ᠨᠢᠬᠡ᠂ ᠪᠡᠷᠢ ᠭᠤᠶᠤᠬᠤ | ᠰᠦᠨᠢᠳ ᠮᠤᠩᠭᠤᠯ ᠤᠨ ᠤᠷᠤᠭ ᠬᠤᠷᠢᠮ ᠤᠨ ᠶᠤᠰᠤᠨ ᠳᠤ ᠬᠦᠪᠡᠬᠦᠨ ᠬᠡᠤᠬᠡᠨ ᠦᠪᠡᠷ ᠤᠨ ᠰᠠᠶᠢᠨ | ᠳᠤᠷ᠎ᠠ ᠠᠴᠠ ᠪᠠᠨ ᠰᠡᠳᠬᠢᠯ ᠲᠠᠭᠠᠷᠠᠭᠰᠠᠨ ᠢᠨᠠᠭ ᠠᠮᠠᠷᠠᠭ ᠢᠶᠠᠨ ᠡᠷᠢᠵᠤ ᠠᠶᠢᠯ ᠭᠡᠷ ᠪᠤᠯᠬᠤ ᠪᠢᠰᠢ᠂ ᠬᠠᠷᠢᠨ | ᠠᠪᠤ ᠡᠵᠢ ᠨᠢ ᠬᠦᠪᠡᠬᠦᠨ ᠳᠡᠭᠡᠨ ᠪᠡᠷᠢ ᠭᠤᠶᠤᠵᠤ ᠦᠭᠳᠡᠭ ᠪᠠᠶᠢᠵᠠᠢ᠃ ᠭᠡᠬᠦ ᠳᠡᠭᠡᠨ ᠤᠷᠢᠳ ᠢᠶᠠᠷ ᠲᠤᠰᠬᠠᠢ | ᠲᠦᠯᠭᠡᠴᠢ ᠵᠠᠯᠠᠨ᠂ ᠬᠦᠪᠡᠬᠦᠨ ᠤ ᠪᠠᠨ ᠵᠠᠶᠠᠭ᠎ᠠ ᠶᠢ ᠪᠤᠳᠤᠭᠤᠯᠵᠤ᠂ ᠶᠠᠮᠠᠷ ᠨᠢᠭᠡᠨ ᠠᠶᠢᠯ ᠤᠨ ᠦᠵᠡᠵᠤ | ᠲᠤᠭᠤᠭᠰᠠᠨ ᠬᠡᠤᠬᠡᠨ ᠲᠠᠢ ᠤᠷᠤᠭ ᠪᠤᠯᠬᠤ ᠢᠪᠡᠬᠡᠯ ᠲᠠᠢ ᠡᠰᠡᠬᠦ᠂ ᠵᠠᠶᠠᠭ᠎ᠠ ᠪᠤᠶᠠᠨ ᠬᠤᠪᠢ ᠢᠷᠦᠬᠡᠯ ᠨᠢ | ᠲᠠᠭᠠᠷᠠᠬᠤ ᠡᠰᠡᠬᠦ ᠶᠢ ᠪᠤᠳᠤᠭᠤᠯᠤᠨ᠎ᠠ᠃ ᠲᠦᠯᠭᠡᠴᠢ ᠠᠴᠠ ᠨᠠᠰᠤᠨ ᠤ ᠬᠤᠪᠢ ᠵᠠᠶᠠᠭ᠎ᠠ ᠲᠠᠢ ᠭᠡᠵᠤ ᠲᠦᠯᠭᠡᠳᠡᠪᠡᠯ | ᠳᠠᠷᠤᠢ ᠲᠤᠭᠤᠭᠰᠠᠨ ᠲᠡᠷᠡ ᠠᠶᠢᠯ ᠤᠨ ᠬᠡᠤᠬᠡᠨ ᠢ ᠬᠦᠪᠡᠬᠦᠨ ᠳᠡᠭᠡᠨ ᠬᠡᠯᠡᠯᠴᠡᠵᠤ ᠦᠭᠬᠦ ᠪᠠᠷ ᠵᠠᠭᠤᠴᠢ ᠵᠠᠷᠤᠨ᠎ᠠ᠃ | ᠵᠠᠭᠤᠴᠢ ᠬᠦᠮᠦᠨ ᠪᠤᠯ ᠲᠡᠷᠡ ᠨᠤᠲᠤᠭ ᠤᠰᠤᠨ ᠤ ᠲᠤᠮᠤᠭᠠᠲᠠᠨ ᠪᠠᠶᠢᠬᠤ ᠶᠤᠰᠤᠲᠠᠢ ᠪᠦᠬᠡᠳ ᠪᠠᠰᠠ ᠢᠪᠡᠬᠡᠯ ᠵᠢᠯ | ᠲᠠᠢ᠂ ᠲᠦᠷᠦᠯ ᠰᠠᠳᠤᠨ ᠪᠤᠰᠤ ᠬᠦᠮᠦᠨ ᠪᠠᠶᠢᠬᠤ ᠶᠤᠰᠤᠲᠠᠢ᠃ ᠬᠦᠪᠡᠬᠦᠨ ᠤ ᠠᠪᠤ ᠡᠵᠢ ᠨᠢ ᠵᠠᠭᠤᠴᠢ ᠪᠤᠯᠬᠤ | ᠬᠦᠮᠦᠨ ᠢ ᠭᠡᠷ ᠲᠡᠭᠡᠨ ᠵᠠᠯᠠᠵᠤ ᠬᠦᠨᠳᠦᠯᠡᠨ ᠵᠤᠴᠢᠯᠠᠬᠤ ᠶᠢᠨ ᠵᠠᠭᠤᠷ᠎ᠠ ︽ᠪᠢᠳᠡ ᠬᠦᠤ ᠶᠢᠨ ᠢᠶᠠᠨ ᠨᠢᠬᠡ ᠨᠠᠰᠤᠨ ᠤ | ᠶᠠᠪᠤᠳᠠᠯ ᠢ ᠲᠠᠨ ᠳᠤ ᠨᠠᠶᠢᠳᠠᠵᠤ᠂× × ᠤ ᠬᠡᠤᠬᠡᠨ ᠢ ᠭᠤᠶᠤᠬᠤ ᠰᠠᠨᠠᠭ᠎ᠠ ᠲᠠᠢ᠃ ᠡᠬᠦᠨ ᠳᠤ ᠨᠤᠲᠤᠭ ᠤᠨ | ᠲᠤᠮᠤᠭᠠᠲᠠᠨ ᠲᠠ ᠵᠠᠭᠤᠴᠢ ᠪᠤᠯᠬᠤ ᠬᠤᠪᠢ ᠲᠠᠪᠢᠯᠠᠩ ᠲᠠᠢ ᠶᠤᠮ ᠪᠠᠶᠢᠨ᠎ᠠ︾ ᠬᠡᠬᠦ ᠳᠤ᠂ ᠲᠡᠷᠡ ᠬᠦᠮᠦᠨ | ︽ᠬᠤᠪᠢ ᠤᠴᠠᠷᠠᠯ ᠡᠶᠢᠮᠤ ᠶᠤᠮ ᠴᠢᠨᠢ ᠬᠤᠳᠠ ᠬᠤᠳᠠᠭᠠᠢ ᠶᠢᠨ ᠬᠤᠭᠤᠷᠤᠨᠳᠤ ᠵᠠᠭᠤᠴᠢ ᠪᠤᠯᠤᠶ᠎ᠠ︾ ᠭᠡᠪᠡᠯ᠂ | ᠳᠠᠷᠤᠢ ᠪᠡᠯᠬᠡ ᠲᠠᠢ ᠰᠠᠶᠢᠨ ᠡᠳᠦᠷ ᠢ ᠰᠤᠩᠭᠤᠵᠤ ᠬᠡᠤᠬᠡᠨ ᠤ ᠭᠡᠷ ᠲᠤ ᠤᠴᠢᠭᠤᠯᠬᠤ ᠪᠤᠯᠤᠨ᠎ᠠ᠃ ᠬᠡᠬᠦ ᠳᠡᠭᠡᠨ | ᠴᠠᠭᠠᠨ ᠮᠤᠷᠢ ᠤᠨᠤᠵᠤ ︵ᠬᠦᠷᠡᠩ ᠬᠠᠯᠵᠠᠨ ᠮᠤᠷᠢ ᠶᠢ ᠴᠡᠭᠡᠷᠯᠡᠨ᠎ᠡ︶᠂ ᠪᠡᠯᠡᠭ ᠰᠡᠯᠳᠡ᠂ ᠰᠠᠶᠢᠨ ᠠᠷᠢᠬᠢ᠂ | ᠰᠠᠮᠪᠠᠢ ᠬᠠᠳᠠᠭ᠂ ᠪᠤᠪᠤ ︵ᠬᠠᠭᠠᠷᠢᠭᠰᠠᠨ ᠪᠤᠪᠤ︶ ᠪᠤᠭᠤᠷᠰᠤᠭ ᠵᠡᠷᠭᠡ ᠶᠢᠨ ᠭᠠᠷ ᠤᠨ ᠴᠠᠭᠠᠨ ᠪᠡᠯᠡᠭ ᠲᠠᠢ ᠬᠦᠷᠦᠨ᠎ᠡ᠃ | ᠲᠡᠭᠡᠭᠡᠳ ᠬᠡᠤᠬᠡᠨ ᠤ ᠠᠪᠤ ᠡᠵᠢ ᠲᠠᠢ ᠨᠢ ᠰᠠᠶᠢᠨ ᠰᠠᠶᠢᠬᠠᠨ ᠢᠶᠠᠨ ᠮᠡᠨᠳᠦᠴᠢᠯᠡᠭᠡᠳ ᠴᠠᠢ ᠤᠤᠭᠤᠵᠤ᠂ ᠨᠤᠲᠤᠭ | ᠤᠰᠤ᠂ ᠡᠪᠡᠰᠤ ᠪᠡᠯᠴᠢᠬᠡᠷ᠂ ᠮᠠᠯ ᠤᠨ ᠲᠠᠷᠭᠤ ᠬᠦᠴᠦ ᠵᠡᠷᠬᠡ ᠶᠢ ᠵᠤᠭᠤᠭᠳᠠᠵᠤ ᠰᠠᠭᠤᠬᠤ ᠶᠢᠨ ᠵᠠᠭᠤᠷ᠎ᠠ ᠢᠷᠡᠭᠰᠡᠨ | ᠤᠴᠢᠷ ᠢᠶᠠᠨ ᠭᠠᠷᠭᠠᠵᠤ ︽ᠰᠤᠷᠠᠵᠤ ᠪᠤᠯᠬᠤ ᠦᠬᠡᠢ ᠰᠤᠷᠠᠭ ᠢᠶᠠᠷ ᠡᠷᠢᠵᠤ ᠪᠤᠯᠬᠤ ᠦᠬᠡᠢ ᠡᠷᠢᠯ ᠢᠶᠠᠷ ᠶᠠᠪᠤᠵᠤ | ᠪᠤᠢ︾ ᠬᠡᠬᠦ ᠳᠤ ᠬᠡᠤᠬᠡᠨ ᠤ ᠠᠪᠤ ᠡᠵᠢ ᠵᠦᠪᠰᠢᠶᠡᠷᠡᠪᠡᠯ ︽ᠬᠤᠪᠢ ᠢᠷᠦᠬᠡᠯ ᠢᠶᠠᠷ ᠢᠶᠠᠨ ᠪᠤᠯᠤᠭ ᠡ︾ ᠭᠡᠵᠤ | ᠬᠡᠯᠡᠨ᠎ᠡ᠃ ᠢᠩᠭᠢᠪᠡᠯ ᠵᠠᠭᠤᠴᠢ ᠡᠪᠤᠷ ᠠᠴᠠ ᠪᠠᠨ ᠰᠠᠮᠪᠠᠢ ᠬᠠᠳᠠᠭ ᠢᠶᠠᠨ ᠭᠠᠷᠭᠠᠵᠤ ᠨᠦᠬᠦᠬᠡ ᠠᠪᠴᠢᠷᠠᠭᠰᠠᠨ ᠪᠡᠯᠡᠭ | ᠰᠡᠯᠳᠡ ᠪᠠᠨ ᠬᠡᠤᠬᠡᠨ ᠤ ᠠᠪᠤ ᠳᠤ ᠭᠠᠷᠳᠠᠭᠤᠯᠤᠨ ᠪᠠᠷᠢᠬᠤ ᠳᠤ ᠬᠡᠤᠬᠡᠨ ᠤ ᠠᠪᠤ ᠬᠠᠳᠠᠭ ᠢ ᠨᠢ ᠠᠪᠴᠤ ᠪᠤᠷᠬᠠᠨ ᠤ | ᠡᠮᠦᠨ᠎ᠡ ᠲᠠᠯᠪᠢᠵᠤ ᠬᠡᠷᠡᠭ ᠶᠠᠪᠤᠳᠠᠯ ᠪᠦᠲᠦᠭᠰᠡᠨ ᠢ ᠢᠯᠡᠳᠬᠡᠨ᠎ᠡ᠃ ᠬᠡᠷᠪᠡ ᠬᠡᠤᠬᠡᠨ ᠤ ᠠᠪᠤ ᠡᠵᠢ ᠵᠦᠪᠰᠢᠶᠡᠷᠡᠬᠦ | ᠦᠬᠡᠢ ᠪᠤᠯ ︽ᠮᠠᠨ ᠤ ᠬᠡᠤᠬᠡᠨ ᠠᠶᠢᠯ ᠤᠨ ᠲᠤᠭᠤᠭ᠎ᠠ ᠶᠢ ᠳᠠᠭᠠᠬᠤ ᠦᠬᠡᠢ ᠰᠢᠦ︾ ᠬᠡᠵᠦ ᠬᠡᠯᠡᠭᠡᠳ ᠵᠦᠪᠰᠢᠶᠡᠷᠡᠭᠦ | ᠦᠬᠡᠢ ᠪᠠᠶᠢᠭ᠎ᠠ ᠪᠠᠨ ᠮᠡᠳᠡᠭᠳᠡᠨ᠎ᠡ᠃ ᠬᠡᠷᠪᠡ ᠬᠡᠤᠬᠡᠨ ᠤ ᠠᠪᠤ ᠡᠵᠢ ᠵᠦᠪᠰᠢᠶᠡᠷᠡᠪᠡᠯ ᠳᠠᠷᠠᠭᠠᠴᠢ ᠶᠢᠨ ᠤᠴᠢᠷ | ᠶᠠᠪᠤᠳᠠᠯ ᠢ ᠨᠠᠷᠢᠨ ᠶᠠᠷᠢᠯᠴᠠᠵᠤ ᠲᠤᠭᠲᠠᠭᠠᠭᠠᠳ ᠵᠠᠭᠤᠴᠢ ᠳᠤ ᠭᠠᠷ ᠤᠨ ᠴᠠᠭᠠᠨ ᠪᠡᠯᠡᠭ ᠦᠭᠴᠦ ᠪᠤᠴᠠᠭᠠᠨ᠎ᠠ᠃ | ᠰᠦᠨᠢᠳ ᠮᠤᠩᠭᠤᠯᠴᠤᠳ ᠲᠤ ᠪᠠᠰᠠ ᠦᠨᠳᠡᠭᠡᠨ ᠰᠦᠢ ᠲᠠᠯᠪᠢᠬᠤ ᠵᠠᠩᠰᠢᠯ ᠪᠤᠢ᠃ ᠬᠦᠤ ᠬᠡᠤᠬᠡᠨ ᠤ | ᠠᠪᠤ ᠡᠵᠢ ᠬᠡᠤᠬᠡᠳ ᠢᠶᠠᠨ ᠨᠢᠯᠬ᠎ᠠ ᠪᠠᠯᠴᠢᠷ ᠪᠠᠶᠢᠬᠤ ᠪᠤᠶᠤ ᠨᠠᠰᠤᠨ ᠳᠤ ᠬᠦᠷᠦᠬᠡᠳᠦᠢ ᠦᠶ᠎ᠡ ᠳᠤ ᠦᠰᠦ ᠶᠢ ᠨᠢ | ᠬᠤᠯᠪᠤᠵᠤ᠂ ᠭᠠᠯ ᠭᠤᠯᠤᠮᠲᠠ ᠳᠠᠭᠠᠨ ᠮᠦᠷᠭᠦᠭᠦᠯᠵᠤ ᠦᠨᠳᠡᠭᠡᠨ ᠰᠦᠢ ᠲᠠᠯᠪᠢᠬᠤ ᠶᠤᠰᠤᠨ ᠢ ᠬᠦᠢᠴᠡᠳᠬᠡᠨ᠎ᠡ᠃ | ᠬᠡᠬᠦ ᠳᠡᠭᠡᠨ ᠭᠤᠤᠯᠳᠠᠭᠤ ᠨᠢᠬᠡ ᠲᠠᠯ᠎ᠠ ᠶᠢᠨ ᠬᠢᠨᠢ ᠬᠡᠤᠬᠡᠳ ᠶᠡᠭᠡ ᠡᠩᠭᠦᠷᠡᠢ ᠪᠤᠯ ᠡᠯᠢᠬᠡ ᠪᠦᠲᠦᠨ ᠲᠦᠷᠦᠯ ᠰᠠᠳᠤᠨ | ᠦᠯᠡᠮᠵᠢ ᠬᠦᠮᠦᠨ ᠤ ᠬᠡᠤᠬᠡᠳ ᠲᠠᠢ ᠦᠨᠳᠡᠬᠡᠨ ᠰᠦᠢ ᠲᠠᠯᠪᠢᠳᠠᠭ ᠪᠠᠶᠢᠨ᠎ᠠ᠃ ᠶᠡᠷᠤ ᠨᠢ ᠡᠪ ᠨᠠᠶᠢᠷᠲᠠᠢ ᠰᠠᠶᠢᠨ | ᠰᠠᠶᠢᠬᠠᠨ ᠶᠠᠪᠤᠯᠴᠠᠳᠠᠭ ᠬᠤᠶᠠᠷ ᠠᠶᠢᠯ ᠬᠠᠷᠢᠯᠴᠠᠨ ᠦᠨᠳᠡᠭᠡᠨ ᠰᠦᠢ ᠲᠠᠯᠪᠢᠳᠠᠭ ᠵᠠᠩᠰᠢᠯ ᠲᠠᠢ ᠪᠢᠯᠡ᠃ ᠬᠤᠵᠢᠮ | ᠬᠤᠶᠠᠷ ᠬᠡᠤᠬᠡᠳ ᠨᠠᠰᠤᠨ ᠳᠤ ᠬᠦᠷᠦᠭᠰᠡᠨ ᠦᠶᠡᠰ ᠲᠤ ᠬᠤᠷᠢᠮ ᠬᠢᠵᠤ ᠠᠶᠢᠯ ᠪᠤᠯᠭᠠᠨ᠎ᠠ᠃ ᠳᠤᠮᠳᠠ ᠠᠴᠠ ᠨᠢ | ᠵᠦᠷᠢᠴᠡᠵᠤ ᠤᠭᠲᠤ ᠪᠤᠯᠬᠤ ᠦᠬᠡᠢ᠃ | ᠬᠤᠶᠠᠷ᠂ ᠤᠷᠤᠭ ᠤᠨ ᠬᠠᠳᠠᠭ ᠲᠠᠯᠪᠢᠬᠤ | ᠬᠦᠤ ᠶᠢᠨ ᠲᠠᠯ᠎ᠠ ᠪᠡᠷᠢ ᠭᠤᠶᠤᠵᠤ ᠲᠤᠭᠲᠠᠭᠰᠠᠨ ᠤ ᠬᠤᠶᠢᠨ᠎ᠠ ᠡᠳᠦᠷ ᠤᠨ ᠰᠠᠶᠢᠨ ᠢ ᠰᠤᠩᠭᠤᠵᠤ ᠤᠷᠤᠭ ᠤᠨ | ᠬᠠᠳᠠᠭ ᠲᠠᠯᠪᠢᠬᠤ ᠶᠤᠰᠤ ᠶᠢ ᠬᠡᠤᠬᠡᠨ ᠤ ᠭᠡᠷ ᠲᠤ ᠬᠦᠢᠴᠡᠳᠬᠡᠨ᠎ᠡ᠃ ᠭᠡᠬᠦ ᠳᠡᠭᠡᠨ ᠢᠪᠡᠭᠡᠯ ᠵᠢᠯ ᠲᠠᠢ ᠨᠤᠲᠤᠭ ᠤᠨ | ᠲᠤᠮᠤᠭᠠᠲᠠᠨ ᠲᠡᠷᠢᠬᠦᠯᠡᠨ ᠲᠠᠬᠢᠯᠴᠢ ᠨᠢᠬᠡ ᠬᠦᠮᠦᠨ᠂ ᠪᠡᠯᠡᠭ ᠬᠦᠷᠬᠡᠭᠴᠢ ᠨᠢᠬᠡ ᠬᠦᠮᠦᠨ᠂ ᠠᠴᠢᠶ᠎ᠠ ᠬᠦᠲᠦᠯᠦᠭᠴᠢ | ᠨᠢᠬᠡ ᠬᠦᠮᠦᠨ᠂ ᠬᠦᠤ ᠶᠢᠨ ᠲᠠᠯ᠎ᠠ ᠶᠢᠨ ᠭᠤᠤᠯ ᠬᠤᠳᠠ ᠬᠤᠶᠠᠷ ᠬᠦᠮᠦᠨ ᠬᠢᠬᠡᠳ ᠳᠠᠭᠠᠯᠲᠠ ᠵᠡᠷᠭᠡ | ᠳᠤᠯᠤᠭ᠎ᠠ ᠠᠴᠠ ᠶᠢᠰᠦᠨ ᠬᠦᠮᠦᠨ ︵ᠦᠷᠦᠬᠡᠯ ᠲᠤᠭ᠎ᠠ ᠶᠢ ᠡᠷᠬᠢᠮᠯᠡᠨ᠎ᠡ︶ ᠤᠴᠢᠨ᠎ᠠ᠃ ᠤᠴᠢᠭᠰᠠᠨ ᠤ | ᠳᠠᠷᠠᠭ᠎ᠠ ᠴᠠᠭᠠᠨ ᠢᠳᠡᠭᠡ ᠠᠮᠰᠠᠵᠤ ᠴᠠᠢ ᠤᠤᠭᠤᠭᠰᠠᠨ ᠦᠶ᠎ᠡ ᠳᠤ ᠳᠠᠬᠢᠯᠴᠢ ᠠᠴᠠ ᠪᠤᠷᠬᠠᠨ ᠳᠤ ᠨᠢ ᠵᠤᠯᠠ | ᠬᠦᠵᠢ ᠪᠠᠷᠢᠵᠤ ᠬᠠᠳᠠᠭ ᠡᠷᠭᠦᠨ᠎ᠡ᠃ ᠵᠢᠴᠢ ᠲᠡᠷᠢᠭᠦᠯᠡᠨ ᠢᠷᠡᠭᠰᠡᠨ ᠲᠤᠮᠤᠭᠠᠲᠠᠨ ᠡᠪᠤᠷ ᠠᠴᠠ ᠪᠠᠨ ᠮᠦᠩᠬᠦᠨ | ᠠᠶᠠᠭ᠎ᠠ ᠭᠠᠷᠭᠠᠵᠤ ᠰᠠᠶᠢᠨ ᠠᠷᠢᠬᠢ ᠬᠡᠮᠨᠡᠵᠤ ᠤᠷᠲᠤ ᠠᠶᠤᠰᠢ ᠬᠠᠳᠠᠭ ᠳᠡᠭᠡᠷ᠎ᠡ ᠲᠠᠯᠪᠢᠭᠠᠳ ᠬᠡᠤᠬᠡᠨ ᠤ ᠠᠪᠤ | ᠡᠵᠢ ᠳᠤ ᠨᠢ ᠪᠠᠷᠢᠨ᠎ᠠ᠃ ᠬᠡᠤᠬᠡᠨ ᠤ ᠠᠪᠤ ᠡᠵᠢ ᠠᠷᠢᠬᠢ ᠬᠠᠳᠠᠭ ᠢ ᠲᠤᠰᠤᠨ ᠠᠪᠴᠤ ᠢᠳᠠᠮᠯᠠᠭᠠᠳ ᠠᠮᠰᠠᠵᠤ | ᠬᠠᠷᠢᠭᠤ ᠶᠤᠰᠤ ᠭᠦᠢᠴᠡᠳᠬᠡᠨ᠎ᠡ᠃ ᠡᠨᠡ ᠦᠶ᠎ᠡ ᠳᠤ ᠪᠡᠯᠡᠭ ᠬᠦᠷᠬᠡᠭᠴᠢ ᠠᠴᠠ ᠪᠦᠬᠦᠯᠢ ᠰᠢᠬᠦᠰᠦ᠂ ᠬᠠᠭᠠᠷᠢᠭᠰᠠᠨ | ᠪᠤᠪᠤ᠂ ᠠᠷᠢᠬᠢ ᠬᠠᠳᠠᠭ ᠲᠡᠷᠢᠭᠦᠲᠡᠨ ᠢ ᠡᠷᠭᠦᠨ ᠪᠠᠷᠢᠨ᠎ᠠ᠃ ᠲᠡᠭᠦᠨᠴᠢᠯᠡᠨ ᠬᠡᠤᠬᠡᠨ ᠤ ᠠᠪᠤ ᠳᠤ ᠨᠢ ᠲᠤᠷᠭᠠᠨ | ᠭᠠᠳᠠᠷ᠂ ᠳᠤᠷᠳᠤᠩ ᠪᠦᠰ᠂ ᠰᠠᠶᠢᠨ ᠠᠷᠢᠬᠢ᠂ ᠡᠵᠢ ᠳᠤ ᠨᠢ ᠲᠤᠷᠭᠠᠨ ᠭᠠᠳᠠᠷ᠂ ᠳᠤᠷᠳᠤᠩ ᠪᠦᠰ᠂ ᠠᠯᠴᠢᠭᠤᠷ | ᠵᠡᠷᠭᠡ ᠶᠢᠨ ᠭᠠᠷ ᠤᠨ ᠪᠡᠯᠡᠭ ᠦᠭᠬᠦᠨ᠎ᠡ᠃ ᠲᠡᠬᠦᠨ ᠤ ᠳᠠᠷᠠᠭ᠎ᠠ ᠬᠡᠤᠬᠡᠨ ᠤ ᠲᠠᠯ᠎ᠠ ᠠᠴᠠ ᠰᠢᠷᠡᠭᠡ ᠵᠠᠰᠠᠵᠤ ᠪᠦᠬᠦᠯᠢ | ᠰᠢᠭᠦᠰᠦ ᠦᠷᠦᠵᠤ᠂ ᠬᠦᠤ ᠶᠢᠨ ᠲᠠᠯ᠎ᠠ ᠶᠢᠨ ᠤᠷᠤᠭ ᠤᠨ ᠬᠠᠳᠠᠭ ᠡᠷᠭᠦᠭᠦ ᠬᠦᠮᠦᠰ ᠢ ᠵᠤᠴᠢᠯᠠᠵᠤ᠂ ᠬᠤᠶᠠᠷ | ᠬᠡᠤᠬᠡᠳ ᠤᠨ ᠬᠤᠷᠢᠮ᠂ ᠭᠡᠷ ᠤᠨ ᠶᠠᠪᠤᠳᠠᠯ ᠢ ᠶᠠᠷᠢᠯᠴᠠᠨ ᠲᠤᠭᠲᠠᠬᠤ ᠪᠤᠯᠤᠨ᠎ᠠ᠃ ᠭᠡᠭᠦ ᠳᠡᠭᠡᠨ ᠭᠤᠤᠯᠳᠠᠭᠤ ᠬᠤᠷᠢᠮ | ᠬᠢᠬᠦ ᠰᠠᠶᠢᠨ ᠡᠳᠦᠷ᠂ ᠰᠢᠨ᠎ᠡ ᠭᠡᠷ ᠤᠨ ᠡᠳ᠋ᠯᠡᠯ ᠬᠡᠷᠡᠭᠰᠡᠯ ᠡᠳ᠋ ᠠᠭᠤᠷᠰᠤᠨ᠂ ᠦᠮᠴᠢ ᠬᠦᠷᠦᠩᠭᠡ ᠪᠠ ᠬᠦᠤ ᠶᠢᠨ | ᠲᠠᠯ᠎ᠠ ᠠᠴᠠ ᠬᠡᠤᠬᠡᠨ ᠤ ᠲᠠᠯ᠎ᠠ ᠳᠤ ᠦᠭᠬᠦ ᠮᠠᠯ ᠮᠦᠩᠭᠦ᠂ ᠡᠳ᠋ ᠪᠠᠷᠠᠭ᠎ᠠ ᠵᠡᠷᠭᠡ ᠶᠢ ᠶᠠᠷᠢᠯᠴᠠᠨ ᠲᠤᠭᠲᠠᠭᠠᠨ᠎ᠠ᠃ | ᠢᠩᠭᠢᠵᠤ ᠶᠠᠷᠢᠯᠴᠠᠵᠤ ᠲᠤᠭᠲᠠᠭᠰᠠᠨ ᠤ ᠳᠠᠷᠠᠭ᠎ᠠ ᠨᠢᠬᠡ ᠵᠡᠷᠭᠡ ᠨᠠᠶᠢᠷᠠᠯᠳᠤᠭᠠᠳ ᠬᠦᠤ ᠶᠢᠨ ᠲᠠᠯ᠎ᠠ ᠶᠢᠨ ᠬᠢᠨ ᠶᠠᠪᠤᠬᠤ | ᠦᠶ᠎ᠡ ᠳᠤ ᠬᠡᠤᠬᠡᠨ ᠤ ᠲᠠᠯ᠎ᠠ ᠠᠴᠠ ᠲᠡᠳᠡᠨᠤᠰ ᠲᠤ ᠠᠯᠴᠢᠭᠤᠷ ᠬᠠᠳᠠᠭ ᠵᠡᠷᠭᠡ ᠶᠢᠨ ᠭᠠᠷ ᠤᠨ ᠴᠠᠭᠠᠨ ᠪᠡᠯᠡᠭ ᠢ | ᠲᠤᠰ ᠪᠦᠷᠢ ᠦᠭᠴᠦ ᠶᠠᠪᠤᠭᠤᠯᠳᠠᠭ ᠶᠤᠮ᠃ ᠤᠷᠤᠭ ᠤᠨ ᠬᠠᠳᠠᠭ ᠲᠠᠯᠪᠢᠬᠤ ᠬᠦᠮᠦᠰ ᠶᠠᠭ ᠮᠤᠷᠳᠠᠬᠤ ᠦᠶ᠎ᠡ ᠳᠤ | ᠬᠡᠤᠬᠡᠨ ᠤ ᠲᠠᠯ᠎ᠠ ᠶᠢᠨ ᠬᠢᠨ ᠪᠦᠷ ᠭᠡᠷ ᠠᠴᠠ ᠭᠠᠷᠴᠤ ᠢᠷᠡᠭᠡᠳ ᠦᠳᠡᠨ ᠮᠤᠷᠳᠠᠭᠤᠯᠳᠠᠭ᠃ ᠶᠡᠷᠤ ᠨᠢ ᠤᠷᠤᠭ ᠤᠨ | ᠬᠠᠳᠠᠭ ᠲᠠᠯᠪᠢᠭᠰᠠᠳ ᠬᠡᠤᠬᠡᠨ ᠤ ᠭᠡᠷ ᠲᠤ ᠬᠤᠨᠤᠭᠯᠠᠬᠤ ᠶᠤᠰᠤ ᠦᠬᠡᠢ ᠪᠢᠯᠡ᠃ | | | | |