ᠡᠷ᠎ᠡ ᠶᠢᠨ ᠭᠤᠷᠪᠠᠨ ᠨᠠᠭᠠᠳᠤᠮ
ᠨᠡᠶᠢᠲᠡᠯᠡᠭᠰᠡᠨ ᠴᠠᠭ᠄
2020/5/28
       ᠨᠢᠭᠡ᠂ ᠮᠣᠷᠢ ᠤᠷᠤᠯᠳᠤᠭᠤᠯᠬᠤ       ᠮᠣᠷᠢ ᠤᠷᠤᠯᠳᠤᠭᠤᠯᠬᠤ ᠪᠣᠯ ᠰᠦᠨᠢᠳ ᠤᠨ ᠲᠠᠯ᠎ᠠ ᠨᠤᠲᠤᠭ ᠲᠤ ᠬᠠᠮᠤᠭ ᠤᠨ ᠲᠦᠭᠡᠮᠡᠯ ᠣᠯᠠᠮᠵᠢᠯᠠᠭᠳᠠᠵᠤ ᠢᠷᠡᠭᠰᠡᠨ ᠤᠯᠠᠮᠵᠢᠯᠠᠯᠲᠤ ᠨᠠᠭᠠᠳᠤᠮ ᠤᠨ ᠨᠢᠭᠡ ᠪᠤᠯᠬᠤ ᠶᠤᠮ᠃ ᠶᠡᠭᠡ ᠪᠠᠭ᠎ᠠ ᠨᠠᠶᠢᠷ ᠨᠠᠭᠠᠳᠤᠮ ᠠᠴᠠ ᠠᠪᠤᠭᠠᠳ ᠵᠢᠯ ᠴᠠᠭᠠᠨ ᠰᠠᠷ᠎ᠠ ᠳᠤ ᠬᠦᠷᠲᠡᠯ᠎ᠡ ᠪᠦᠷ ᠬᠤᠷᠳᠤᠨ ᠮᠣᠷᠢ ᠤᠷᠤᠯᠳᠤᠭᠤᠯᠵᠤ ᠬᠡᠢ ᠮᠣᠷᠢ ᠰᠦᠯᠳᠡ ᠪᠠᠨ ᠮᠠᠨᠳᠣᠭᠤᠯᠤᠨ ᠨᠠᠶᠢᠷᠠᠯᠳᠤᠨ ᠴᠡᠩᠬᠡᠵᠦ ᠶᠠᠪᠤᠳᠠᠭ ᠵᠠᠩᠰᠢᠯ ᠲᠠᠢ᠃ ᠮᠣᠷᠢ ᠤᠷᠤᠯᠳᠤᠭᠤᠯᠬᠤ ᠪᠣᠯ ᠣᠨᠣᠭᠰᠠᠨ ᠬᠡᠦᠬᠡᠳ ᠤᠨ ᠮᠡᠷᠭᠡᠵᠢᠯ ᠪᠠ ᠤᠶᠠᠭᠰᠠᠨ ᠡᠵᠡᠨ ᠤ ᠬᠢᠨᠢ ᠤᠶᠠᠵᠤ ᠰᠣᠶᠢᠬᠤ ᠤᠷ᠎ᠠ ᠮᠡᠷᠭᠡᠵᠢᠯ ᠳᠤ ᠰᠢᠭᠤᠳ ᠬᠤᠯᠪᠤᠭ᠎ᠠ ᠲᠠᠢ ᠪᠠᠶᠢᠳᠠᠭ ᠪᠤᠯᠬᠤᠷ ᠰᠠᠶᠢᠨ ᠬᠤᠷᠳᠤᠨ ᠮᠣᠷᠢ ᠰᠢᠨᠵᠢᠵᠦ ᠰᠤᠩᠭᠤᠵᠤ ᠴᠢᠳᠠᠭᠰᠠᠨ ᠪᠠᠶᠢᠬᠤ ᠪᠠᠷ ᠪᠠᠷᠠᠬᠤ ᠦᠭᠡᠢ᠂ ᠰᠠᠶᠢᠨ ᠤᠶᠠᠵᠤ ᠰᠣᠶᠢᠬᠤ ᠴᠢᠳᠠᠮᠠᠭᠠᠢ ᠮᠡᠷᠭᠡᠵᠢᠯ ᠡᠷᠳᠡᠮ ᠬᠡᠷᠡᠭᠲᠡᠢ ᠲᠡᠳᠦᠢ ᠦᠭᠡᠢ᠂ ᠤᠷᠤᠯᠳᠤᠭᠠᠨ ᠤ ᠮᠣᠷᠢ ᠤᠨᠤᠬᠤ ᠬᠡᠦᠬᠡᠳ ᠤᠨ ᠭᠠᠷᠮᠠᠭᠠᠢ ᠰᠠᠶᠢᠨ ᠤᠨᠤᠬᠤ ᠪᠠᠷ ᠳᠠᠮᠵᠢᠵᠤ ᠦᠷ᠎ᠡ ᠪᠦᠲᠦᠭᠡᠯ ᠨᠢ ᠢᠯᠡᠷᠡᠳᠡᠭ᠃ ᠬᠠᠰᠢᠷ ᠲᠤᠷᠰᠢᠯᠭ᠎ᠠ ᠲᠠᠢ ᠰᠠᠶᠢᠨ ᠤᠶᠠᠭᠠᠴᠢᠨ ᠬᠦᠮᠦᠨ ᠤ ᠤᠶᠠᠭᠰᠠᠨ ᠮᠣᠷᠢ ᠪᠣᠯ ᠨᠠᠶᠢᠷ ᠪᠤᠯᠭᠠᠨ ᠳᠤ ᠲᠡᠷᠢᠭᠦᠯᠡᠵᠦ᠂ ᠤᠶᠠᠭᠰᠠᠨ ᠡᠵᠡᠨ ᠣᠨᠤᠭᠰᠠᠨ ᠬᠡᠦᠭᠡᠳ ᠢᠶᠠᠨ ᠪᠠᠶᠠᠰᠬᠠᠳᠠᠭ᠃       ᠮᠠᠨ ᠤ ᠰᠦᠨᠢᠳ ᠲᠤ ᠶᠡᠭᠡ ᠪᠠᠭ᠎ᠠ ᠨᠠᠶᠢᠷ ᠲᠤ ᠪᠦᠲᠦᠭᠡᠨ ᠨᠠᠰᠤᠨ ᠤ ᠮᠣᠷᠢ᠂ ᠰᠢᠳᠦᠯᠡᠩ᠂ ᠦᠷᠢᠶ᠎ᠡ᠂ ᠳᠠᠭ᠎ᠠ ᠤᠷᠤᠯᠳᠤᠭᠤᠯᠬᠤ ᠵᠠᠩᠰᠢᠯ ᠲᠠᠢ᠃ ᠵᠢᠷᠤᠭ᠎ᠠ ᠮᠣᠷᠢ᠂ ᠬᠠᠲᠠᠷᠢᠶ᠎ᠠ ᠮᠣᠷᠢ᠂ ᠬᠢᠵᠠᠯᠠᠩ᠂ ᠰᠣᠶᠤᠯᠠᠩ ᠮᠣᠷᠢ ᠤᠷᠤᠯᠳᠤᠭᠤᠯᠬᠤ ᠨᠢ ᠲᠣᠩ ᠬᠤᠪᠤᠷ᠂ ᠪᠠᠷᠤᠭ ᠤᠷᠤᠯᠳᠤᠭᠤᠯᠬᠤ ᠦᠭᠡᠢ᠃ ᠨᠡᠯᠢᠶᠡᠳ ᠳᠡᠭᠡᠷ᠎ᠡ ᠦᠶ᠎ᠡ ᠳᠤ ᠠᠵᠢᠷᠭ᠎ᠠ ᠤᠷᠤᠯᠳᠤᠭᠤᠯᠵᠤ ᠪᠠᠶᠢᠭᠰᠠᠨ ᠭᠡᠳᠡᠭ᠃        ᠪᠥᠳᠥᠬᠦᠨ ᠨᠠᠰᠤᠨ ᠤ ᠮᠣᠷᠢ ᠶᠢ ᠵᠢᠷᠠᠨ ᠭᠠᠵᠠᠷ᠂ ᠰᠢᠳᠦᠯᠡᠩ ᠦᠷᠢᠶ᠎ᠡ ᠶᠢ ᠲᠠᠪᠢᠨ ᠭᠠᠵᠠᠷ᠂ ᠳᠠᠭ᠎ᠠ ᠭᠤᠴᠢᠨ ᠭᠠᠵᠠᠷ ᠠᠴᠠ ᠤᠷᠤᠯᠳᠤᠭᠤᠯᠬᠤ ᠲᠤᠭᠲᠠᠭᠰᠠᠨ ᠶᠣᠰᠤ ᠭᠤᠷᠢᠮ ᠲᠠᠢ᠃ ᠨᠠᠶᠢᠷ ᠤᠨ ᠤᠷᠤᠯᠳᠤᠭᠠᠨ ᠤ ᠮᠣᠷᠢ ᠪᠣᠯ ᠨᠠᠶᠢᠷ ᠤᠨ ᠲᠠᠯᠠᠪᠠᠢ ᠪᠠᠨ ᠨᠠᠷᠠ ᠵᠥᠪ ᠡᠷᠭᠢᠵᠦ ᠭᠦᠳᠡᠯᠦᠨ᠎ᠡ᠃ ᠣᠪᠤᠭᠠᠨ ᠲᠠᠬᠢᠯᠭ᠎ᠠ ᠳᠤ ᠣᠪᠣᠭ᠎ᠠ ᠪᠠᠨ ᠨᠠᠷᠠ ᠵᠥᠪ ᠭᠤᠷᠪᠠ ᠡᠷᠭᠢᠵᠤ ᠬᠦᠳᠡᠯᠦᠨ᠎ᠡ᠃ ᠰᠦᠨᠢᠳ ᠲᠤ ᠤᠷᠤᠯᠳᠤᠭᠠᠨ ᠤ ᠮᠣᠷᠢᠨ ᠳᠤ ᠡᠮᠡᠭᠡᠯ ᠲᠤᠬᠤᠬᠤ ᠦᠭᠡᠢ ᠵᠠᠶᠢᠳᠠᠩ ᠤᠨᠤᠳᠠᠭ᠃ ᠤᠷᠤᠯᠳᠤᠭᠠᠨ ᠮᠣᠷᠢᠨ ᠤ ᠬᠡᠦᠬᠡᠳ ᠭᠤᠲᠤᠯ ᠡᠮᠦᠰᠬᠦ ᠦᠭᠡᠢ᠃ ᠬᠥᠯ ᠨᠢᠴᠦᠭᠦᠨ ᠪᠠᠶᠢᠳᠠᠭ  ᠨᠢ ᠮᠣᠷᠢᠨ ᠤ ᠪᠠᠨ ᠬᠥᠬᠡ ᠮᠢᠬ᠎ᠠ ᠶᠢ ᠲᠠᠪᠢᠷᠠᠬᠤ ᠠᠴᠠ ᠪᠣᠯᠭᠤᠮᠵᠢᠯᠠᠵᠤ ᠪᠠᠶᠢᠭ᠎ᠠ ᠬᠡᠷᠡᠭ᠃       ᠣᠷᠤᠯᠳᠤᠭᠠᠨ ᠤ ᠮᠣᠷᠢᠨ ᠤ ᠵᠠᠰᠠᠯ ᠪᠠ ᠬᠡᠦᠬᠡᠳ ᠤᠨ ᠡᠮᠦᠰᠬᠡᠯ ᠨᠢ ᠲᠣᠩ ᠦᠵᠡᠮᠵᠢ ᠲᠠᠢ ᠪᠠᠶᠢᠳᠠᠭ᠃ ᠣᠷᠤᠯᠳᠤᠭᠠᠨ ᠤ ᠮᠣᠷᠢᠨ ᠤ ᠪᠠᠨ ᠬᠦᠬᠦᠯ ᠢ ᠨᠢ ᠥᠩᠭᠡ ᠥᠩᠭᠡ ᠶᠢᠨ ᠲᠣᠷᠭ᠎ᠠ ᠳᠤᠷᠳᠤᠩ ᠢᠶᠠᠷ ᠰᠣᠯᠣᠩᠭ᠎ᠠ ᠮᠡᠲᠦ ᠰᠠᠶᠢᠬᠠᠨ ᠵᠠᠰᠠᠳᠠᠭ᠃ ᠰᠡᠭᠦᠯ ᠢ ᠨᠢ ᠰᠤᠯᠤᠩᠭᠠᠨ ᠥᠩᠭᠡ ᠶᠢᠨ ᠭᠬᠢᠪ ᠢᠶᠠᠷ ᠨᠠᠷᠢᠨ ᠵᠦᠰᠦᠮ ᠵᠠᠩᠭᠢᠳᠤᠨ ᠪᠣᠭᠤᠵᠤ ᠥᠭᠳᠡᠭ᠃ ᠮᠣᠷᠢᠨ ᠤ ᠪᠠᠨ ᠭᠡᠷᠡᠯ ᠮᠠᠩᠨᠠᠢ ᠳᠤ ᠵᠢᠵᠢᠭᠬᠡᠨ ᠲᠣᠯᠢ ᠵᠡᠭᠦᠵᠦ ᠲᠣᠩ ᠦᠵᠡᠮᠵᠢ ᠰᠠᠶᠢᠬᠠᠨ ᠵᠠᠰᠠᠵᠤ ᠴᠢᠮᠡᠳᠡᠭ᠃       ᠤᠷᠤᠯᠳᠤᠭᠠᠨ ᠤ ᠮᠣᠷᠢ ᠤᠨᠤᠬᠤ ᠬᠡᠦᠬᠡᠳ ᠲᠤ ᠳᠤᠷᠳᠤᠩ ᠴᠠᠮᠴᠠ᠂ ᠲᠤᠷᠭᠠᠨ ᠥᠮᠦᠳᠦ᠂ ᠲᠣᠷᠭᠠᠨ ᠠᠯᠴᠢᠭᠤᠷ ᠢ ᠮᠣᠷᠢᠨ ᠤ ᠥᠩᠭᠡᠨ ᠳᠤ ᠵᠣᠬᠢᠴᠠᠭᠤᠯᠤᠨ ᠲᠤᠬᠢᠷᠠᠭᠤᠯᠵᠤ ᠡᠮᠦᠰᠭᠡᠳᠡᠭ᠃ ᠤᠷᠤᠯᠳᠤᠭᠠᠨ ᠤ ᠮᠣᠷᠢ ᠣᠨᠣᠬᠤ ᠬᠡᠦᠬᠡᠳ ᠤᠨ ᠴᠠᠮᠴᠠ ᠶᠢ ᠠᠷᠤ ᠳᠤᠨᠢ ᠤᠭᠠᠯᠵᠨ ᠤᠷᠢᠶᠠᠵᠤ ᠭᠤᠶᠤ ᠭᠠᠩᠭᠠᠩ ᠬᠢᠭᠰᠡᠨ ᠴᠤ ᠪᠠᠶᠢᠳᠠᠭ᠃       ᠤᠷᠤᠯᠳᠤᠭᠠᠨ ᠳᠤ ᠣᠷᠤᠯᠴᠠᠭᠰᠠᠨ ᠮᠣᠷᠢ ᠶᠢ ᠬᠠᠭᠠᠰ ᠠᠴᠠ ᠳᠡᠭᠡᠭᠰᠢ ᠳᠤᠨᠢ ᠫᠠᠶᠢᠵᠠ ᠣᠯᠭᠤᠵᠤ ᠱᠠᠩ ᠥᠭᠳᠡᠭ᠃ ᠲᠡᠷᠢᠭᠦᠨ ᠮᠣᠷᠢ ᠪᠠ ᠲᠡᠷᠢᠭᠦᠯᠡᠭᠰᠡᠨ ᠪᠦᠬᠡ ᠶᠢᠨ ᠱᠠᠩ ᠨᠢ ᠠᠳᠠᠯᠢᠬᠠᠨ ᠪᠠᠶᠢᠳᠠᠭ ᠶᠣᠰᠤᠲᠠᠢ᠃ ᠣᠷᠣᠯᠳᠣᠭᠠᠨ ᠳᠤ ᠲᠡᠷᠢᠭᠦᠯᠡᠭᠰᠡᠨ ᠮᠣᠷᠢ ᠶᠢ ᠠᠶᠢᠷᠠᠭ ᠲᠠᠪᠤ ᠬᠦᠷᠲᠡᠯ᠎ᠡ ᠴᠤᠯᠠᠯᠠᠵᠤ ᠮᠢᠯᠢᠶᠠᠳᠠᠭ᠃ᠰᠦᠨᠢᠳᠴᠤᠳ ᠨᠠᠶᠢᠷ ᠨᠠᠭᠠᠳᠤᠮ ᠳᠤ ᠮᠣᠷᠢ ᠤᠷᠤᠯᠳᠤᠭᠤᠯᠬᠤ ᠲᠡᠳᠦᠢ ᠦᠭᠡᠢ᠂ ᠴᠠᠭᠠᠨ ᠰᠠᠷ᠎ᠠ ᠮᠣᠷᠢ  ᠤᠷᠤᠯᠳᠤᠭᠤᠯᠬᠤ ᠨᠢ ᠨᠡᠩ ᠬᠦᠷ ᠬᠦᠭᠵᠢᠶᠡᠨ ᠲᠠᠢ ᠪᠠᠶᠢᠳᠠᠭ᠃ ᠰᠢᠨ᠎ᠡ ᠠᠴᠠ ᠡᠮᠦᠨ᠎ᠡ ᠬᠦᠮᠦᠨ ᠪᠤᠯᠭᠠᠨ ᠮᠣᠷᠢ ᠰᠣᠶᠢᠵᠦ᠂ ᠰᠢᠨ᠎ᠡ ᠶᠢᠨ ᠨᠢᠭᠡᠨ ᠤ ᠦᠷᠯᠦᠭᠡ ᠬᠤᠲᠠ ᠤᠰᠤ᠂ ᠠᠶᠢᠯ ᠰᠠᠬᠠᠭᠠᠯᠲᠠ ᠪᠠᠷ ᠢᠶᠠᠨ ᠨᠡᠶᠢᠯᠡᠵᠦ ᠠᠶᠢᠯ ᠬᠤᠲᠠᠨ ᠤ ᠬᠤᠭᠤᠷᠤᠨᠲᠤ ᠤᠷᠤᠯᠳᠤᠭᠤᠯᠵᠤ᠂ ᠬᠡᠨ ᠨᠢ ᠳᠡᠷᠢᠭᠦᠯᠡᠪᠡᠯ ᠲᠡᠷᠡ ᠨᠢ ᠨᠢᠭᠡ ᠵᠢᠯ ᠳᠡᠭᠡᠨ ᠠᠵᠠ ᠬᠡᠢ ᠮᠣᠷᠢ  ᠲᠠᠢ ᠶᠠᠪᠤᠨ᠎ᠠ ᠭᠡᠵᠦ ᠶᠡᠬᠡᠲᠡ ᠪᠡᠯᠭᠡᠰᠢᠶᠡᠨ᠎ᠡ᠃       ᠬᠤᠶᠠᠷ᠂ ᠪᠦᠬᠡ ᠪᠠᠷᠢᠯᠳᠤᠬᠤᠪᠦᠬᠡ ᠪᠠᠷᠢᠯᠳᠤᠬᠤ ᠪᠣᠯ ᠮᠠᠨ ᠤ ᠰᠦᠨᠢᠳ ᠮᠣᠩᠭᠤᠯᠴᠤᠳ ᠤᠨ ᠢᠵᠠᠭᠤᠷ ᠲᠤᠭᠯᠠᠭᠠᠮ ᠤᠨ ᠨᠢᠭᠡ ᠪᠣᠯᠬᠤ ᠪᠦᠭᠡᠳ ᠬᠠᠮᠤᠭ ᠤᠨ ᠳᠤᠷ᠎ᠠ ᠰᠤᠨᠢᠷᠬᠠᠯ ᠲᠠᠢ ᠨᠠᠭᠠᠳᠤᠮ ᠴᠡᠩᠬᠡᠯ ᠤᠨ ᠠᠵᠢᠯᠯᠠᠭ᠎ᠠ ᠪᠦᠭᠡᠳ ᠨᠠᠶᠢᠷ ᠤᠨ ᠭᠤᠣᠯ ᠠᠭᠤᠯᠭ᠎ᠠ ᠪᠣᠯᠳᠠᠭ᠃       ᠪᠥᠬᠡ ᠪᠠᠷᠢᠯᠳᠤᠬᠤ ᠨᠢ ᠨᠠᠶᠢᠷ ᠨᠠᠭᠠᠳᠤᠮ ᠤᠨ ᠴᠢᠬᠤᠯᠠ ᠠᠭᠤᠯᠭ᠎ᠠ ᠪᠣᠯᠬᠤ ᠲᠡᠳᠦᠢ ᠦᠭᠡᠢ᠂ ᠡᠩ ᠤᠨ ᠴᠠᠭ ᠲᠤ ᠵᠠᠯᠠᠭᠤ ᠪᠠᠭᠠᠴᠤᠳ ᠦᠷᠭᠦᠯᠵᠢ ᠪᠠᠷᠢᠯᠳᠤᠨ ᠨᠠᠭᠠᠳᠴᠤ ᠪᠠᠶᠢᠳᠠᠭ ᠰᠣᠶᠣᠯ ᠲᠠᠮᠢᠷ ᠤᠨ ᠨᠢᠭᠡ ᠪᠣᠯᠤᠨ᠎ᠠ᠃ ᠶᠠᠮᠠᠷ ᠨᠢᠭᠡᠨ ᠲᠣᠮᠣ ᠨᠠᠶᠢᠷ ᠨᠠᠭᠠᠳᠤᠮ ᠠᠴᠠ ᠠᠪᠤᠭᠠᠳ ᠰᠢᠨ᠎ᠡ ᠭᠡᠷ ᠮᠢᠯᠢᠶᠠᠬᠤ᠂ ᠴᠡᠭᠡ ᠭᠠᠷᠭᠠᠬᠤ ᠨᠠᠶᠢᠷ ᠲᠤ ᠬᠦᠷᠲᠡᠯ᠎ᠡ ᠪᠦᠬᠡ ᠪᠠᠷᠢᠯᠳᠤᠬᠤ ᠤᠳᠤᠮᠰᠢᠯ ᠲᠠᠢ᠃ ᠦᠩᠭᠡᠷᠡᠭᠰᠡᠨ ᠳᠤ ᠬᠤᠰᠢᠭᠤ ᠸᠠᠩ ᠤᠨ ᠨᠠᠶᠢᠷ ᠠᠴᠠ ᠣᠪᠤᠭᠠᠨ ᠨᠠᠶᠢᠷ ᠬᠦᠷᠲᠡᠯ᠎ᠡ ᠪᠦᠷ ᠪᠦᠬᠡ ᠪᠠᠷᠢᠯᠳᠤᠵᠤ ᠨᠠᠭᠠᠳᠤᠮ ᠴᠡᠩᠭᠡᠯ ᠡᠭᠦᠰᠭᠡᠳᠡᠭ᠃ᠮᠣᠩᠭᠤᠯ ᠪᠦᠬᠡ ᠶᠢᠨ ᠪᠠᠷᠢᠯᠳᠤᠭᠠᠨ ᠳᠤ ᠨᠠᠰᠤᠨ ᠤ ᠬᠢᠵᠠᠭᠠᠷ ᠦᠭᠡᠢ ᠪᠠᠷ ᠪᠦᠷ ᠨᠡᠷ᠎ᠡ ᠮᠡᠳᠡᠭᠦᠯᠦᠨ ᠪᠠᠷᠢᠯᠳᠤᠵᠤ ᠪᠣᠯᠣᠨ᠎ᠠ᠃ ᠰᠦᠨᠢᠳ ᠤᠨ ᠨᠠᠶᠢᠷ ᠨᠠᠭᠠᠳᠤᠮ ᠳᠤ ᠵᠠᠯᠠᠭᠤ ᠢᠳᠡᠷ ᠪᠦᠬᠡ ᠶᠢᠨ ᠪᠠᠷᠢᠯᠳᠤᠭᠠᠨ᠂ ᠡᠪᠦᠭᠡᠨ ᠪᠦᠬᠡ ᠶᠢᠨ ᠪᠠᠷᠢᠯᠳᠤᠭᠠᠨ᠂ ᠬᠡᠦᠬᠡᠳ ᠤᠨ ᠪᠦᠬᠡ ᠶᠢᠨ ᠪᠠᠷᠢᠯᠳᠤᠭᠠᠨ ᠭᠡᠵᠦ ᠭᠤᠷᠪᠠᠨ ᠵᠦᠢᠯ ᠲᠥᠷᠦᠯ ᠤᠨ ᠪᠦᠬᠡ ᠪᠠᠷᠢᠯᠳᠤᠨ᠎ᠠ᠃ ᠡᠭᠦᠨ ᠳᠤ ᠨᠠᠶᠢᠷ ᠨᠠᠭᠠᠳᠤᠮ ᠤᠨ ᠶᠡᠭᠡ ᠪᠠᠭ᠎ᠠ ᠶᠢ ᠦᠨᠳᠦᠰᠦᠯᠡᠨ ᠠᠷᠪᠠᠨ ᠵᠢᠷᠭᠤᠭ᠎ᠠ ᠪᠣᠶᠣ ᠭᠤᠴᠢᠨ ᠬᠤᠶᠠᠷ ᠪᠦᠬᠡ ᠪᠠᠷᠢᠯᠳᠤᠬᠤ ᠡᠰᠡᠭᠦᠯ᠎ᠡ ᠶᠡᠬᠡᠬᠡᠨ ᠨᠠᠶᠢᠷ ᠪᠣᠯᠣᠨ ᠣᠪᠤᠭᠠᠨ ᠲᠠᠬᠢᠯᠭ᠎ᠠ ᠶᠢᠨ ᠨᠠᠶᠢᠷ ᠲᠤ ᠵᠢᠷᠠᠨ ᠳᠥᠷᠪᠡ᠂ ᠵᠠᠭᠤ ᠬᠤᠷᠢᠨ ᠨᠠᠢᠮᠠ᠂ ᠬᠤᠶᠠᠷ ᠵᠠᠭᠤ ᠲᠠᠪᠢᠨ ᠵᠢᠷᠭᠤᠭ᠎ᠠ᠂ ᠲᠠᠪᠤᠨ ᠵᠠᠭᠤ ᠠᠷᠪᠠᠨ ᠬᠤᠶᠠᠷ ᠪᠦᠬᠡ ᠪᠠᠷᠢᠯᠳᠤᠬᠤ ᠵᠢᠷᠤᠮ  ᠲᠠᠢ᠃ᠪᠥᠬᠡ ᠶᠢᠨ ᠡᠮᠦᠰᠬᠡᠯ ᠨᠢ ᠦᠪᠡᠷᠮᠢᠴᠡ ᠤᠨᠴᠠᠯᠢᠭ ᠲᠠᠢ ᠪᠠᠶᠢᠳᠠᠭ᠃ ᠨᠠᠷᠢᠯᠢᠭ ᠤᠷᠠᠨ ᠬᠢᠴᠡᠲᠡᠢ᠂ ᠭᠤᠶᠤ ᠭᠠᠩᠭᠠᠩ᠂ ᠪᠦᠬᠡ ᠴᠢᠨᠠᠷᠲᠠᠢ ᠪᠠᠶᠢᠳᠠᠭ ᠢᠶᠠᠷ ᠢᠶᠠᠨ ᠪᠦᠬᠡᠴᠢᠳ ᠲᠤ ᠰᠦᠷ ᠭᠡᠷᠡᠯ᠂ ᠴᠤᠭ ᠵᠢᠪᠬᠤᠭ᠎ᠠ ᠨᠡᠮᠡᠷᠢᠯᠡᠨ ᠲᠣᠩ ᠦᠵᠡᠰᠭᠦᠯᠡᠩ ᠬᠠᠷᠠᠭᠳᠠᠳᠠᠭ᠃       ᠪᠦᠬᠡ ᠶᠢᠨ ᠡᠮᠦᠰᠬᠡᠯ ᠳᠤ ᠮᠥᠩᠬᠦ ᠭᠠᠤᠯᠢᠨ ᠲᠤᠪᠤᠷᠤᠤ ᠲᠠᠢ ᠪᠤᠯᠢᠭᠠᠷᠢ ᠵᠣᠳᠤᠭ᠂ ᠠᠷᠠᠰᠤᠨ ᠵᠣᠳᠤᠭ᠂ ᠪᠠᠩᠵᠠᠯ ᠲᠤᠤᠱᠤᠤ ᠪᠠᠶᠢᠨ᠎ᠠ᠃ ᠦᠷᠭᠡᠨ ᠶᠡᠭᠡ ᠪᠠᠩᠵᠠᠯ ᠡᠮᠦᠰᠴᠦ᠂ ᠲᠡᠭᠦᠨ ᠤ ᠳᠡᠭᠡᠭᠦᠷ ᠨᠢ ᠦᠯᠵᠡᠢ ᠤᠲᠠᠰᠤ᠂ ᠯᠤᠤ ᠭᠠᠷᠤᠳᠢ ᠤᠷᠢᠶᠠᠵᠤ ᠤᠷᠠᠯᠠᠭᠰᠠᠨ ᠲᠤᠷᠭᠠᠨ ᠲᠣᠣᠱᠣᠣ ᠡᠮᠦᠰᠴᠦ᠂ ᠬᠠᠷ᠎ᠠ ᠰᠤᠷ ᠢᠶᠠᠷ ᠪᠤᠭᠤᠵᠤ᠂ ᠪᠠᠬᠢᠯᠡᠭᠰᠡᠨ ᠪᠤᠯᠢᠭᠠᠷᠢ ᠭᠤᠲᠤᠯ ᠪᠣᠶᠣ ᠠᠷᠠᠰᠤᠨ ᠭᠤᠲᠤᠯ ᠡᠮᠦᠰᠳᠡᠭ᠃ ᠦᠩᠭᠡ ᠪᠦᠷᠢ ᠶᠢᠨ ᠲᠤᠷᠭ᠎ᠠ ᠳᠤᠷᠳᠤᠩ᠂ ᠬᠠᠳᠠᠭ ᠰᠠᠮᠪᠠᠢ ᠪᠠᠷ ᠬᠢᠭᠰᠡᠨ ᠵᠠᠩᠬᠢᠶ᠎ᠠ ᠵᠡᠭᠦᠨ᠎ᠡ᠃ ᠭᠡᠪᠡᠴᠤ ᠵᠠᠩᠭᠢᠶ᠎ᠠ ᠶᠢ ᠪᠦᠬᠡ ᠪᠤᠯᠭᠠᠨ ᠵᠡᠭᠦᠳᠡᠭ ᠪᠢᠰᠢ᠃ ᠬᠠᠷᠢᠨ ᠨᠠᠶᠢᠷ ᠲᠤ ᠤᠯᠠᠨ ᠲᠡᠷᠢᠭᠦᠯᠡᠭᠰᠡᠨ᠂ ᠨᠤᠲᠤᠭ ᠤᠰᠤ᠂ ᠬᠤᠯᠠ ᠣᠶᠢᠷ᠎ᠠ ᠳᠠᠭᠠᠨ ᠠᠯᠳᠠᠷᠲᠠᠢ ᠰᠠᠶᠢᠨ ᠪᠦᠬᠡᠴᠤᠳ ᠵᠡᠭᠦᠳᠡᠭ ᠶᠣᠰᠤᠲᠠᠢ᠃       ᠪᠦᠬᠡ ᠪᠠᠷᠢᠯᠳᠤᠬᠤ ᠦᠶ᠎ᠡ ᠳᠤ ᠪᠦᠬᠡ ᠶᠢᠨ ᠴᠠᠴᠠᠷ ᠠᠴᠠ ᠪᠦᠬᠡᠴᠤᠳ ᠵᠤᠳᠤᠭᠯᠠᠵᠤ ᠳᠦᠷᠪᠡᠨ ᠬᠤᠣᠰ ᠪᠣᠶᠣ ᠨᠠᠢᠮᠠᠨ ᠬᠤᠣᠰ ᠢᠶᠠᠷ ᠵᠢᠭᠰᠠᠨ ︽ᠪᠦᠬᠡ ᠪᠠᠨ ᠲᠠᠯᠪᠢ︾ ᠭᠡᠰᠡᠨ ᠴᠡᠭᠡᠯᠭᠡᠨ ᠤᠷᠢᠶ᠎ᠠ ᠭᠤᠷᠪᠠᠨᠲᠠ ᠤᠶᠠᠩᠭᠠᠯᠠᠭᠰᠠᠨ ᠤ ᠰᠡᠭᠦᠯᠡᠷ ᠤᠮᠤᠭ ᠰᠦᠷᠲᠡᠢ ᠳᠠᠪᠢᠨ ᠭᠠᠷᠴᠤ ᠢᠷᠡᠭᠡᠳ ᠨᠠᠶᠢᠷ ᠤᠨ ᠲᠠᠯᠠᠪᠠᠢ ᠳᠤ ᠲᠤᠲᠤᠭᠤᠷ ᠨᠠᠷᠠ ᠵᠥᠪ ᠡᠷᠬᠢᠵᠤ᠂ ᠪᠦᠬᠡ ᠶᠢᠨ ᠳᠠᠭᠠᠭᠠᠮᠠᠯ ᠠᠴᠠ ᠨᠡᠷ᠎ᠡ ᠳᠠᠭᠤᠳᠠᠨ ᠤᠨᠤᠭᠠᠭᠰᠠᠨ ᠤ ᠰᠡᠭᠦᠯᠡᠷ ᠰᠠᠶ᠋ᠢ ᠡᠬᠢᠯᠡᠵᠦ ᠪᠠᠷᠢᠯᠳᠤᠬᠤ ᠶᠤᠰᠤ ᠭᠤᠷᠢᠮ ᠲᠠᠢ᠃ ᠮᠠᠩᠯᠠᠢ ᠨᠠᠢᠮᠠᠨ ᠪᠦᠬᠡ ᠭᠠᠷᠭᠠᠭᠰᠠᠨ ᠤ ᠰᠡᠭᠦᠯᠡᠷ ᠪᠦᠬᠡ ᠶᠢ ᠨᠢᠭᠡ ᠯᠡ ᠤᠳᠠᠭ᠎ᠠ ᠤᠷᠢᠵᠤ ᠭᠠᠷᠭᠠᠳᠠᠭ᠃ ᠪᠦᠬᠡ ᠪᠠᠷᠢᠯᠳᠤᠭᠠᠳ ᠦᠵᠦᠭᠦᠷᠯᠡᠬᠦ ᠳᠡᠭᠡᠳᠦ ᠨᠠᠢᠮᠠᠨ ᠪᠦᠬᠡ ᠪᠤᠯᠤᠭᠰᠠᠭᠠᠷ ᠪᠠᠰᠠ ᠪᠦᠬᠡ ᠶᠢᠨ ᠤᠷᠢᠶ᠎ᠠ ᠪᠠᠨ ᠭᠤᠷᠪᠠᠨᠲᠠ ᠲᠠᠯᠪᠢᠭᠰᠠᠨ ᠤ ᠳᠠᠷᠠᠭ᠎ᠠ ᠪᠦᠬᠡ ᠭᠠᠷᠴᠤ ᠪᠠᠷᠢᠯᠳᠤᠬᠤ ᠪᠤᠯᠤᠨ᠎ᠠ᠃       ᠮᠣᠩᠭᠤᠯ ᠪᠦᠬᠡ ᠶᠢᠨ ᠵᠠᠩᠰᠢᠯ ᠢᠶᠠᠷ ᠪᠣᠯ ᠪᠦᠬᠡ ᠳᠤ ᠤᠷᠤᠵᠤ ᠪᠠᠷᠢᠯᠳᠤᠭᠰᠠᠨ ᠪᠤᠯᠭᠠᠨ ᠳᠠᠷᠤᠢ ᠰᠢᠷᠤᠢ ᠳᠤ ᠤᠶᠢᠴᠢᠭᠰᠠᠨ ᠪᠦᠬᠡ ᠳᠤ ᠬᠦᠷᠲᠡᠯ᠎ᠡ ᠰᠠᠪᠠ ᠲᠠᠮᠠᠬᠢ ᠪᠣᠶᠣ ᠭᠠᠷ ᠤᠨ ᠠᠯᠴᠢᠭᠤᠷ ᠦᠭᠳᠡᠭ᠃ ᠢᠩᠬᠢᠬᠡᠳ ᠨᠠᠶᠢᠷ ᠤᠨ ᠶᠡᠭᠡ ᠪᠠᠭ᠎ᠠ ᠪᠠᠷ ᠰᠢᠯᠲᠠᠭᠠᠯᠠᠵᠤ ᠪᠦᠬᠡ ᠳᠤ ᠱᠠᠩ ᠣᠯᠭᠤᠳᠠᠭ᠃ ᠶᠡᠭᠡ ᠨᠠᠶᠢᠷ ᠲᠤ ᠪᠣᠯ ᠮᠥᠩᠬᠦᠨ ᠪᠤᠶᠢᠯᠠ ᠲᠠᠢ ᠴᠠᠭᠠᠨ ᠲᠡᠮᠡᠭᠡ ᠳᠡᠷᠢᠭᠦᠲᠡᠨ ᠶᠢᠰᠦ ᠶᠢᠰᠦ ᠨᠠᠶᠠᠨ ᠨᠢᠭᠡ ᠶᠢᠨ ᠱᠠᠩ ᠦᠭᠳᠡᠭ ᠶᠤᠰᠤᠲᠠᠢ᠃ ᠪᠦᠬᠡ ᠶᠢᠨ ᠱᠠᠩ ᠳᠤ ᠮᠣᠷᠢ᠂ ᠴᠠᠢ᠂ ᠬᠤᠨᠢ ᠳᠡᠷᠢᠭᠦᠳᠡᠨ ᠢ ᠱᠠᠩ ᠪᠤᠯᠭᠠᠵᠤ ᠥᠭᠬᠦ ᠨᠢ ᠤᠯᠠᠨ ᠪᠠᠶᠢᠳᠠᠭ᠃       ᠪᠦᠬᠡ ᠶᠢᠨ ᠪᠠᠷᠢᠯᠳᠤᠭᠠᠨ ᠨᠢ ᠤᠷᠠᠨ ᠮᠡᠷᠭᠡᠵᠢᠯ᠂ ᠭᠠᠩᠭᠠᠩ ᠮᠡᠭᠡ ᠪᠠᠷ ᠢᠶᠠᠨ ᠤᠯᠠᠨ ᠳᠤ ᠭᠠᠶᠢᠬᠠᠭᠳᠠᠵᠤ᠂ ᠬᠦᠮᠦᠰ ᠤᠨ ᠳᠤᠷ᠎ᠠ ᠪᠠᠬ᠎ᠠ ᠰᠤᠨᠢᠷᠬᠠᠯ ᠢ ᠶᠡᠬᠡᠳᠡ ᠲᠠᠲᠠᠳᠠᠭ᠃ ᠪᠦᠬᠡ ᠶᠢᠨ ᠮᠡᠭᠡ ᠮᠡᠷᠭᠡᠵᠢᠯ ᠤᠯᠠᠨ ᠪᠠᠶᠢᠳᠠᠭ᠃ ᠡᠷᠳᠡᠮ ᠮᠡᠷᠭᠡᠵᠢᠯ ᠰᠠᠶᠢᠲᠠᠢ ᠠᠪᠤᠷᠭᠤ ᠪᠦᠬᠡ ᠶᠢ ᠶᠡᠭᠡ ᠬᠦᠨᠳᠦᠳᠭᠡᠨ ᠬᠠᠶᠢᠷᠠᠯᠠᠵᠤ  ᠪᠠᠭ᠋ᠠᠷᠬᠠᠵᠤ ᠶᠠᠪᠤᠬᠤ ᠵᠠᠩᠰᠢᠯ  ᠲᠠᠢ᠃ ᠣᠣᠯ ᠨᠢ ᠨᠡᠷᠡᠲᠡᠢ ᠰᠠᠶᠢᠨ ᠪᠠᠷᠢᠯᠳᠤᠵᠤ ᠶᠠᠪᠤᠭᠰᠠᠨ ᠡᠪᠦᠭᠡᠨ ᠢ ᠲᠠᠷᠬᠠᠯᠠᠵᠤ ᠵᠠᠩᠭᠢᠶ᠎ᠠ ᠪᠠᠨ ᠢᠳᠡᠭᠡᠵᠦ ᠲᠤᠭᠤᠭᠰᠠᠨ ᠵᠠᠯᠠᠭᠤ ᠪᠦᠬᠡ ᠳᠤ ᠤᠯᠠᠮᠵᠢᠯᠠᠵᠤ ᠥᠭᠳᠡᠭ᠃       ᠪᠥᠬᠡ ᠲᠠᠷᠬᠠᠯᠠᠬᠤ ᠳᠤ ᠬᠤᠶᠠᠷ ᠬᠤᠣᠰ ᠪᠥᠬᠡ ᠶᠢ ᠤᠷᠢᠨ ᠳᠠᠭᠤᠳᠠᠵᠤ ᠭᠠᠷᠭᠠᠭᠠᠳ ᠪᠠᠷᠢᠯᠳᠤᠭᠤᠯᠤᠨ᠎ᠠ᠃ ᠭᠡᠬᠦ ᠳᠡᠭᠡᠨ ᠡᠷ᠎ᠡ ᠴᠢᠳᠠᠯ ᠭᠠᠷᠭᠠᠵᠤ ᠬᠦᠴᠦᠲᠡᠢ ᠪᠠᠷᠢᠯᠳᠤᠬᠤ ᠦᠭᠡᠢ᠃ ᠬᠠᠷᠢᠨ ᠬᠤᠶᠠᠷ ᠡᠪᠦᠭᠡᠨ ᠨᠢᠭᠡ ᠦᠶ᠎ᠡ ᠪᠠᠷᠢᠯᠳᠤᠨ ᠬᠠᠶᠢᠨ ᠲᠤᠰᠴᠤ ᠲᠠᠷᠬᠠᠯᠠᠭᠤᠯᠳᠠᠭ᠃ ᠲᠠᠷᠬᠠᠨ ᠪᠦᠬᠡ ᠳᠤ ᠱᠠᠩ ᠣᠯᠭᠤᠨ᠎ᠠ᠃       ᠭᠤᠷᠪᠠ᠂ ᠰᠤᠷ ᠬᠠᠷᠪᠤᠬᠤ       ᠰᠤᠷ ᠬᠠᠷᠪᠤᠬᠤ ᠪᠣᠯ ᠡᠷᠲᠡᠨ ᠤ ᠠᠪᠠ ᠠᠩᠨᠠᠯ ᠠᠴᠠ ᠡᠭᠦᠰᠦᠯ ᠲᠠᠢ ᠤᠯᠠᠮᠵᠢᠯᠠᠯᠲᠤ ᠲᠤᠭᠯᠠᠭᠠᠮ ᠤᠨ ᠨᠢᠭᠡ ᠪᠢᠯᠡ᠃       ᠮᠠᠨ ᠤ ᠰᠦᠨᠢᠳ ᠲᠤ ᠶᠡᠭᠡ ᠨᠠᠶᠢᠷ ᠲᠤ ᠰᠤᠷ ᠬᠠᠷᠪᠤᠵᠤ ᠤᠷᠤᠯᠳᠤᠭᠠᠨ ᠬᠢᠳᠡᠭ ᠪᠠᠶᠢᠵᠠᠢ᠃ ᠰᠤᠷ ᠬᠠᠷᠪᠤᠬᠤ ᠳᠤ ᠤᠷᠤᠯᠴᠠᠬᠤ ᠬᠦᠮᠦᠨ ᠡᠷᠡᠭᠲᠡᠢ ᠡᠮᠡᠭᠲᠡᠢ ᠪᠠ ᠨᠠᠰᠤᠨ ᠤ ᠢᠯᠭᠠᠯ ᠭᠡᠵᠦ ᠦᠭᠡᠢ ᠪᠠᠷ ᠤᠷᠤᠯᠴᠠᠵᠤ ᠪᠤᠯᠳᠠᠭ᠃ ᠨᠤᠮᠤ ᠰᠤᠮᠤᠨ ᠳᠤ ᠬᠦᠨᠳᠦ ᠬᠦᠩᠭᠡᠨ᠂ ᠬᠡᠯᠪᠡᠷᠢ ᠶᠠᠩᠵᠤ ᠶᠢ ᠬᠢᠵᠠᠭᠠᠷᠯᠠᠬᠤ ᠦᠭᠡᠢ᠃ ᠶᠡᠷᠦ ᠨᠢ ᠨᠢᠭᠡ ᠬᠦᠮᠦᠨ ᠶᠢᠰᠦᠨ ᠰᠤᠮᠤ ᠬᠠᠷᠪᠤᠬᠤ ᠵᠢᠷᠤᠮ ᠲᠠᠢ᠃ ᠰᠢᠯᠢᠳᠡᠭ ᠪᠦᠲᠦᠮᠵᠢ ᠣᠯᠵᠤ ᠳᠡᠷᠢᠭᠦᠯᠡᠭᠰᠡᠨ ᠰᠤᠷᠴᠢᠳ ᠲᠤ ᠱᠠᠩ ᠤᠯᠭᠤᠳᠠᠭ ᠪᠠᠶᠢᠵᠠᠢ᠃       ᠮᠠᠨ ᠤ ᠰᠦᠨᠢᠳ ᠲᠤ ᠴᠢᠯᠦᠭᠡᠯᠡᠭᠳᠡᠭᠰᠡᠨ ᠠᠴᠠ ᠬᠤᠶᠢᠰᠢ ᠰᠤᠷ ᠬᠠᠷᠪᠤᠬᠤ ᠨᠢ ᠲᠦᠭᠡᠮᠡᠯ ᠤᠯᠠᠮᠵᠢᠯᠠᠭᠳᠠᠵᠤ ᠴᠢᠳᠠᠭ᠎ᠠ ᠦᠭᠡᠢ ᠠᠴᠠ ᠣᠳᠣ ᠰᠣᠷ ᠬᠠᠷᠪᠤᠬᠤ ᠨᠢ ᠲᠤᠩ ᠴᠦᠬᠡᠨ ᠪᠤᠯᠵᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号