ᠰᠦᠨᠢᠳ ᠤᠨ ᠱᠠᠭ᠎ᠠ ᠨᠠᠭᠠᠳᠤᠮ — ᠪᠦᠬᠡ ᠪᠠᠷᠢᠯᠳᠤᠬᠤ
ᠨᠡᠶᠢᠲᠡᠯᠡᠭᠰᠡᠨ ᠴᠠᠭ᠄
2020/6/5
            ᠪᠦᠬᠡ ᠪᠠᠷᠢᠯᠳᠤᠨ ᠨᠠᠭᠠᠳᠬᠤ ᠳᠤ ᠬᠦᠮᠦᠨ ᠤ ᠲᠤᠭ᠎ᠠ ᠬᠢᠵᠠᠭᠠᠷ ᠦᠭᠡᠢ᠂ ᠬᠡᠳᠦᠨ ᠬᠦᠮᠦᠨ ᠪᠠᠶᠢᠭᠰᠠᠨ ᠴᠤ ᠪᠦᠷ ᠪᠣᠯᠤᠨ᠎ᠠ᠃ ᠭᠡᠬᠦ ᠳᠡᠭᠡᠨ ᠦᠪᠡᠷ ᠤᠨ ︽ᠪᠦᠬᠡ︾ ᠭᠡᠮᠡᠨ ᠲᠡᠮᠲᠡᠭ ᠲᠠᠯᠪᠢᠭᠰᠠᠨ ᠱᠠᠭ᠎ᠠ ᠪᠠᠨ ᠠᠪᠴᠤ ᠨᠠᠭᠠᠳᠤᠮ ᠳᠤ ᠤᠷᠤᠯᠴᠠᠳᠠᠭ᠃ ᠨᠠᠭᠠᠳᠬᠤ ᠳᠠᠭᠠᠨ ᠮᠣᠩᠭᠤᠯ ᠪᠦᠬᠡ ᠶᠢᠨ ᠮᠠᠶ᠋ᠢᠭ ᠢᠶᠠᠷ ᠠᠷᠪᠠᠨ ᠵᠢᠷᠭᠤᠭ᠎ᠠ᠂ ᠭᠤᠴᠢᠨ ᠬᠤᠶᠠᠷ᠂ ᠬᠤᠶᠠᠷ ᠵᠠᠭᠤᠨ ᠲᠠᠪᠢᠨ ᠵᠢᠷᠭᠤᠭᠠᠨ ᠱᠠᠭ᠎ᠠ ᠭᠡᠷᠡᠭᠯᠡᠨ᠎ᠡ᠃ ᠱᠠᠭ᠎ᠠ ᠬᠠᠶᠠᠬᠤ ᠳᠠᠭᠠᠨ ᠵᠠᠪᠠᠯ ᠬᠤᠣᠰ ᠬᠤᠣᠰ ᠢᠶᠠᠷ ᠬᠠᠶᠠᠨ᠎ᠠ᠃ ᠲᠡᠭᠡᠭᠡᠳ ᠬᠡᠨ ᠤ ᠬᠢᠨᠢ ᠲᠡᠮᠲᠡᠭ ᠲᠠᠢ ᠱᠠᠭ᠎ᠠ ᠪᠤᠰᠪᠠᠯ ᠳᠠᠷᠤᠢ ᠨᠢᠭᠡ ᠶᠢ ᠳᠠᠪᠠᠭᠰᠠᠨ ᠢᠶᠠᠷ ᠪᠤᠳᠤᠵᠤ ᠲᠠᠬᠢᠵᠤ ᠬᠠᠶᠠᠨ᠎ᠠ᠃ ᠡᠨᠡ ᠮᠡᠲᠦ ᠪᠠᠷ ᠮᠣᠩᠭᠤᠯ ᠪᠦᠬᠡ ᠶᠢᠨ ᠨᠤᠭᠤᠯᠤᠯᠲᠠ ᠶᠢᠨ ᠶᠤᠰᠤᠭᠠᠷ ᠳᠡᠭᠡᠳᠦ ᠨᠠᠢᠮᠠ ᠶᠢ ᠰᠢᠯᠭᠠᠷᠠᠭᠤᠯᠵᠤ᠂ ᠡᠴᠦᠰ ᠲᠤᠨᠢ ᠲᠡᠷᠢᠭᠦᠨ ᠳᠡᠳ᠋ ᠢᠶᠠᠷ ᠢᠯᠭᠠᠵᠤ ᠨᠠᠭᠠᠳᠤᠮ ᠲᠡᠭᠦᠰᠭᠡᠳᠡᠭ ᠶᠤᠮ᠃ ᠡᠨᠡ ᠨᠠᠭᠠᠳᠤᠮ ᠳᠤ ᠰᠠᠶᠢᠨ ᠪᠦᠬᠡ ᠭᠡᠵᠦ ᠰᠠᠶᠢᠬᠠᠨ ᠵᠠᠰᠠᠭᠰᠠᠨ ᠱᠠᠭ᠎ᠠ ᠪᠠ ᠢᠳᠡᠰᠢᠨ ᠤ ᠪᠦᠬᠡ ᠭᠡᠵᠦ ᠵᠠᠰᠠᠭ᠎ᠠ ᠦᠭᠡᠢ ᠱᠠᠭ᠎ᠠ ᠤᠷᠤᠭᠤᠯᠵᠤ ᠨᠠᠭᠠᠳᠤᠨ᠎ᠠ᠃ ᠡᠭᠦᠨ ᠢ ᠭᠤᠣᠯᠳᠠᠭᠤ ᠬᠡᠦᠬᠡᠳ ᠪᠠᠭᠠᠴᠤᠳ ᠪᠣᠯᠣᠨ ᠵᠠᠯᠠᠭᠤᠴᠤᠳ ᠨᠠᠭᠠᠳᠬᠤ ᠪᠦᠭᠡᠳ ᠤᠪᠤᠭᠠᠨ ᠨᠠᠶᠢᠷ ᠬᠢᠵᠦ ᠪᠠᠶᠢᠨ᠎ᠠ ᠭᠡᠬᠦ ᠮᠡᠲᠦ ᠪᠠᠷ ᠨᠠᠭᠠᠳᠤᠮ ᠲᠤᠭᠯᠠᠭᠠᠮ ᠡᠭᠦᠰᠭᠡᠬᠦ ᠨᠢ ᠤᠯᠠᠨ ᠪᠤᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号