ᠰᠥᠨᠢᠳ ᠲᠤ ᠶᠡᠭᠡ ᠡᠷᠳᠡ ᠥᠶ᠎ᠡ ᠠᠴᠠ ᠠᠪᠤᠭᠠᠳ ᠨᠠᠶᠢᠷ ᠨᠠᠭᠠᠳᠣᠮ᠂ ᠰᠥᠮ᠎ᠡ ᠬᠤᠷᠠᠯ ᠤᠨ | ᠤᠪᠤᠭᠠᠨ ᠳᠠᠬᠢᠯᠭ᠎ᠠ ᠳᠤ ᠥᠷᠬᠡᠨ ᠬᠡᠷᠡᠭᠯᠡᠭᠳᠡᠵᠤ ᠪᠠᠶᠢᠭᠰᠠᠨ ᠮᠤᠳᠤ ᠳᠠᠪᠤᠤ ᠪᠥᠳᠥᠴᠡ ᠲᠠᠢ ᠭᠤᠶᠤ ᠤᠷᠠᠯᠠᠵᠤ | ᠬᠢᠭᠰᠡᠨ ᠰᠠᠭᠤᠴᠠ ᠪᠤᠯᠤᠨ᠎ᠠ᠃ ᠴᠡᠴᠡᠷ ᠢ ᠬᠡᠷᠡᠭᠴᠡᠭᠡ ᠪᠠᠨ ᠥᠨᠳᠤᠰᠣᠯᠡᠨ ᠲᠥᠷᠪᠡᠯᠵᠢᠨ᠂ ᠤᠷᠳᠣ ᠲᠥᠷᠪᠡᠯᠵᠢᠨ | ᠪᠤᠶᠤ ᠶᠡᠭᠡ ᠪᠠᠭ᠎ᠠ ᠨᠢ ᠠᠳᠠᠯᠢ ᠥᠬᠡᠢ ᠪᠠᠷ ᠬᠢᠳᠡᠭ᠃ ᠰᠥᠨᠢᠳ ᠤᠨ ᠴᠡᠴᠡᠷ ᠪᠤᠯ ᠬᠤᠰᠢᠭᠤ ᠨᠠᠶᠢᠷ᠂ ᠤᠪᠤᠭᠠᠨ | ᠳᠠᠬᠢᠯᠭ᠎ᠠ ᠵᠡᠷᠬᠡ ᠪᠠᠶᠠᠷ ᠨᠠᠭᠠᠳᠣᠮ ᠳᠤ ᠭᠤᠤᠯᠳᠠᠭᠤ ᠨᠠᠷᠠ ᠪᠤᠷᠤᠭᠠᠨ ᠠᠴᠠ ᠬᠠᠮᠠᠭᠠᠯᠠᠬᠤ ᠳᠤ ᠰᠢᠭᠤᠳ ᠵᠤᠷᠢᠭᠤᠯᠤᠨ | ᠬᠡᠷᠡᠭᠯᠡᠵᠤ ᠢᠷᠡᠵᠡᠢ᠃ ᠬᠡᠯᠪᠡᠷᠢ ᠶᠢᠨ ᠬᠤᠪᠢ ᠳᠤ ᠲᠥᠷᠪᠡᠯᠵᠢᠨ᠂ ᠤᠷᠳᠤ ᠲᠥᠷᠪᠡᠯᠵᠢᠨ᠂ ᠳᠣᠭᠤᠢ ᠬᠡᠯᠪᠡᠷᠢ ᠲᠠᠢ | ᠵᠡᠷᠬᠡ ᠠᠳᠠᠯᠢ ᠥᠬᠡᠢ ᠪᠠᠶᠢᠳᠠᠭ ᠪᠤᠯᠪᠠᠴᠥ ᠬᠡᠷᠡᠭᠯᠡᠬᠦ ᠶᠢᠨ ᠬᠤᠪᠢ ᠳᠤ ᠤᠭ ᠲᠠᠭᠠᠨ ᠴᠡᠷᠢᠭ ᠤᠨ ᠰᠠᠭᠤᠴᠠ ᠴᠡᠴᠡᠷ | ᠪᠠ ᠨᠠᠶᠢᠷ ᠨᠠᠭᠠᠳᠣᠮ ᠳᠤ ᠬᠡᠷᠡᠭᠯᠡᠬᠦ ᠴᠡᠴᠡᠷ ᠬᠡᠵᠤ ᠬᠤᠶᠠᠷ ᠲᠥᠷᠥᠯ ᠪᠠᠶᠢᠵᠠᠢ᠃ ᠳᠡᠳᠡᠬᠡᠷ ᠳᠣᠭᠤᠷᠭ᠎ᠠ ᠥᠬᠡᠢ | ᠴᠡᠴᠡᠷ ᠪᠤᠯ ᠳᠠᠷᠤᠢ ᠪᠠᠶᠠᠷ ᠨᠠᠶᠢᠷ ᠥᠵᠡᠵᠤ ᠰᠣᠨᠢᠷᠬᠠᠭᠴᠢᠳ ᠤᠨ ᠰᠡᠬᠦᠳᠡᠷ ᠪᠤᠯᠵᠤ ᠪᠠᠶᠢᠭᠰᠠᠨ ᠨᠢ ᠳᠣᠳᠣᠷᠬᠠᠢ | ᠪᠠᠶᠢᠨ᠎ᠠ᠃ | ᠶᠡᠷᠥ ᠨᠢ ᠴᠡᠴᠡᠷ ᠢ ᠶᠡᠬᠡᠬᠡᠨ ᠭᠤᠶᠤ ᠰᠠᠶᠢᠬᠠᠨ ᠤᠷᠠᠯᠠᠵᠤ᠂ ᠬᠡ ᠤᠭᠠᠯᠵᠠ᠂ ᠡᠬᠦᠯᠡ ᠬᠤᠸᠠᠷ ᠤᠶᠤᠵᠤ | ᠵᠠᠰᠠᠵᠤ ᠭᠤᠶᠤᠯᠠᠵᠤ ᠬᠢᠳᠡᠭ ᠪᠠᠶᠢᠵᠠᠢ᠃ ᠤᠳᠤ ᠥᠩᠬᠡᠷᠡᠭᠰᠡᠨ ᠤ ᠴᠡᠴᠡᠷ ᠤᠨ ᠤᠯᠠᠮᠵᠢᠯᠠᠯ ᠰᠠᠭᠤᠷᠢᠨ ᠳᠡᠬᠡᠷ᠎ᠡ | ᠤᠯᠠᠮ ᠭᠤᠶᠤ ᠰᠠᠶᠢᠬᠠᠨ ᠤᠷᠠᠯᠠᠵᠤ ᠬᠢᠬᠦ ᠪᠤᠯᠵᠠᠢ᠃ |