| ᠪᠦᠬᠦᠯᠢ ᠬᠤᠨᠢᠨ ᠰᠢᠭᠦᠰᠤ ᠪᠤᠯ ᠬᠦᠨᠳᠦᠳᠦ ᠵᠤᠴᠢᠨ ᠳᠠᠶᠢᠯᠠᠵᠤ ᠵᠤᠴᠢᠯᠠᠬᠤ ᠳᠤ ᠵᠤᠷᠢᠭᠤᠯᠤᠭᠳᠠᠭᠰᠠᠨ | ᠬᠠᠮᠤᠭ ᠳᠡᠭᠡᠳᠤ ᠬᠦᠨᠳᠦᠳᠬᠡᠯ ᠤᠨ ᠢᠳᠡᠬᠡᠨ ᠪᠤᠯᠤᠨ᠎ᠠ᠃ | ᠪᠦᠬᠦᠯᠢ ᠰᠢᠬᠦᠰᠦ ᠨᠢ ᠲᠤᠯᠤᠭᠠᠢ᠂ ᠰᠡᠭᠡᠷ᠂ ᠬᠤᠶᠠᠷ ᠬᠠ᠂ ᠤᠭᠤᠴᠠ᠂ ᠬᠤᠶᠠᠷ ᠭᠤᠶ᠎ᠠ ᠪᠠᠷ | ᠪᠦᠷᠢᠯᠳᠦᠨ᠎ᠡ᠃ ᠪᠦᠬᠦᠯᠢ ᠰᠢᠬᠦᠰᠦᠨ ᠳᠤ ᠬᠦᠵᠦᠬᠦᠤ᠂ ᠡᠪᠴᠢᠬᠦᠤ᠂ ᠭᠡᠳᠡᠰᠤ ᠳᠤᠲᠤᠷ ᠤᠷᠤᠭᠤᠯᠬᠤ ᠦᠬᠡᠢ᠃ | ᠡᠳᠡᠭᠡᠷ ᠮᠢᠬ᠎ᠠ ᠪᠠᠨ ᠴᠢᠨᠠᠵᠤ ᠪᠦᠳᠦᠬᠦᠨ ᠭᠠᠤᠯᠢᠨ ᠴᠠᠷ᠎ᠠ ᠪᠤᠶᠤ ᠮᠤᠳᠤᠨ ᠳᠡᠪᠰᠢ ᠳᠤ ᠠᠮᠢᠳᠤ ᠬᠤᠨᠢᠨ ᠤ | ᠪᠠᠶᠢᠷᠢᠰᠢᠯ ᠢᠶᠠᠷ ᠦᠷᠦᠵᠤ ᠵᠠᠰᠠᠨ᠎ᠠ᠃ ᠡᠮᠦᠨ᠎ᠡ ᠨᠢ ᠬᠤᠶᠠᠷ ᠬᠠ᠂ ᠠᠷᠤ ᠳᠤ ᠨᠢ ᠬᠤᠶᠠᠷ ᠭᠤᠶ᠎ᠠ᠂ ᠳᠤᠮᠳᠠ ᠨᠢ | ᠰᠡᠭᠡᠷ ᠤᠷᠤᠭᠤᠯᠵᠤ᠂ ᠳᠡᠭᠡᠷ᠎ᠡ ᠨᠢ ᠤᠭᠤᠴᠠ ᠶᠢ ᠨᠢ ᠳᠤᠷᠤᠭᠰᠢ ᠬᠦᠮᠦᠷᠴᠦ ᠲᠠᠯᠪᠢᠭᠠᠳ ᠳᠠᠬᠢᠨ ᠳᠡᠭᠡᠷ᠎ᠡ ᠨᠢ | ᠲᠤᠯᠤᠭᠠᠢ ᠶᠢ ᠨᠢ ᠲᠠᠯᠪᠢᠵᠤ᠂ ᠬᠠᠪᠲᠠᠭᠠᠢ ᠦᠷᠦᠮ᠎ᠡ᠂ ᠰᠢᠷ᠎ᠠ ᠲᠤᠰᠤ ᠲᠠᠯᠪᠢᠬᠤ ᠪᠦᠭᠡᠳ ᠳᠦᠷᠪᠡᠨ ᠮᠦᠴᠢ ᠶᠢᠨ | ᠦᠶ᠎ᠡ ᠪᠤᠯᠭᠠᠨ ᠳᠤ ᠦᠷᠦᠮ᠎ᠡ ᠲᠠᠯᠪᠢᠵᠤ ᠵᠠᠰᠠᠨ᠎ᠠ᠃ | ᠰᠢᠬᠦᠰᠦ ᠶᠢ ᠬᠦᠨᠳᠦᠳᠦ ᠵᠤᠴᠢᠨ ᠤ ᠭᠤᠤᠯ ᠰᠢᠷᠡᠭᠡᠨ ᠳᠤ ᠤᠷᠤᠭᠤᠯᠤᠨ᠎ᠠ᠃ ᠰᠢᠬᠦᠰᠦ ᠶᠢ ᠬᠤᠶᠠᠷ ᠬᠦᠮᠦᠨ | ᠳᠠᠮᠨᠠᠵᠤ᠂ ᠪᠦᠬᠦᠯᠢ ᠰᠢᠬᠦᠰᠦᠨ ᠤ ᠲᠤᠯᠤᠭᠠᠢ ᠪᠠᠷ ᠨᠢ ᠡᠬᠦᠳᠡ ᠤᠷᠤᠭᠤᠯᠬᠤ ᠶᠤᠰᠤᠲᠠᠢ᠃ ᠸᠠᠩ ᠨᠤᠶᠠᠨ ᠳᠤ | ᠰᠢᠭᠦᠰᠦ ᠤᠷᠤᠭᠤᠯᠬᠤ ᠳᠤ ᠤᠯᠠᠭᠠᠨ ᠦᠩᠭᠡ ᠲᠠᠢ ᠲᠤᠷᠭ᠎ᠠ ᠪᠤᠶᠤ ᠳᠤᠷᠳᠤᠩ ᠢᠶᠠᠷ ᠪᠦᠲᠡᠬᠡᠵᠤ ᠤᠷᠤᠭᠤᠯᠤᠨ᠎ᠠ᠃ | ᠭᠡᠭᠡᠨ ᠬᠤᠪᠢᠯᠭᠠᠨ ᠪᠠ ᠶᠡᠬᠡᠰ ᠯᠠᠮᠠ ᠨᠠᠷ ᠲᠤ ᠬᠠᠳᠠᠭ ᠤᠨᠵᠢᠭᠤᠯᠤᠨ ᠳᠤᠬᠤᠵᠤ ᠤᠷᠤᠭᠤᠯᠬᠤ ᠵᠡᠷᠭᠡ ᠶᠢᠨ ᠨᠠᠷᠢᠨ | ᠢᠯᠭᠠᠭ᠎ᠠ ᠲᠠᠢ᠃ ᠪᠦᠬᠦᠯᠢ ᠰᠢᠬᠦᠰᠦ ᠪᠠᠨ ᠵᠤᠴᠢᠨ ᠤ ᠡᠮᠦᠨ᠎ᠡ ᠶᠤᠰᠤᠴᠢᠯᠠᠨ ᠵᠠᠰᠠᠭᠠᠳ ᠰᠢᠬᠦᠰᠦ ᠬᠦᠨᠳᠡᠬᠦ ᠬᠦᠮᠦᠨ | ᠪᠤᠶᠤ ᠢᠷᠦᠬᠡᠯᠴᠢ ᠠᠴᠠ ᠰᠢᠬᠦᠰᠤ ᠳᠡᠭᠡᠳᠤᠯᠡᠬᠦ ᠢᠷᠦᠬᠡᠯ ᠬᠡᠯᠡᠨ᠎ᠡ᠃ | ᠰᠢᠬᠦᠰᠦ ᠪᠠᠷᠢᠬᠤ ︵ᠳᠡᠭᠡᠳᠦᠯᠡᠬᠦ ᠶᠤᠰᠤ︶ ᠶᠤᠰᠤᠨ ᠪᠤᠯ ᠰᠢᠬᠦᠰᠦ ᠲᠠᠯᠪᠢᠬᠤ ᠬᠦᠮᠦᠨ ᠤ ᠪᠠᠨ ᠡᠮᠦᠨ᠎ᠡ | ᠰᠢᠷᠡᠭᠡᠨ ᠳᠡᠭᠡᠷ᠎ᠡ ᠳᠡᠪᠰᠢ ᠲᠠᠢ ᠰᠢᠬᠦᠰᠦ ᠪᠠᠨ ᠲᠤᠯᠤᠭᠠᠢ ᠶᠢ ᠨᠢ ᠵᠤᠴᠢᠨ ᠤᠷᠤᠭᠤ ᠪᠠᠨ ᠬᠠᠨᠳᠤᠭᠤᠯᠤᠨ | ᠲᠠᠯᠪᠢᠨ᠎ᠠ᠃ ᠵᠤᠴᠢᠨ ᠬᠦᠮᠦᠨ ᠨᠢ ᠰᠢᠬᠦᠰᠦ ᠳᠡᠭᠡᠷᠡᠬᠢ ᠴᠠᠭᠠᠨ ᠢᠳᠡᠭᠡ ᠠᠴᠠ ᠨᠢ ᠠᠮᠰᠠᠵᠤ᠂ ᠤᠭᠤᠴᠠ ᠶᠢᠨ | ᠬᠠᠵᠠᠭᠤ ᠠᠴᠠ ᠨᠢ ᠪᠠᠭ᠎ᠠ ᠦᠬᠡᠬᠦᠯᠡᠨ ᠠᠪᠤᠭᠠᠳ ᠭᠠᠯ ᠲᠡᠭᠷᠢ ᠳᠤ ᠡᠷᠬᠦᠬᠡᠳ ᠳᠠᠷᠠᠭ᠎ᠠ ᠨᠢ ᠦᠪᠡᠷ ᠢᠶᠠᠨ ᠠᠮᠰᠠᠵᠤ᠂ | ᠳᠡᠷᠭᠡᠳᠡ ᠨᠢ ᠠᠬᠠᠮᠠᠳ ᠨᠠᠰᠤᠲᠠᠢ ᠬᠦᠮᠦᠨ ᠪᠠᠶᠢᠪᠠᠯ ᠲᠠᠯ᠎ᠠ ᠦᠭᠴᠦ ᠠᠮᠰᠠᠭᠤᠯᠤᠨ ᠰᠢᠭᠦᠰᠦ ᠠᠮᠰᠠᠭᠰᠠᠨ ᠢᠶᠠᠨ | ᠮᠡᠳᠡᠭᠳᠡᠨ᠎ᠡ᠃ | ᠢᠩᠭᠢᠭᠡᠳ ᠰᠢᠬᠦᠰᠦ ᠲᠠᠯᠪᠢᠭᠰᠠᠨ ᠬᠦᠮᠦᠨ ᠨᠢ ᠦᠪᠡᠷ ᠢᠶᠠᠨ ᠬᠢᠲᠤᠭ᠎ᠠ ᠪᠠᠨ ᠭᠠᠷᠭᠠᠵᠤ ᠰᠢᠭᠦᠰᠦ ᠶᠢ | ᠬᠦᠨᠳᠡᠵᠤ᠂ ᠰᠡᠭᠦᠯ ᠢ ᠨᠢ ᠤᠭᠲᠤᠯᠤᠨ ᠠᠪᠴᠤ ᠪᠤᠷᠬᠠᠨ ᠳᠤ ᠨᠢ ᠲᠠᠯᠪᠢᠵᠤ᠂ ᠲᠤᠯᠤᠭᠠᠢ ᠶᠢ ᠨᠢ ᠴᠠᠷ᠎ᠠ ᠳᠤ | ᠬᠢᠵᠤ ᠪᠤᠷᠬᠠᠨ ᠤ ᠠᠪᠳᠠᠷ᠎ᠠ ᠳᠡᠭᠡᠷ᠎ᠡ ᠲᠠᠯᠪᠢᠵᠤ᠂ ᠤᠭᠤᠴᠠ ᠶᠢ ᠨᠢ ᠵᠦᠪ ᠲᠠᠯ᠎ᠠ ᠠᠴᠠ ᠨᠢ ᠲᠠᠯᠠᠯᠠᠵᠤ ᠬᠤᠶᠠᠷ | ᠬᠠᠵᠠᠭᠤ ᠪᠠᠷ ᠨᠢ ᠵᠦᠷᠢᠬᠦᠯᠦᠨ ᠲᠠᠯᠪᠢᠬᠤ ᠪᠦᠬᠡᠳ ᠬᠠ ᠭᠤᠶ᠎ᠠ ᠶᠢᠨ ᠦᠶ᠎ᠡ ᠶᠢ ᠬᠦᠨᠳᠡᠵᠤ ᠤᠷᠬᠢᠨ᠎ᠠ᠃ ᠸᠠᠩ | ᠨᠤᠶᠠᠳ ᠤᠨ ᠡᠮᠦᠨᠡᠬᠢ ᠰᠢᠭᠦᠰᠦᠨ ᠤ ᠲᠤᠯᠤᠭᠠᠢ ᠶᠢ ᠪᠠᠷᠠᠭᠤᠨ ᠬᠤᠶᠢᠲᠦ ᠠᠪᠳᠠᠷ᠎ᠠ ᠳᠡᠭᠡᠷ᠎ᠡ ᠲᠠᠯᠪᠢᠵᠤ ᠦᠭᠳᠡᠭ᠃ | ᠢᠩᠭᠢᠵᠤ ᠬᠦᠨᠳᠡᠭᠰᠡᠨ ᠤ ᠰᠡᠭᠦᠯᠡᠷ ᠵᠤᠴᠢᠨ ᠰᠢᠬᠦᠰᠦ ᠠᠮᠰᠠ ᠭᠡᠵᠤ ᠬᠡᠯᠡᠪᠡᠯ ᠰᠠᠶ᠋ᠢ ᠪᠤᠴᠠᠭᠠᠨ ᠠᠪᠴᠢᠷᠠᠭᠠᠳ | ᠮᠦᠴᠢᠯᠡᠨ ᠡᠪᠳᠡᠵᠤ᠂ ᠳᠠᠬᠢᠵᠤ ᠰᠠᠶᠢᠲᠤᠷ ᠴᠢᠨᠠᠵᠤ ᠪᠤᠯᠭᠤᠭᠠᠳ ᠶᠡᠭᠡ ᠦᠷᠦᠬᠡᠯ᠂ ᠪᠠᠭ᠎ᠠ ᠦᠷᠦᠬᠡᠯ ᠭᠡᠵᠤ ᠬᠤᠶᠠᠷ | ᠶᠠᠩᠵᠤ ᠪᠠᠷ ᠰᠢᠭᠦᠰᠦ ᠵᠠᠰᠠᠵᠤ ᠵᠤᠴᠢᠨ ᠳᠤ ᠠᠪᠴᠢᠷᠠᠨ ᠦᠭᠴᠦ ᠢᠳᠡᠭᠦᠯᠦᠨ᠎ᠡ᠃ ᠶᠡᠭᠡ ᠦᠷᠦᠬᠡᠯ ᠰᠢᠭᠦᠰᠦᠨ ᠳᠤ | ᠨᠢᠬᠡ ᠬᠠ᠂ ᠨᠢᠬᠡ ᠭᠤᠶ᠎ᠠ᠂ ᠰᠡᠭᠡᠷ᠂ ᠤᠭᠤᠴᠠ᠂ ᠲᠤᠯᠤᠭᠠᠢ ᠤᠷᠤᠬᠤ ᠶᠤᠰᠤᠲᠠᠢ᠃ ᠪᠠᠭ᠎ᠠ ᠦᠷᠦᠭᠡᠯ | ᠰᠢᠬᠦᠰᠦᠨ ᠳᠤ ᠰᠡᠭᠡᠷ᠂ ᠱᠠᠭᠠᠨᠲᠤ᠂ ᠳᠦᠷᠪᠡᠨ ᠦᠨᠳᠦᠷ᠂ ᠤᠭᠤᠴᠠ ᠤᠷᠤᠬᠤ ᠶᠤᠰᠤᠲᠠᠢ᠃ ᠬᠦᠮᠦᠨ ᠤ ᠬᠢᠨᠢ | ᠤᠯᠠᠨ ᠴᠦᠬᠡᠨ᠂ ᠵᠡᠷᠭᠡ ᠬᠡᠷᠬᠡᠮ ᠤᠨ ᠬᠢᠨᠢ ᠶᠡᠭᠡ ᠪᠠᠭ᠎ᠠ ᠶᠢ ᠦᠵᠡᠵᠤ ᠶᠡᠭᠡ ᠦᠷᠦᠬᠡᠯ ᠪᠤᠶᠤ ᠪᠠᠭ᠎ᠠ ᠦᠷᠦᠬᠡᠯ | ᠰᠢᠬᠦᠰᠦ ᠵᠠᠰᠠᠵᠤ᠂ ᠮᠦᠴᠢᠯᠡᠨ ᠲᠠᠯᠪᠢᠵᠤ ᠦᠭᠬᠦᠭᠡᠳ ᠵᠤᠴᠢᠨ ᠢᠶᠠᠨ ᠳᠠᠶᠢᠯᠠᠵᠤ ᠤᠯᠠᠨ ᠢᠶᠠᠷ ᠰᠢᠭᠦᠰᠦ ᠢᠳᠡᠳᠡᠭ | ᠵᠠᠩᠰᠢᠯ ᠲᠠᠢ᠃ ᠲᠤᠰᠠᠯᠠᠭᠴᠢ ᠠᠴᠠ ᠳᠡᠭᠡᠭᠰᠢ ᠬᠡᠷᠬᠡᠮ ᠲᠠᠢ ᠪᠤᠯ ᠶᠡᠭᠡ ᠦᠷᠦᠬᠡᠯ ᠲᠠᠯᠪᠢᠵᠤ᠂ ᠲᠡᠭᠦᠨ ᠠᠴᠠ ᠪᠠᠭ᠎ᠠ | ᠬᠡᠷᠬᠡᠮᠲᠡᠨ ᠳᠤ ᠪᠠᠭ᠎ᠠ ᠦᠷᠦᠬᠡᠯ ᠲᠠᠯᠪᠢᠳᠠᠭ ᠶᠤᠰᠤ ᠭᠤᠷᠢᠮ ᠲᠠᠢ ᠶᠤᠮ᠃ | ᠰᠢᠭᠦᠰᠦ ᠬᠦᠨᠳᠡᠵᠤ ᠳᠠᠬᠢᠵᠤ ᠤᠷᠤᠭᠤᠯᠬᠤ ᠳᠤ ᠶᠡᠭᠡ ᠦᠷᠦᠬᠡᠯ᠂ ᠪᠠᠭ᠎ᠠ ᠦᠷᠦᠬᠡᠯ ᠠᠴᠠ ᠭᠠᠳᠠᠨ᠎ᠠ ᠶᠢᠰᠤᠨ | ᠴᠠᠭᠠᠨ ᠰᠢᠭᠦᠰᠦ᠂ ᠭᠤᠷᠪᠠᠨ ᠴᠠᠭᠠᠨ ᠰᠢᠬᠦᠰᠦ ᠬᠡᠵᠤ ᠪᠠᠶᠢᠳᠠᠭ᠃ ᠵᠤᠴᠢᠨ ᠤᠯᠠᠨ ᠪᠤᠯ ᠰᠢᠭᠦᠰᠦ ᠶᠢ ᠮᠦᠴᠢᠯᠡᠨ | ᠶᠢᠰᠤᠨ ᠴᠠᠷ᠎ᠠ ᠳᠤ ᠲᠤᠭ᠎ᠠ ᠡᠷᠡᠮᠪᠠ ᠲᠠᠢ ᠶᠰᠤᠨ ᠬᠤᠪᠢ ᠬᠤᠪᠢᠶᠠᠨ ᠬᠤᠪᠢᠳᠠᠵᠤ᠂ ᠭᠤᠤᠯ ᠵᠤᠴᠢᠨ ᠤ ᠡᠮᠦᠨ᠎ᠡ | ᠲᠤᠯᠤᠭᠠᠢ᠂ ᠰᠡᠭᠦᠯ᠂ ᠱᠠᠭᠠᠨᠲᠤ᠂ ᠳᠠᠭᠠᠯᠲᠠ ᠮᠢᠬ᠎ᠠ ᠲᠠᠢ ᠨᠢᠬᠡ ᠴᠠᠷ᠎ᠠ ᠭᠡᠬᠦ ᠮᠡᠲᠦ ᠤᠷᠤᠭᠤᠯᠵᠤ ᠤᠯᠠᠨ ᠢᠶᠠᠷ ᠢᠶᠠᠨ | ᠢᠳᠡᠳᠡᠭ᠃ ᠶᠢᠰᠤᠨ ᠴᠠᠭᠠᠨ ᠰᠢᠬᠦᠰᠦ ᠵᠠᠰᠠᠬᠤ ᠳᠤ ᠡᠪᠴᠢᠬᠦᠤ᠂ ᠬᠦᠵᠦᠬᠦᠤ᠂ ᠵᠢᠷᠭᠤᠭᠠᠨ ᠪᠤᠭᠤᠨᠢ᠂ ᠬᠠᠷᠢᠲᠤ᠂ | ᠪᠤᠭᠲᠤᠰ ᠵᠡᠷᠭᠡ ᠮᠦᠴᠢ ᠤᠷᠤᠵᠤ ᠪᠤᠯᠬᠤ ᠦᠬᠡᠢ᠃ | | | | |