭᠠᠷᠭᠠᠵᠤ ᠭᠤᠶᠤᠯᠠᠵᠤ ᠴᠢᠮᠡᠵᠤ ᠬᠢᠳᠡᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号