ᠰᠦᠨᠢᠳ ᠤᠨ ᠱᠠᠭ᠎ᠠ ᠨᠠᠭᠠᠳᠤᠮ — ᠭᠡᠬᠦᠦ ᠰᠠᠭᠠᠬᠤ | ᠭᠡᠬᠦᠦ ᠰᠠᠭᠠᠬᠤ ᠭᠡᠳᠡᠭ ᠪᠤᠯᠢ ᠬᠤᠶᠠᠷ ᠭᠤᠷᠪᠠᠨ ᠱᠠᠭ᠎ᠠ ᠶᠢ ᠪᠠᠷᠠᠭᠤᠨ ᠭᠠᠷ ᠢᠶᠠᠷ ᠢᠶᠠᠨ ᠳᠡᠭᠡᠭᠰᠢ ᠪᠠᠨ | ᠡᠭᠡᠯᠵᠢᠯᠡᠨ ᠬᠠᠶᠠᠵᠤ ᠠᠯᠳᠠᠯ ᠦᠭᠡᠢ ᠰᠤᠯᠪᠢᠴᠠᠭᠤᠯᠤᠨ ᠳᠤᠰᠤᠨ ᠠᠪᠬᠤ ᠨᠠᠭᠠᠳᠤᠮ ᠢ ᠭᠡᠯᠡᠨ᠎ᠡ᠃ ᠪᠤᠯᠪᠠᠰᠤᠷᠠᠩᠭᠤᠢ | ᠰᠠᠶᠢᠨ ᠨᠠᠭᠠᠳᠳᠠᠭ ᠬᠦᠮᠦᠨ ᠪᠣᠯ ᠠᠯᠳᠠᠯ ᠦᠭᠡᠢ ᠵᠠᠭᠤ ᠭᠠᠷᠤᠢ ᠤᠳᠠᠭ᠎ᠠ ᠲᠤᠰᠤᠨ ᠠᠪᠴᠤ ᠴᠤ ᠪᠤᠢ᠃ ᠪᠠᠰᠠ | ᠬᠤᠶᠠᠷ ᠭᠠᠷ ᠢᠶᠠᠷ ᠢᠶᠠᠨ ᠭᠤᠷᠪᠠᠨ ᠱᠠᠭ᠎ᠠ ᠶᠢ ᠰᠤᠯᠪᠢᠴᠠᠭᠤᠯᠤᠨ ᠰᠢᠳᠡᠵᠦ ᠬᠤᠭᠤᠷᠤᠨᠳᠤ ᠨᠢ ᠮᠦᠷᠭᠦᠯᠳᠦᠭᠦᠯᠬᠦ | ᠦᠭᠡᠢ ᠤᠯᠠᠨᠲᠠ ᠰᠢᠳᠡᠵᠦ ᠨᠠᠭᠠᠳᠬᠤ ᠴᠤ ᠪᠤᠢ᠃ ᠵᠠᠷᠢᠮ ᠭᠠᠵᠠᠷ ᠡᠨᠡ ᠨᠠᠭᠠᠳᠤᠮ ᠢ ᠤᠷᠤᠯᠳᠤᠵᠤ ᠨᠠᠭᠠᠳᠳᠠᠭ | ᠦᠭᠡᠢ ᠪᠠᠶᠢᠬᠤ ᠳᠤ ᠰᠦᠨᠢᠳ ᠲᠤ ᠬᠠᠷᠢᠨ ᠤᠷᠤᠯᠳᠤᠵᠤ ᠨᠠᠭᠠᠳᠳᠠᠭ᠃ | ᠰᠦᠨᠢᠳ ᠤᠨ ᠱᠠᠭ᠎ᠠ ᠨᠠᠭᠠᠳᠤᠮ — ᠬᠤᠨᠢ ᠬᠤᠯᠪᠤᠬᠤ | ᠡᠨᠡ ᠨᠠᠭᠠᠳᠤᠮ ᠢ ᠭᠤᠣᠯᠳᠠᠭᠤ ᠬᠡᠦᠬᠡᠳ ᠪᠠᠭᠠᠴᠤᠳ ᠨᠠᠭᠠᠳᠳᠠᠭ᠃ ᠬᠡᠦᠬᠡᠳ ᠤᠨ ᠨᠠᠭᠠᠳᠬᠤ ᠳᠠᠭᠠᠨ ᠤᠯᠠᠨ | ᠱᠠᠭ᠎ᠠ ᠶᠢ ᠬᠤᠨᠢᠨ ᠲᠠᠯ᠎ᠠ ᠪᠠᠷ ᠨᠢ ᠪᠤᠰᠬᠠᠭᠠᠳ ᠬᠤᠭᠤᠷᠤᠨᠳᠤ ᠨᠢ ᠮᠦᠷᠭᠦᠯᠳᠦᠭᠦᠯᠦᠨ ᠲᠠᠯᠪᠢᠵᠤ ᠬᠤᠨᠢ ᠰᠠᠭᠠᠵᠤ | ᠪᠠᠶᠢᠨ᠎ᠠ ᠭᠡᠵᠦ ᠬᠦᠭᠡᠷᠦᠯᠳᠦᠨ ᠨᠠᠭᠠᠳᠤᠨ᠎ᠠ᠃ | ᠡᠬᠡ ᠪᠤᠯᠤᠭᠰᠠᠨ ᠬᠦᠮᠦᠨ ᠬᠡᠦᠬᠡᠳ ᠲᠡᠭᠡᠨ ᠬᠠᠷ᠎ᠠ ᠪᠠᠭ᠎ᠠ ᠠᠴᠠ ᠨᠢ ᠠᠵᠢᠯ ᠰᠤᠷᠭᠠᠬᠤ ᠵᠤᠷᠢᠯᠭ᠎ᠠ ᠪᠠᠷ ᠬᠤᠨᠢ | ᠬᠤᠯᠪᠤᠨ ᠰᠠᠭᠠᠬᠤ ᠨᠠᠭᠠᠳᠤᠮ ᠨᠠᠭᠠᠳᠤᠭᠤᠯᠳᠠᠭ ᠠᠵᠠᠢ᠃ | ᠰᠦᠨᠢᠳ ᠤᠨ ᠱᠠᠭ᠎ᠠ ᠨᠠᠭᠠᠳᠤᠮ — ᠠᠶᠠᠨ ᠬᠢᠬᠦ | ᠬᠡᠦᠬᠡᠳ ᠤᠳ ᠠᠶᠠᠨ ᠬᠢᠵᠦ ᠨᠠᠭᠠᠳᠬᠤ ᠳᠠᠭᠠᠨ ᠤᠯᠠᠨ ᠱᠠᠭ᠎ᠠ ᠶᠢ ᠲᠡᠮᠡᠭᠡᠨ ᠲᠠᠯ᠎ᠠ ᠪᠠᠷ ᠨᠢ ᠪᠤᠰᠬᠠᠵᠤ | ᠴᠤᠪᠤᠷᠠᠭᠤᠯᠤᠨ ᠲᠠᠯᠪᠢᠭᠠᠳ ᠳᠡᠭᠡᠷ᠎ᠡ ᠨᠢ ᠮᠠᠯ ᠤᠨ ᠰᠢᠯᠪᠢ ᠶᠢᠨ ᠦᠵᠦᠭᠦᠷ ᠲᠠᠬᠢ ᠳᠦᠷᠪᠡᠯᠵᠢᠨ ᠵᠢᠵᠢᠭ ᠶᠠᠰᠤ ᠶᠢ | ᠰᠠᠯᠭᠠᠨ ᠠᠪᠴᠤ ᠤᠲᠠᠰᠤ ᠪᠠᠷ ᠬᠤᠯᠪᠤᠨ ᠠᠷᠭᠠᠯ ᠤᠨ ᠳᠦᠷᠪᠡᠯᠵᠢ ᠭᠡᠮᠡᠨ ᠲᠤᠬᠤᠭᠠᠳ ᠠᠶᠠᠨ ᠳᠤ ᠶᠠᠪᠤᠵᠤ ᠪᠠᠶᠢᠨ᠎ᠠ | ᠭᠡᠬᠦ ᠪᠣᠶᠤ ᠡᠰᠡᠭᠦᠯ᠎ᠡ ᠠᠷᠭᠠᠯ ᠬᠢᠬᠦ ᠡᠰᠡᠭᠦᠯ᠎ᠡ ᠠᠷᠭᠠᠯ ᠲᠡᠭᠦᠵᠦ ᠪᠠᠶᠢᠨ᠎ᠠ ᠭᠡᠵᠦ ᠨᠠᠭᠠᠳᠳᠠᠭ᠃ ᠡᠨᠡ ᠨᠢ ᠠᠶᠠᠨ ᠳᠤ | ᠬᠤᠯᠠ ᠶᠠᠪᠤᠭᠰᠠᠨ ᠬᠠᠶᠢᠷᠠᠲᠤ ᠡᠴᠢᠬᠡ ᠪᠤᠯᠤᠨ ᠬᠠᠮᠢᠶᠠᠲᠠᠨ ᠰᠠᠳᠤᠨ ᠢᠶᠠᠨ ᠮᠦᠷᠦᠭᠡᠳᠬᠦ ᠪᠠᠷ ᠭᠤᠣᠯ ᠠᠭᠤᠯᠭ᠎ᠠ | ᠪᠤᠯᠭᠠᠭᠰᠠᠨ ᠬᠡᠦᠬᠡᠳ ᠤᠨ ᠨᠠᠭᠠᠳᠤᠮ ᠪᠤᠯᠤᠨ᠎ᠠ᠃ | ᠰᠦᠨᠢᠳ ᠤᠨ ᠱᠠᠭ᠎ᠠ ᠨᠠᠭᠠᠳᠤᠮ — ᠠᠷᠪᠠᠨ ᠬᠤᠶᠠᠷ ᠵᠢᠯ ᠬᠠᠶᠠᠬᠤ | ᠡᠨᠡ ᠨᠠᠭᠠᠳᠤᠮ ᠢ ᠬᠡᠳᠦᠨ ᠬᠦᠮᠦᠨ ᠨᠠᠭᠠᠳᠤᠭᠰᠠᠨ ᠴᠤ ᠪᠦᠷ ᠪᠤᠯᠤᠨ᠎ᠠ᠃ ᠨᠠᠭᠠᠳᠬᠤ ᠳᠠᠭᠠᠨ ᠠᠷᠪᠠᠨ | ᠬᠤᠶᠠᠷ ᠱᠠᠭ᠎ᠠ ᠰᠢᠯᠢᠨ ᠠᠪᠴᠤ ᠬᠤᠯᠤᠭᠠᠨ᠎ᠠ ᠵᠢᠯ ᠠᠴᠠ ᠡᠬᠢᠯᠡᠨ ᠨᠢᠭᠡ ᠨᠢᠭᠡ ᠪᠠᠷ ᠠᠷᠪᠠᠨ ᠬᠤᠶᠠᠷ ᠤᠳᠠᠭ᠎ᠠ | ᠬᠠᠶᠠᠭᠠᠳ ᠮᠣᠷᠢ ᠪᠤᠰᠬᠠᠵᠤ ᠴᠢᠳᠠᠪᠠᠯ ᠠᠷᠪᠠᠨ ᠬᠤᠶᠠᠷ ᠵᠢᠯ ᠢ ᠪᠠᠭᠳᠠᠭᠠᠭᠰᠠᠨ ᠭᠡᠳ ᠱᠦᠭᠦᠵᠦ᠂ ᠪᠡᠯᠭᠡ ᠳᠡᠮᠪᠡᠷᠢᠯ | ᠲᠠᠢ ᠭᠡᠵᠦ ᠦᠵᠡᠨ᠎ᠡ᠃ ᠵᠢᠯ ᠤᠷᠤᠵᠤ ᠪᠠᠶᠢᠬᠤ ᠬᠦᠮᠦᠨ ᠵᠢᠯ ᠴᠠᠭᠠᠨ ᠰᠠᠷ᠎ᠠ ᠳᠤ ᠵᠠᠪᠠᠯ ᠠᠷᠪᠠᠨ ᠬᠤᠶᠠᠷ ᠵᠢᠯ | ᠬᠠᠶᠠᠵᠤ ᠨᠠᠭᠠᠳᠬᠤ ᠵᠠᠩᠰᠢᠯ ᠰᠦᠨᠢᠳ ᠨᠤᠲᠤᠭ ᠲᠤ ᠶᠡᠭᠡ ᠳᠡᠭᠡᠷ᠎ᠡ ᠦᠶ᠎ᠡ ᠠᠴᠠ ᠪᠠᠶᠢᠵᠠᠢ᠃ |