ᠰᠥᠨᠢᠳ ᠤᠨ ᠰᠢᠨᠡᠯᠡᠬᠦ ᠶᠤᠰᠤᠨ
ᠨᠡᠶᠢᠲᠡᠯᠡᠭᠰᠡᠨ ᠴᠠᠭ᠄
2020/3/31
                           ᠰᠢᠨᠡᠯᠡᠬᠦ ᠪᠡᠯᠡᠳᠬᠡᠯ         ᠬᠥᠬᠡᠬᠡ ᠰᠠᠷ᠎ᠠ ᠪᠤᠯᠤᠭᠰᠠᠭᠠᠷ ᠠᠶᠢᠯ ᠡᠷᠥᠬᠡ ᠪᠤᠯᠭᠠᠨ ᠴᠠᠭᠠᠨ ᠰᠠᠷ᠎ᠠ ᠶᠢᠨ ᠰᠢᠨᠡᠯᠡᠬᠦ ᠪᠡᠯᠡᠳᠬᠡᠯ ᠠᠵᠢᠯ  ᠳᠤ ᠤᠷᠤᠵᠤ ᠶᠠᠭᠠᠷᠠᠯᠳᠣᠵᠣ ᠡᠬᠢᠯᠡᠳᠡᠭ᠃ ᠰᠢᠨ᠎ᠡ ᠶᠢᠨ ᠪᠡᠯᠡᠳᠬᠡᠯ ᠳᠤ ᠰᠢᠨᠡᠯᠡᠬᠦ ᠳᠤ ᠡᠮᠤᠰᠬᠦ ᠬᠤᠪᠴᠠᠰᠥ ᠬᠤᠨᠠᠷ ᠪᠡᠯᠡᠳᠬᠡᠬᠦ ᠠᠴᠠ ᠭᠠᠳᠠᠨ᠎ᠠ᠂ ᠰᠢᠨ᠎ᠡ ᠡᠮᠡᠬᠡᠯ ᠬᠠᠵᠠᠭᠠᠷ᠂ ᠳᠡᠮᠡᠬᠡᠨ ᠤ ᠥᠬᠡᠳᠡᠭ ᠳᠣᠬᠤᠰᠢ ᠠᠴᠠ ᠠᠪᠤᠭᠠᠳ ᠬᠤᠷᠰᠢᠶ᠎ᠠ ᠪᠠᠷᠠᠭᠠᠨ ᠳᠤ ᠶᠠᠪᠤᠵᠣ ᠰᠢᠨᠡᠯᠡᠬᠦ ᠳᠤ ᠬᠡᠷᠡᠭᠯᠡᠬᠦ ᠵᠥᠢᠯ ᠪᠥᠷᠢ ᠶᠢᠨ ᠪᠤᠳᠠᠰ ᠢ ᠠᠪᠳᠠᠭ᠃ ᠢᠯᠡᠩᠭᠤᠶ᠎ᠠ ᠰᠢᠬᠢᠷ ᠪᠤᠤᠪᠤ᠂ ᠬᠤᠪᠴᠠᠰᠥ ᠬᠤᠨᠠᠷ᠂ ᠪᠠᠷᠠᠭ᠎ᠠ ᠲᠤᠷᠭ᠎ᠠ᠂ ᠠᠷᠢᠬᠢ ᠳᠠᠮᠠᠬᠢ᠂ ᠴᠠᠪᠠᠭ᠎ᠠ ᠶᠧᠪᠠᠩ᠂ ᠰᠢᠬᠢᠷ ᠪᠤᠷᠮ᠎ᠠ ᠵᠡᠷᠬᠡ ᠶᠢ ᠡᠷᠳᠡᠨ ᠠᠴᠠ ᠠᠪᠴᠥ ᠪᠡᠯᠡᠳᠬᠡᠵᠤ ᠳᠠᠯᠪᠢᠨ᠎ᠠ᠃ ᠮᠤᠩᠭᠤᠯ ᠬᠡᠷ ᠢᠶᠠᠨ ᠬᠥᠬᠡᠬᠡ ᠰᠠᠷ᠎ᠠ ᠶᠢᠨ ᠬᠤᠷᠢᠳ  ᠢᠶᠠᠷ ᠪᠥᠷᠢᠶᠡᠰᠥ ᠳᠣᠭᠤᠷᠭ᠎ᠠ ᠶᠢ ᠨᠢ ᠬᠥᠪᠢᠵᠤ ᠵᠠᠰᠠᠵᠤ ᠪᠠᠷᠢᠨ᠎ᠠ᠃ ᠬᠤᠳᠠ ᠬᠤᠷᠤᠭ᠎ᠠ ᠪᠠᠨ ᠴᠠᠪᠡᠷᠯᠡᠵᠤ ᠬᠤᠳᠳᠤᠭ ᠤᠰᠤ ᠪᠠᠨ ᠵᠠᠰᠠᠨ᠂ ᠬᠤᠭ ᠨᠤᠪᠰᠢ ᠪᠠᠨ ᠱᠥᠬᠦᠷᠳᠡᠨ ᠠᠷᠢᠯᠭᠠᠵᠤ᠂ ᠮᠠᠯ ᠰᠥᠷᠥᠭ ᠢᠶᠠᠨ ᠪᠥᠷᠢᠳᠬᠡᠵᠤ᠂ ᠰᠢᠨ᠎ᠡ ᠵᠢᠯ ᠳᠤ ᠬᠥᠮᠥᠨ ᠮᠠᠯ ᠥᠬᠡᠢ ᠰᠠᠶᠢᠨ ᠰᠠᠶᠢᠬᠠᠨ ᠳᠡᠪᠰᠢᠨ ᠤᠷᠤᠬᠤ ᠶᠢ ᠪᠡᠯᠬᠡᠳᠡᠳᠡᠭ ᠤᠴᠢᠷᠳᠠᠢ᠃         ᠮᠠᠨ ᠤ ᠰᠥᠨᠢᠳ ᠨᠤᠳᠤᠭ ᠲᠤ ᠬᠥᠬᠡᠬᠡ ᠰᠠᠷ᠎ᠠ ᠶᠢᠨ ᠬᠤᠷᠢᠨ ᠭᠤᠷᠪᠠᠨ ᠠᠴᠠ ᠡᠮᠤᠨ᠎ᠡ ᠰᠢᠨ᠎ᠡ ᠶᠢᠨ ᠪᠤᠤᠪᠤ ᠬᠠᠭᠠᠷᠢᠵᠤ ᠳᠠᠯᠪᠢᠳᠠᠭ᠃ ᠬᠤᠷᠢᠨ ᠭᠤᠷᠪᠠᠨ᠂ ᠲᠥᠷᠪᠡᠨ ᠤ ᠭᠠᠯ ᠳᠠᠬᠢᠬᠤ ᠡᠳᠣᠷ ᠮᠠᠯ ᠰᠥᠷᠥᠭ ᠢᠶᠠᠨ ᠪᠥᠷ ᠴᠤᠭᠯᠠᠭᠤᠯᠵᠤ ᠤᠰᠤᠯᠠᠨ᠎ᠠ᠃ ᠬᠡᠷ ᠲᠤᠨᠢ ᠬᠥᠮᠥᠨ ᠥᠬᠦᠬᠡᠳ ᠲᠥᠴᠢ ᠶᠢᠰᠥ ᠬᠤᠨᠤᠭᠠᠳᠣᠢ ᠠᠶᠢᠯ ᠪᠤᠯ ᠰᠢᠨ᠎ᠡ ᠶᠢᠨ ᠪᠡᠯᠡᠳᠬᠡᠯ ᠳᠡᠮᠡᠢ ᠬᠢᠬᠦ ᠥᠬᠡᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号