ᠵᠤᠤᠠᠭᠠᠷ
ᠨᠡᠶᠢᠲᠡᠯᠡᠭᠰᠡᠨ ᠴᠠᠭ᠄
2020/3/31
        ᠵᠤᠤᠠᠭᠠᠷ ᠪᠤᠯ ᠨᠢᠬᠡ ᠬᠥᠮᠥᠨ ᠪᠤᠶᠤ ᠬᠤᠶᠠᠷ ᠬᠥᠮᠥᠨ ᠰᠠᠭᠤᠵᠤ ᠪᠤᠯᠬᠤ ᠲᠥᠬᠦᠮ ᠲᠥᠳᠡ ᠬᠢᠴᠡ ᠲᠠᠢ᠂ ᠨᠢᠬᠡ ᠬᠥᠮᠥᠨ ᠡᠬᠦᠷᠬᠡᠪᠴᠢᠯᠡᠬᠡᠳ ᠠᠪᠴᠥ ᠶᠠᠪᠤᠵᠤ ᠪᠤᠯᠳᠠᠭ ᠳᠠᠪᠤᠤ ᠰᠠᠭᠤᠴᠠ ᠪᠤᠯᠬᠤ ᠶᠤᠮ᠃         ᠵᠤᠤᠠᠭᠠᠷ ᠤᠨ ᠬᠢᠴᠡ ᠨᠢ ᠲᠥᠬᠦᠮ ᠬᠢᠯᠪᠡᠷ ᠪᠠᠶᠢᠵᠤ᠂ ᠵᠤᠤᠠᠭᠠᠷ ᠤᠨ ᠳᠣᠭᠤᠷᠭᠠᠨ ᠬᠡᠰᠡᠭ ᠢ ᠠᠳᠠᠯᠢ ᠬᠡᠮᠵᠢᠶ᠎ᠡ ᠪᠥᠬᠦᠢ ᠲᠥᠷᠪᠡᠨ ᠳᠠᠯ᠎ᠠ ᠬᠡᠰᠡᠭ ᠳᠠᠪᠤᠤ ᠶᠢ ᠵᠠᠬ᠎ᠠ ᠪᠠᠷ ᠨᠢ ᠨᠡᠶᠢᠯᠡᠬᠦᠯᠥᠨ ᠤᠶᠤᠵᠤ ᠬᠢᠳᠡᠭ᠃ ᠬᠤᠰᠢᠭᠤᠯᠵᠢᠨ ᠡᠰᠬᠡᠵᠤ ᠬᠢᠭᠰᠡᠨ ᠲᠥᠷᠪᠡᠨ ᠬᠡᠰᠡᠭ ᠬᠤᠰᠢᠭᠤ ᠪᠠᠨ ᠨᠡᠶᠢᠯᠡᠬᠦᠯᠵᠤ ᠤᠶᠤᠭᠠᠳ ᠳᠡᠬᠦᠨ ᠤ ᠪᠠᠨ ᠲᠤᠤᠷ᠎ᠠ ᠵᠠᠬ᠎ᠠ ᠶᠢ ᠳᠣᠭᠤᠷᠭᠠᠨ ᠬᠡᠰᠡᠭ ᠤᠨ ᠳᠡᠬᠡᠳᠣ ᠬᠥᠪᠡᠭᠡ ᠲᠠᠢ ᠪᠠᠷᠢᠵᠤ ᠤᠶᠤᠭᠰᠠᠨ ᠤ ᠳᠠᠷᠠᠭ᠎ᠠ᠂ ᠳᠡᠬᠡᠪᠤᠷ  ᠤᠨ ᠳᠠᠯ᠎ᠠ ᠶᠢ ᠭᠤᠤᠯ ᠠᠴᠠ ᠨᠢ ᠪᠠᠭᠠᠨ᠎ᠠ ᠮᠤᠳᠤ ᠪᠠᠷ ᠪᠠᠭᠠᠨᠠᠳᠠᠨ ᠪᠤᠰᠬᠠᠵᠤ ᠲᠥᠷᠪᠡᠨ ᠳᠠᠯ᠎ᠠ ᠠᠴᠠ ᠨᠢ ᠳᠠᠳᠠᠵᠤ ᠭᠠᠳᠠᠰᠣᠯᠠᠨ᠎ᠠ᠃         ᠵᠤᠳᠭᠠᠷ ᠨᠢ ᠪᠠᠳᠢᠷ ᠤᠨ ᠯᠠᠮᠠ ᠶᠢ ᠳᠠᠭᠠᠵᠤ ᠳᠡᠯᠬᠡᠷᠡᠭᠰᠡᠨ ᠤ ᠰᠡᠬᠦᠯᠡᠷ᠂ ᠤᠳᠤᠷ ᠨᠡᠬᠦᠳᠡᠯ ᠬᠢᠬᠦ᠂ ᠠᠶᠠᠨ ᠵᠢᠩ ᠳᠤ ᠶᠠᠪᠤᠬᠤ ᠳᠤ ᠥᠷᠬᠦᠯᠵᠢ ᠬᠡᠷᠡᠭᠯᠡᠭᠳᠡᠵᠤ ᠪᠠᠶᠢᠵᠠᠢ᠃ ᠬᠡᠪᠡᠴᠥ ᠪᠠᠳᠢᠷ ᠤᠨ ᠯᠠᠮᠠ ᠯᠡ ᠬᠠᠮᠤᠭ ᠥᠷᠬᠡᠨ ᠬᠡᠷᠡᠭᠯᠡᠵᠤ ᠵᠠᠮ ᠤᠨ ᠬᠤᠯᠠ ᠳᠤ ᠬᠤᠨᠤᠵᠤ ᠬᠡᠪᠳᠡᠬᠦ ᠰᠠᠭᠤᠴᠠ ᠪᠠᠨ ᠪᠤᠯᠭᠠᠵᠤ ᠪᠠᠶᠢᠵᠡᠢ᠃ ᠤᠳᠤ ᠵᠤᠳᠭᠠᠷ ᠬᠡᠰᠡᠨ ᠳᠠᠪᠤᠤ ᠰᠠᠭᠤᠴᠠ ᠰᠥᠨᠢᠳ ᠲᠤ ᠥᠵᠡᠭᠳᠡᠬᠦ ᠥᠬᠡᠢ ᠪᠤᠯᠵᠡᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号