ᠨᠣᠣᠰᠤᠨ ᠪᠥᠮᠪᠦᠭᠡ ᠨᠠᠭᠠᠳᠬᠤ | ᠨᠣᠣᠰᠤᠨ ᠪᠥᠮᠪᠦᠭᠡ ᠪᠣᠯ ᠬᠠᠪᠤᠷ ᠦᠬᠡᠷ ᠤᠨ ᠨᠣᠣᠰᠣ ᠶᠢ ᠰᠠᠮᠨᠠᠨ ᠠᠪᠴᠤ ᠦᠪᠡᠷᠲᠡᠭᠡᠨ ᠬᠢᠳᠡᠭ᠃ | ᠴᠠᠭᠠᠨ ᠦᠬᠡᠷ ᠤᠨ ᠨᠣᠣᠰᠣ ᠪᠠᠷ ᠤᠯᠠᠭᠠᠨ ᠪᠥᠮᠪᠦᠭᠡ ᠬᠢᠵᠦ᠂ ᠬᠠᠷ᠎ᠠ ᠦᠬᠡᠷ ᠤᠨ ᠨᠣᠣᠰᠣ ᠪᠠᠷ ᠬᠠᠷ᠎ᠠ ᠪᠥᠮᠪᠦᠭᠡ᠂ | ᠠᠯᠠᠭ ᠨᠣᠣᠰᠣ ᠪᠠᠷ ᠠᠯᠠᠭ ᠡᠷᠢᠶᠡᠨ ᠪᠥᠮᠪᠦᠭᠡ ᠬᠢᠵᠦ ᠲᠣᠰ ᠲᠣᠰ ᠨᠠᠭᠠᠳᠬᠤ ᠪᠦᠭᠡᠳ ᠪᠥᠮᠪᠦᠭᠡ ᠪᠠᠨ ᠪᠦᠳᠦᠭᠦᠨ | ᠰᠢᠭ ᠬᠢᠵᠦ ᠢᠰᠭᠦᠯᠵᠦ ᠨᠠᠭᠠᠳᠤᠨ᠎ᠠ᠃ ᠵᠢᠵᠢᠭᠭᠡᠨ ᠰᠢᠭ ᠪᠦᠮᠪᠦᠭᠡ ᠬᠢᠵᠦ ᠲᠡᠪᠡᠭ ᠨᠠᠭᠠᠳᠤᠨ᠎ᠠ᠃ ᠡᠨᠡ ᠪᠣᠯ | ᠮᠣᠩᠭᠤᠯ ᠬᠡᠦᠬᠡᠳ ᠤᠨ ᠦᠷᠭᠦᠯᠵᠢ ᠨᠠᠭᠠᠳᠬᠤ ᠨᠢᠭᠡᠨ ᠵᠦᠢᠯ ᠤᠨ ᠪᠡᠶ᠎ᠡ ᠲᠠᠮᠢᠷ ᠤᠨ ᠠᠵᠢᠯᠯᠠᠭ᠎ᠠ ᠪᠣᠯᠣᠨ᠎ᠠ᠃ | ᠴᠢᠯᠠᠭᠤᠨ ᠭᠡᠷ ᠪᠠᠷᠢᠵᠤ ᠨᠠᠭᠠᠳᠬᠤ | ᠡᠨᠡ ᠪᠣᠯ ᠮᠠᠯᠵᠢᠬᠤ ᠣᠷᠤᠨ ᠤ ᠮᠣᠩᠭᠤᠯ ᠬᠡᠦᠬᠡᠳ ᠤᠨ ᠦᠷᠭᠦᠯᠵᠢ ᠨᠠᠭᠠᠳᠬᠤ ᠡᠩ ᠤᠨ ᠪᠦᠭᠡᠳ | ᠲᠦᠭᠡᠮᠡᠯ ᠲᠤᠭᠯᠠᠭᠠᠮ ᠪᠣᠯᠣᠨ᠎ᠠ᠃ ᠬᠡᠳᠦᠶᠢᠪᠡᠷ ᠵᠢᠵᠢᠭ ᠴᠢᠯᠠᠭᠤ ᠪᠠᠷ ᠵᠣᠬᠢᠶᠠᠵᠤ ᠨᠠᠭᠠᠳᠬᠤ ᠡᠩ ᠤᠨ ᠲᠣᠭᠯᠠᠭᠠᠮ | ᠰᠢᠭ᠋ ᠪᠤᠯᠪᠠᠴᠤ ᠠᠮᠢᠳᠤᠷᠠᠯ ᠠᠴᠠ ᠡᠬᠢ ᠰᠤᠷᠪᠤᠯᠵᠢ ᠠᠪᠴᠤ ᠭᠡᠷ ᠡᠷᠦᠬᠡ᠂ ᠮᠠᠯᠵᠢᠬᠤ ᠠᠮᠢᠳᠤᠷᠠᠯ ᠠᠴᠠ | ᠰᠡᠳᠦᠪᠴᠢᠯᠡᠨ ᠵᠤᠬᠢᠶᠠᠭᠳᠠᠭᠰᠠᠨ ᠪᠠᠶᠠᠯᠢᠭ ᠠᠭᠤᠯᠭ᠎ᠠ ᠰᠠᠨᠠᠭ᠎ᠠ ᠪᠦᠬᠦᠢ ᠲᠤᠭᠯᠠᠭᠠᠮ ᠭᠡᠵᠦ ᠬᠡᠯᠡᠵᠦ ᠪᠣᠯᠤᠨ᠎ᠠ᠃ | ᠡᠨᠡ ᠲᠤᠭᠯᠠᠭᠠᠮ ᠢ ᠬᠤᠷᠠᠭ ᠤᠨ ᠬᠡᠦᠬᠡᠳ ᠵᠢᠴᠢ ᠰᠤᠷᠭᠠᠭᠤᠯᠢ ᠳᠤ ᠣᠷᠤᠬᠤ ᠠᠴᠠ ᠡᠮᠦᠨᠡᠬᠢ | ᠨᠠᠰᠤᠨ ᠤ ᠬᠡᠦᠬᠡᠳ ᠤᠳ ᠬᠦᠳᠡᠭᠡ ᠭᠠᠳᠠᠨ᠎ᠠ ᠪᠣᠶᠣ ᠭᠡᠷ ᠤᠨ ᠢᠶᠠᠨ ᠭᠠᠳᠠᠨ᠎ᠠ ᠵᠢᠵᠢᠭ ᠴᠢᠯᠠᠭᠤ ᠪᠠᠷ ᠳᠤᠭᠤᠢ ᠬᠡᠯᠪᠡᠷᠢ | ᠲᠠᠢ ︵ᠮᠣᠩᠭᠤᠯ ᠭᠡᠷ ᠤᠨ ᠶᠠᠩᠵᠤ︶ ᠵᠡᠷᠭᠡᠯᠡᠨ ᠵᠣᠬᠢᠶᠠᠵᠤ ᠭᠡᠷ ᠤᠨ ᠡᠳ᠋ᠯᠡᠯ ᠬᠡᠷᠡᠭᠰᠡᠯ᠂ ᠮᠠᠯ ᠤᠨᠤᠭ᠎ᠠ ᠵᠡᠷᠭᠡ | ᠠᠳᠠᠯᠢ ᠪᠣᠰᠤ ᠳᠦᠷᠰᠦ ᠶᠢ ᠴᠢᠯᠠᠭᠤ ᠪᠠᠷ ᠲᠥᠯᠦᠭᠡᠯᠡᠨ ᠵᠤᠬᠢᠶᠠᠨ ᠨᠠᠭᠠᠳᠤᠨ᠎ᠠ᠃ ᠲᠠᠪᠤᠨ ᠬᠠᠨ᠎ᠠ ᠲᠠᠢ᠂ ᠵᠢᠷᠭᠤᠭᠠᠨ | ᠬᠠᠨ᠎ᠠ ᠲᠠᠢ ᠭᠡᠷ ᠭᠡᠮᠡᠨ ᠶᠡᠭᠡ ᠪᠠᠭ᠎ᠠ ᠨᠢ ᠠᠳᠠᠯᠢ ᠦᠭᠡᠢ ᠭᠡᠷ ᠪᠠᠷᠢᠵᠤ᠂ ᠭᠠᠳᠠᠨ᠎ᠠ ᠪᠠᠨ ᠴᠠᠭᠠᠨ ᠴᠢᠯᠠᠭᠤ ᠪᠠᠷ ᠬᠤᠨᠢ | ᠪᠤᠯᠭᠠᠨ᠂ ᠲᠡᠮᠡᠭᠡᠨ ᠳᠦᠷᠰᠦ ᠲᠠᠢ ᠴᠢᠯᠠᠭᠤ ᠪᠠᠷ ᠲᠡᠮᠡᠭᠡ ᠪᠣᠯᠭᠠᠵᠤ᠂ ᠦᠬᠡᠷ ᠠᠳᠤᠭᠤ ᠰᠢᠭ᠋ ᠳᠦᠷᠰᠦ ᠲᠠᠢ ᠴᠢᠯᠠᠭᠤ | ᠪᠠᠷ ᠠᠳᠤᠭᠤ ᠦᠬᠡᠷ ᠪᠤᠯᠭᠠᠨ ᠲᠠᠪᠤᠨ ᠬᠤᠰᠢᠭᠤ ᠮᠠᠯ ᠬᠢᠵᠦ᠂ ᠨᠠᠭᠠᠳᠤᠮ ᠡᠭᠦᠰᠭᠡᠨ᠂ ᠠᠶᠢᠯ ᠰᠠᠬᠠᠭᠠᠯᠲᠠ ᠪᠠᠭᠤᠯ᠎ᠠ | ᠭᠡᠬᠦ ᠪᠣᠶᠤ ᠭᠡᠷ ᠡᠷᠦᠬᠡ ᠶᠢᠨ ᠠᠮᠢᠳᠤᠷᠠᠯ ᠢᠶᠠᠷ ᠵᠠᠭᠪᠤᠷᠴᠢᠯᠠᠨ ᠳᠠᠭᠤᠷᠢᠶᠠᠵᠤ ᠨᠠᠭᠠᠳᠳᠠᠭ ᠰᠤᠨᠢᠷᠬᠠᠯ ᠲᠠᠢ ᠲᠤᠭᠯᠠᠭᠠᠮ | ᠪᠢᠯᠡ᠃ | ᠮᠣᠩᠭᠤᠯ ᠲᠦᠯᠬᠢᠭᠦᠷ ︵ᠲᠠᠮᠤ ᠶᠢᠨ ᠤᠨᠢᠰᠤ︶ | ᠡᠨᠡ ᠲᠤᠭᠯᠠᠭᠠᠮ ᠪᠣᠯ ᠮᠣᠩᠭᠤᠯ ᠬᠡᠦᠬᠡᠳ ᠤᠨ ᠤᠨᠢᠰᠤᠨ ᠲᠤᠭᠯᠠᠭᠠᠮ ᠪᠣᠯᠣᠨ᠎ᠠ᠃ ᠡᠨᠡ | ᠲᠤᠭᠯᠠᠭᠠᠮ ᠶᠢᠰᠦᠨ ᠭᠠᠷᠠᠬ᠎ᠠ ᠲᠠᠢ᠃ ᠡᠭᠦᠨ ᠢ 681 ᠤᠳᠠᠭ᠎ᠠ ᠴᠤᠤᠵᠢᠯᠠᠵᠤ ᠪᠠᠶᠢᠮᠠᠨ ᠰᠠᠶ᠋ᠢ ᠭᠠᠷᠭᠠᠨ᠎ᠠ᠃ ᠪᠠᠰᠠ | ᠭᠤᠷᠪᠠᠨ ᠭᠠᠷᠠᠬ᠎ᠠ ᠲᠠᠢ ᠮᠣᠩᠭᠤᠯ ᠲᠦᠯᠬᠢᠭᠦᠷ ᠢ ᠶᠢᠰᠦ ᠤᠳᠠᠭ᠎ᠠ ᠲᠦᠯᠬᠢᠵᠦ ᠶᠢᠰᠦ ᠤᠳᠠᠭ᠎ᠠ ᠴᠤᠤᠵᠢᠯᠠᠨ ᠪᠠᠶᠢᠵᠤ | ᠰᠠᠶ᠋ᠢ ᠭᠠᠷᠭᠠᠨ᠎ᠠ᠃ ᠡᠨᠡ ᠬᠦ ᠮᠣᠩᠭᠤᠯ ᠲᠦᠯᠬᠢᠭᠦᠷ ᠢ ᠲᠠᠮᠤ ᠶᠢᠨ ᠤᠨᠢᠰᠤ᠂ ᠬᠡᠨ ᠬᠦᠮᠦᠨ ᠡᠬᠢᠯᠡᠵᠦ ᠨᠠᠭᠠᠳᠪᠠᠯ | ᠵᠠᠪᠠᠯ ᠭᠠᠷᠭᠠᠵᠤ ᠪᠠᠷᠠᠬᠤ ᠬᠡᠷᠡᠭᠲᠡᠢ᠃ ᠦᠭᠡᠢ ᠪᠣᠯ ᠲᠠᠮᠤ ᠳᠤ ᠰᠠᠭᠤᠭᠰᠠᠨ ᠲᠠᠢ ᠠᠳᠠᠯᠢ ᠭᠡᠳᠡᠭ᠃ ᠮᠣᠩᠭᠤᠯ | ᠲᠦᠯᠬᠢᠭᠦᠷ ᠨᠢ ᠨᠢᠭᠡᠨ ᠣᠶᠤᠨ ᠰᠡᠷᠭᠦᠭᠡᠬᠦ ᠠᠭᠤᠯᠭ᠎ᠠ ᠲᠠᠢ ᠬᠡᠦᠬᠡᠳ ᠤᠨ ᠲᠤᠭᠯᠠᠭᠠᠮ ᠪᠣᠯᠬᠤ ᠶᠤᠮ᠃ | ᠲᠡᠪᠡᠭ ᠢᠰᠭᠦᠯᠬᠦ ᠲᠤᠭᠯᠠᠭᠠᠮ | ᠬᠡᠦᠬᠡᠳ ᠤᠨ ᠨᠢᠭᠡᠨ ᠵᠦᠢᠯ ᠤᠨ ᠲᠠᠮᠢᠷ ᠤᠨ ᠲᠤᠭᠯᠠᠭᠠᠮ ᠶᠤᠮ᠃ ᠠᠳᠤᠭᠤᠨ ᠤ ᠳᠡᠯ ᠰᠡᠭᠦᠯ ᠢᠶᠠᠷ | ᠲᠤᠭᠤᠯᠭ᠎ᠠ ᠶᠢᠨ ᠬᠠᠪᠲᠠᠭᠠᠢ ᠳᠤ ᠵᠤᠬᠢᠶᠠᠵᠤ ᠬᠢᠳᠡᠭ᠃ ᠬᠡᠦᠬᠡᠳ ᠤᠳ ᠬᠠᠷᠠᠬᠠᠨ ᠪᠠᠭ᠎ᠠ ᠠᠴᠠ ᠲᠡᠪᠡᠭ ᠢᠰᠭᠦᠯᠵᠦ | ᠤᠷᠤᠯᠳᠤᠨ ᠨᠠᠭᠠᠳᠳᠠᠭ ᠪᠦᠭᠡᠳ ᠤᠯᠠᠨ ᠶᠠᠩᠵᠤ ᠪᠠᠷ ᠬᠤᠪᠢᠷᠠᠭᠤᠯᠤᠨ ᠨᠠᠭᠠᠳᠴᠤ ᠪᠣᠯᠳᠠᠭ ᠬᠡᠦᠬᠡᠳ ᠤᠳ ᠤᠨ | ᠦᠷᠭᠦᠯᠵᠢ ᠶᠢᠨ ᠲᠤᠭᠯᠠᠭᠠᠮ ᠶᠤᠮ᠃ ᠡᠨᠡ ᠲᠤᠭᠯᠠᠭᠠᠮ ᠪᠣᠯ ᠬᠡᠦᠬᠡᠳ ᠤᠨ ᠨᠢᠳᠦᠨ ᠬᠠᠷᠠᠭ᠎ᠠ ᠪᠠ ᠪᠡᠶ᠎ᠡ ᠶᠢ | ᠪᠤᠯᠪᠠᠰᠤᠷᠠᠭᠤᠯᠬᠤ ᠰᠠᠶᠢᠬᠠᠨ ᠲᠤᠭᠯᠠᠭᠠᠮ ᠪᠤᠯᠤᠨ᠎ᠠ᠃ | ᠳᠡᠭᠡᠰᠦ ᠦᠰᠦᠷᠬᠦ | ᠳᠡᠭᠡᠰᠦ ᠦᠰᠦᠷᠬᠦ ᠲᠤᠭᠯᠠᠭᠠᠮ ᠪᠣᠯ ᠰᠤᠷᠭᠠᠭᠤᠯᠢ ᠶᠢᠨ ᠨᠠᠰᠤᠨ ᠤ ᠬᠡᠦᠬᠡᠳ ᠤᠨ ᠨᠠᠭᠠᠳᠳᠠᠭ ᠨᠢᠭᠡ | ᠵᠦᠢᠯ ᠤᠨ ᠪᠡᠶ᠎ᠡ ᠲᠠᠮᠢᠷ ᠤᠨ ᠠᠵᠢᠯᠯᠠᠭ᠎ᠠ ᠪᠤᠯᠤᠨ᠎ᠠ᠃ ᠡᠨᠡ ᠨᠠᠭᠠᠳᠤᠮ ᠢ ᠬᠤᠶᠠᠷ ᠶᠠᠩᠵᠤ ᠪᠠᠷ ᠲᠣᠭᠯᠠᠳᠠᠭ᠃ ᠨᠢᠭᠡ | ᠨᠢ ᠣᠯᠠᠨ ᠬᠡᠦᠬᠡᠳ ᠤᠳ ᠬᠤᠶᠢᠨ᠎ᠠ ᠬᠤᠶᠢᠨ᠎ᠠ ᠠᠴᠠ ᠪᠠᠨ ᠮᠦᠷᠯᠡᠵᠦ ᠵᠢᠭᠰᠠᠭᠠᠳ ᠬᠤᠶᠠᠷ ᠬᠡᠦᠬᠡᠳ ᠳᠡᠭᠡᠰᠦ | ᠡᠷᠬᠢᠭᠦᠯᠬᠦ ᠳᠤ ᠬᠡᠦᠬᠡᠳ ᠤᠳ ᠳᠡᠭᠡᠰᠦᠨ ᠳᠤᠤᠭᠤᠷ ᠰᠢᠷᠭᠤᠨ ᠣᠷᠤᠵᠤ ᠦᠰᠦᠷᠦᠨ᠎ᠡ᠃ ᠬᠡᠨ ᠨᠢ ᠳᠡᠭᠡᠰᠦᠨ ᠳᠤ | ᠲᠣᠷᠴᠤ ᠲᠡᠭᠡᠭᠯᠡᠪᠡᠯ ᠲᠡᠷᠡ ᠨᠢ ᠳᠡᠭᠡᠰᠦ ᠡᠷᠬᠢᠭᠦᠯᠵᠦ ᠪᠣᠰᠤᠳ ᠨᠢ ᠡᠭᠡᠯᠵᠢᠯᠡᠨ ᠲᠣᠭᠯᠠᠵᠤ ᠨᠠᠭᠠᠳᠬᠤ ᠪᠦᠭᠡᠳ | ᠬᠡᠳᠦᠨ ᠬᠡᠦᠬᠡᠳ ᠨᠠᠭᠠᠳᠴᠤ ᠪᠤᠯᠤᠨ᠎ᠠ᠃ ᠨᠦᠭᠦᠭᠡ ᠨᠢ ᠬᠡᠦᠭᠡᠳ ᠤᠳ ᠭᠠᠭᠴᠠ ᠭᠠᠭᠴᠠ ᠪᠠᠷ ᠢᠶᠠᠨ ᠳᠡᠭᠡᠰᠦ | ᠦᠰᠦᠷᠴᠦ ᠨᠠᠭᠠᠳᠤᠨ᠎ᠠ᠃ ᠡᠨᠡ ᠮᠡᠲᠦ ᠪᠠᠷ ᠬᠡᠦᠬᠡᠳ ᠤᠳ ᠴᠢᠯᠦᠭᠡ ᠴᠠᠭ ᠲᠠᠭᠠᠨ ᠭᠡᠳᠦᠭᠦᠯᠡ ᠨᠡᠶᠢᠯᠡᠵᠦ ᠳᠡᠭᠡᠰᠦ | ᠦᠰᠦᠷᠦᠨ ᠬᠦᠭᠡᠷᠦᠯᠳᠦᠨ ᠨᠠᠭᠠᠳᠳᠠᠭ᠃ | ᠨᠢᠭᠤᠯᠴᠠᠭ᠎ᠠ ᠬᠢᠬᠦ | ᠬᠡᠦᠬᠡᠳ ᠤᠳ ᠦᠷᠭᠦᠯᠵᠢ ᠨᠢᠭᠤᠯᠴᠠᠭ᠎ᠠ ᠬᠢᠵᠦ ᠨᠠᠭᠠᠳᠳᠠᠭ᠃ ᠡᠨᠡ ᠲᠤᠭᠯᠠᠭᠠᠮ ᠨᠢ ᠭᠡᠳᠦᠨ | ᠬᠡᠦᠬᠡᠳ ᠨᠡᠶᠢᠯᠡᠵᠦ ᠨᠢᠭᠡ ᠨᠢ ᠪᠤᠰᠤᠳ ᠠᠴᠠ ᠪᠠᠨ ᠨᠢᠭᠤᠵᠤ᠂ ᠪᠤᠰᠤᠳ ᠬᠡᠦᠬᠡᠳ ᠲᠡᠭᠦᠨ ᠢ ᠡᠷᠢᠵᠦ ᠣᠯᠬᠤ ᠪᠠᠷ | ᠴᠢᠷᠮᠠᠶᠢᠨ᠎ᠠ᠃ ᠬᠡᠨ ᠨᠢ ᠨᠢᠭᠤᠭᠳᠠᠭᠰᠠᠨ ᠬᠡᠦᠬᠡᠳ ᠢ ᠤᠷᠢᠳ ᠢᠶᠠᠷ ᠡᠷᠢᠵᠦ ᠣᠯᠪᠠᠯ ᠱᠦᠭᠦᠵᠦ᠂ ᠤᠯᠠᠨ ᠢᠶᠠᠷ ᠢᠶᠠᠨ | ᠲᠠᠬᠢᠵᠤ ᠨᠢᠭᠡ ᠬᠡᠦᠬᠡᠳ ᠢᠶᠠᠨ ᠰᠤᠩᠭᠤᠵᠤ ᠨᠢᠭᠤᠯᠴᠠᠭ᠎ᠠ ᠬᠢᠵᠦ ᠨᠠᠭᠠᠳᠳᠠᠭ᠃ | ᠤᠨᠢᠰᠤᠭ᠎ᠠ ᠲᠠᠭᠠᠬᠤ | ᠨᠠᠮᠤᠷ ᠡᠪᠦᠯ ᠪᠣᠶᠤ ᠴᠢᠯᠦᠭᠡ ᠴᠠᠭ ᠲᠤ ᠭᠡᠷ ᠤᠨ ᠠᠬᠠᠮᠠᠳ ᠨᠢ ᠬᠡᠦᠬᠡᠳ ᠲᠡᠭᠡᠨ ᠤᠨᠢᠰᠤᠭ᠎ᠠ | ᠬᠡᠯᠡᠵᠦ ᠲᠠᠭᠠᠵᠤ ᠨᠠᠭᠠᠳᠳᠠᠭ᠃ ᠡᠨᠡ ᠪᠣᠯ ᠬᠡᠦᠬᠡᠳ ᠤᠨ ᠤᠶᠤᠨ ᠤᠬᠠᠭᠠᠨ᠂ ᠮᠡᠳᠡᠯᠭᠡ ᠶᠢ ᠳᠡᠭᠡᠭᠰᠢᠯᠡᠭᠦᠯᠬᠦ | ᠤᠶᠤᠨ ᠤ ᠲᠤᠭᠯᠠᠭᠠᠮ ᠶᠤᠮ᠃ ᠭᠡᠷ ᠤᠨ ᠠᠬᠠᠮᠠᠳ ᠨᠠᠰᠤᠲᠠᠶᠢᠴᠤᠳ ᠨᠢ ᠱᠤᠭ ᠭᠠᠷᠭᠠᠨ ︽ᠣᠨᠢᠰᠤᠭ᠎ᠠ ᠶᠢᠨ | ᠲᠦᠷᠦᠭᠦᠨ ᠳᠤ ᠤᠯᠠᠶᠢᠭᠰᠠᠨ ᠰᠤᠬᠤᠷ᠂ ᠣᠯᠤᠰᠤᠨ ᠳᠡᠭᠡᠰᠦ ᠪᠠᠷ ᠪᠤᠭᠤᠯᠭᠠᠭᠰᠠᠨ ᠰᠤᠬᠤᠷ︾ ᠭᠡᠵᠦ ᠬᠡᠯᠡᠭᠡᠳ᠂ | ᠣᠳᠣ ᠬᠡᠨ ᠣᠨᠢᠰᠤᠭ᠎ᠠ ᠲᠠᠭᠠᠬᠤ ᠪᠣᠢ ᠭᠡᠵᠦ ᠠᠰᠠᠭᠤᠨ᠎ᠠ᠃ ᠬᠡᠦᠬᠡᠳ ᠤᠳ ᠪᠤᠯᠢᠶᠠᠯᠳᠤᠨ ᠳᠠᠭᠠᠨ᠎ᠠ᠃ | ᠬᠡᠦᠬᠡᠳ ᠤᠳ ᠤᠯᠠᠨ ᠤᠨᠢᠰᠤᠭ᠎ᠠ ᠴᠡᠭᠡᠵᠢᠯᠡᠵᠦ ᠪᠡᠶ᠎ᠡ ᠪᠡᠶ᠎ᠡ ᠠᠴᠠ ᠪᠠᠨ ᠠᠰᠠᠭᠤᠵᠤ ᠲᠠᠭᠠᠵᠤ ᠨᠠᠭᠠᠳᠬᠤ ᠴᠤ ᠪᠣᠢ᠃ | | ᠨᠡᠯᠢᠶᠡᠳ ᠳᠡᠭᠡᠷ᠎ᠡ ᠦᠶ᠎ᠡ ᠠᠴᠠ ᠡᠬᠢᠯᠡᠵᠦ ᠠᠬᠠᠮᠠᠳ ᠨᠠᠰᠤᠲᠠᠶᠢᠴᠤᠳ ᠣᠨᠢᠰᠤᠭ᠎ᠠ ᠲᠠᠭᠠᠬᠤ ᠠᠷᠭ᠎ᠠ | ᠪᠠᠷ ᠬᠡᠦᠬᠡᠳ ᠪᠠᠭᠠᠴᠤᠳ ᠢᠶᠠᠨ ᠰᠤᠷᠭᠠᠵᠤ᠂ ᠤᠯᠠᠨ ᠮᠡᠳᠡᠯᠭᠡ ᠬᠦᠮᠦᠵᠢᠯ ᠬᠦᠷᠲᠡᠭᠡᠵᠦ ᠰᠤᠷᠭᠠᠳᠠᠭ ᠪᠠᠶᠢᠵᠠᠢ᠃ | ᠡᠶᠢᠮᠦ ᠠᠴᠠ ᠬᠡᠦᠬᠡᠳ ᠤᠳ ᠤᠨᠢᠰᠤᠭ᠎ᠠ ᠲᠠᠭᠠᠵᠤ ᠨᠠᠭᠠᠳᠬᠤ ᠮᠠᠰᠢ ᠳᠤᠷᠠᠲᠠᠢ ᠪᠠᠶᠢᠳᠠᠭ᠃ | ᠦᠯᠢᠭᠡᠷ ᠬᠡᠯᠡᠬᠦ | ᠮᠠᠨ ᠤ ᠰᠦᠨᠢᠳᠴᠤᠳ ᠦᠯᠢᠭᠡᠷ ᠬᠡᠯᠡᠬᠦ ᠶᠡᠭᠡ ᠳᠤᠷᠠᠲᠠᠢ᠃ ᠨᠡᠩ ᠴᠤ ᠡᠪᠦᠯ ᠤᠨ ᠤᠷᠲᠤ ᠰᠦᠨᠢ | ᠬᠡᠦᠬᠡᠳ ᠪᠠᠭᠠᠴᠤᠳ ᠲᠠᠭᠠᠨ ᠡᠷᠲᠡᠨ ᠤ ᠮᠠᠩᠭᠤᠰ ᠳᠠᠷᠤᠭᠰᠠᠨ ᠦᠯᠢᠭᠡᠷ᠂ ᠮᠢᠬᠠᠴᠢᠨ ᠤ ᠦᠯᠢᠭᠡᠷ᠂ ᠳᠤᠮᠤᠭ | ᠦᠯᠢᠭᠡᠷ᠂ ᠲᠣᠣᠯᠢᠰ ᠤᠨ ᠦᠯᠢᠭᠡᠷ ᠠᠴᠠ ᠬᠡᠯᠡᠵᠦ ᠦᠭᠳᠡᠭ ᠵᠠᠩᠰᠢᠯ ᠲᠠᠢ ᠪᠦᠭᠡᠳ ᠬᠡᠦᠬᠡᠳ ᠪᠠᠭᠠᠴᠤᠳ ᠲᠠᠭᠠᠨ | ᠴᠡᠭᠡᠵᠢᠯᠡᠭᠦᠯᠵᠦ᠂ ᠦᠯᠢᠭᠡᠷ ᠤᠨ ᠤᠯᠠᠨ ᠶᠣᠰᠤ ᠤᠴᠢᠷ ᠢ ᠲᠠᠨᠢᠭᠤᠯᠵᠤ ᠰᠤᠷᠭᠠᠳᠠᠭ᠃ ᠡᠶᠢᠮᠦ ᠠᠴᠠ ᠮᠠᠰᠢ ᠤᠯᠠᠨ | ᠡᠷᠲᠡᠨ ᠤ ᠦᠯᠢᠭᠡᠷ ᠳᠤᠮᠤᠭ ᠠᠮᠠᠨ ᠶᠠᠷᠢᠶᠠᠨ ᠠᠴᠠ ᠤᠯᠠᠮᠵᠢᠯᠠᠭᠳᠠᠵᠤ ᠣᠳᠣ ᠬᠦᠷᠲᠡᠯ᠎ᠡ ᠰᠤᠶᠤᠯ ᠤᠨ ᠥᠪ | ᠬᠦᠷᠦᠩᠭᠡ ᠪᠤᠯᠤᠭᠰᠠᠭᠠᠷ ᠪᠠᠶᠢᠨ᠎ᠠ᠃ | ᠨᠡᠩ ᠢᠯᠠᠩᠭᠤᠶ᠎ᠠ ᠬᠡᠦᠬᠡᠳ ᠤᠳ ᠮᠠᠩᠭᠤᠰ ᠳᠠᠷᠤᠭᠰᠠᠨ ᠪᠠᠭᠠᠲᠤᠷᠯᠢᠭ ᠲᠣᠣᠯᠢ ᠶᠢ ᠰᠤᠨᠤᠰᠬᠤ | ᠳᠤᠷᠠᠲᠠᠢ ᠪᠦᠭᠡᠳ ᠪᠦᠷ ᠴᠡᠭᠡᠵᠢᠯᠡᠵᠦ ᠶᠠᠷᠢᠵᠤ ᠴᠢᠳᠠᠳᠠᠭ ᠪᠠᠶᠢᠵᠠᠢ᠃ ᠮᠦᠨ ᠲᠡᠭᠷᠢ ᠮᠠᠭᠤᠬᠠᠢ ᠤᠷᠲᠤ ᠰᠦᠨᠢ | ᠮᠠᠨᠠᠭᠠᠨ ᠳᠤ ᠰᠠᠭᠤᠭ᠎ᠠ ᠬᠦᠮᠦᠰ ᠦᠯᠢᠭᠡᠷ ᠳᠤᠮᠤᠭ ᠶᠠᠷᠢᠵᠤ ᠰᠠᠭᠤᠬᠤ ᠨᠢ ᠣᠯᠠᠨ ᠪᠠᠶᠢᠳᠠᠭ᠃ ᠬᠡᠦᠬᠡᠳ ᠤᠳ ᠴᠤ | ᠦᠯᠢᠭᠡᠷ ᠳᠤᠮᠤᠭ ᠰᠤᠨᠤᠰᠬᠤ ᠲᠤᠶᠢᠯ ᠤᠨ ᠳᠤᠷ᠎ᠠ ᠪᠠᠭ᠋ᠠᠲᠠᠢ᠃ | ᠱᠠᠭ᠎ᠠ ᠲᠤᠭᠯᠠᠭᠠᠮ | ᠱᠠᠭ᠎ᠠ ᠲᠤᠭᠯᠠᠭᠠᠮ ᠪᠣᠯ ᠬᠡᠦᠬᠡᠳ ᠤᠨ ᠬᠠᠮᠤᠭ ᠠᠷᠪᠢᠨ ᠨᠠᠭᠠᠳᠬᠤ ᠰᠤᠨᠢᠷᠬᠠᠯ ᠲᠠᠢ ᠲᠤᠭᠯᠠᠭᠠᠮ | ᠶᠤᠮ᠃ ᠬᠤᠨᠢ ᠢᠮᠠᠭᠠᠨ ᠤ ᠱᠠᠭ᠎ᠠ ᠪᠠ ᠵᠡᠭᠡᠷ᠎ᠡ ᠭᠦᠷᠦᠭᠡᠰᠦ ᠶᠢᠨ ᠱᠠᠭ᠎ᠠ ︵ᠪᠠᠰᠠ ᠦᠬᠡᠷ ᠤᠨ ᠱᠠᠭ᠎ᠠ ᠪᠠᠷ ᠨᠠᠭᠠᠳᠬᠤ | ᠴᠤ ᠪᠤᠢ︶ ᠶᠢ ᠤᠯᠠᠨ ᠠᠷᠪᠢᠨ ᠴᠤᠭᠯᠠᠭᠤᠯᠵᠤ᠂ ᠣᠯᠠᠨ ᠵᠦᠢᠯ ᠤᠨ ᠨᠠᠭᠠᠳᠤᠮ ᠡᠭᠦᠰᠬᠡᠵᠦ ᠨᠠᠭᠠᠳᠤᠨ᠎ᠠ᠃ |