ᠪᠣᠷᠣᠭᠤ ᠬᠦᠯᠢᠶᠡᠬᠦ ᠨᠢ ᠨᠢᠭᠡ ᠶᠣᠰᠣᠨ ᠤ ᠪᠣᠯᠪᠠᠰᠤᠨ ᠰᠤᠷᠲᠠᠯ ᠪᠣᠯᠬᠤ ᠶᠤᠮ ᠃ ᠪᠣᠷᠤᠭᠤ ᠬᠦᠯᠢᠶᠡᠬᠦ ᠨᠢ | ᠪᠣᠷᠤᠭᠤ ᠪᠠᠨ ᠮᠡᠳᠡᠷᠡᠵᠦ ᠪᠠᠶᠢᠭ᠎ᠠ ᠶᠢᠨ ᠢᠯᠡᠷᠡᠯ ᠂ ᠪᠣᠷᠤᠭᠤ ᠪᠠᠨ ᠪᠤᠳᠠᠲᠠᠢ ᠵᠠᠯᠠᠷᠠᠭᠤᠯᠬᠤ ᠶᠢᠨ ᠤᠷᠢᠳᠠᠯ ᠪᠣᠯᠬᠤ | ᠶᠤᠮ ᠃ ᠪᠣᠷᠤᠭᠤ ᠬᠦᠯᠢᠶᠡᠬᠦ ᠨᠢ ᠥᠪᠡᠷ ᠪᠡᠶ᠎ᠡ ᠪᠠᠨ ᠬᠦᠨᠳᠦᠦᠨᠬᠡᠨ ᠥᠷᠦᠭᠡᠯ ᠪᠣᠰᠣᠤᠨ ᠤᠨ ᠢᠲᠡᠭᠡᠯ ᠢ ᠣᠯᠵᠤ᠂ | ᠨᠥᠬᠦᠷᠯᠡᠯ ᠢ ᠪᠠᠳᠤᠣᠨᠬᠠᠬᠤ ᠳᠤ ᠠᠰᠢᠬᠲᠠᠢ ᠂ ᠠᠵᠢᠯ ᠤᠢᠢᠯᠡᠰ ᠤᠨ ᠠᠮᠵᠢᠯᠲᠠ᠂ ᠠᠳᠠᠯ ᠠᠮᠢᠳᠤᠷᠠᠯ ᠤᠨ | ᠳᠡᠭᠡᠭᠰᠢᠯᠡᠯᠲᠡ ᠳᠤ ᠳᠤᠰᠠᠲᠠᠢ ᠪᠠᠶᠢᠳᠠᠭ ︽ᠪᠤᠷᠬᠠᠨ ᠪᠠᠰᠠ ᠭᠤᠷᠪᠠᠨ ᠪᠤᠷᠤᠭᠤ ᠲᠠᠢ ︾ ᠭᠡᠰᠡᠨ ᠦᠭᠡ ᠪᠠᠶᠢᠳᠠᠭ ᠃ | ᠡᠨᠡ ᠨᠢ ᠳᠠᠷᠤᠢ ᠠᠯᠳᠠᠭ᠎ᠠ ᠪᠤᠷᠤᠭᠤ ᠭᠠᠷᠭᠠᠬᠤ ᠦᠭᠡᠢ ᠬᠦᠮᠦᠨ ᠭᠡᠵᠤ ᠦᠭᠡᠢ ᠭᠡᠰᠡᠨ ᠦᠭᠡ ᠪᠠᠶᠢᠭ᠎ᠠ ᠃ | ᠡᠶᠢᠨ ᠬᠦ ᠠᠭᠤᠤ ᠬᠦᠮᠦᠨ ᠵᠸᠦ ᠶᠡᠷᠦᠩᠬᠡᠢ ᠰᠠᠶᠢᠳ ︽ᠡᠯᠳᠠᠭᠠ ᠪᠤᠷᠤᠭᠤ ᠭᠠᠷᠭᠠᠬᠤ ᠠᠴᠠ ᠠᠶᠤᠬᠤ ᠦᠭᠡᠢ ᠂ | ᠭᠠᠭᠴᠠ ᠬᠦ ᠬᠠᠯᠠᠵᠤ ᠵᠠᠯᠠᠷᠠᠭᠤᠯᠬᠤ ᠦᠭᠡᠢ ᠠᠴᠠ ᠠᠶᠤᠨ᠎ᠠ ︾ ᠭᠡᠵᠦ ᠥᠭᠦᠯᠡᠭᠰᠡᠨ ᠪᠠᠶᠢᠳᠠᠭ ᠃ ᠡᠨᠡ ᠪᠣᠯ ᠳᠠᠷᠤᠢ | ᠠᠯᠳᠠᠭ᠎ᠠ ᠪᠤᠷᠤᠭᠤ ᠪᠠᠨ ᠬᠠᠯᠠᠨ ᠵᠠᠯᠠᠷᠠᠭᠤᠯᠵᠤ ᠪᠤᠷᠤᠭᠤ ᠬᠦᠯᠢᠶᠡᠬᠦ ᠶᠢ ᠬᠦᠰᠡᠨ ᠱᠠᠭᠠᠷᠳᠠᠬᠰᠠᠨ ᠮᠥᠩᠬᠡ ᠶᠢᠨ | ᠰᠤᠷᠭᠠᠯ ᠪᠣᠯᠬᠤ ᠶᠤᠮ ᠃ ᠮᠠᠨ ᠤ ᠨᠠᠮ ᠤᠨ ᠭᠤᠷᠪᠠᠨ ᠶᠡᠭᠡ ᠰᠤᠷᠲᠠᠯ ᠤᠨ ᠨᠢᠭᠡ ᠪᠣᠯᠬᠤ ᠥᠪᠡᠷ ᠤᠨ ᠰᠢᠭᠦᠮᠵᠢᠯᠡᠯ | ᠬᠢᠬᠦ ᠪᠣᠯ ᠳᠠᠷᠤᠢ ᠪᠤᠷᠤᠭᠤ ᠬᠦᠯᠢᠶᠡᠬᠦ ᠶᠢ ᠡᠷᠬᠢᠮᠯᠡᠭᠰᠡᠨ᠂ ᠠᠯᠳᠠᠭ᠎ᠠ ᠪᠤᠷᠤᠭᠤ ᠭᠠᠷᠭᠠᠬᠤ ᠶᠢ ᠬᠤᠷᠢᠬᠯᠠᠬᠰᠠᠨ ᠨᠠᠨᠲᠢᠨ | ᠵᠦᠢᠯ ᠨᠢᠮᠪᠠᠢ ᠬᠢᠳᠡᠯ ᠪᠣᠯᠤᠨ᠎ᠠ ᠃ ︽ᠪᠣᠷᠤᠭᠠᠨ ᠠᠷᠢᠯᠪᠠᠯ ᠲᠡᠭᠷᠢ ᠴᠡᠯᠮᠡᠭᠰᠢᠨ᠎ᠡ ᠂ ᠪᠤᠷᠤᠭᠤ ᠪᠠᠨ ᠳᠡᠪᠴᠢᠪᠡᠯ ᠬᠦᠮᠦᠨ | ᠤᠬᠠᠭᠠᠷᠠᠨ᠎ᠠ︾ ᠂ ︽ᠪᠤᠷᠤᠭᠤ ᠶᠠᠭᠤᠮ᠎ᠠ ᠶᠢ ᠪᠣᠤ ᠥᠮᠦᠭᠯᠡ ᠂ ᠪᠣᠰᠣᠤᠨ ᠤᠨ ᠶᠠᠭᠤᠮ᠎ᠠ ᠳᠤ ᠪᠣᠤ ᠰᠢᠨᠤ ︾ ᠬᠡᠬᠦ | ᠮᠡᠳᠥ ᠶᠢᠨ ᠵᠦᠢᠷ ᠰᠡᠴᠡᠨ ᠦᠭᠡᠰ ᠨᠢ ᠴᠦᠮ ᠪᠤᠷᠤᠭᠤ ᠬᠦᠯᠢᠶᠡᠬᠦ ᠶᠢ ᠵᠣᠷᠢᠵᠤ ᠪᠤᠷᠤᠭᠤ ᠪᠠᠨ ᠬᠠᠯᠠᠵᠤ ᠪᠤᠷᠤᠭᠤ | ᠭᠠᠷᠭᠠᠬᠤ ᠦᠭᠡᠢ ᠶᠢ ᠬᠦᠰᠡᠮᠵᠢᠯᠡᠭᠰᠡᠨ ᠪᠠᠶᠢᠳᠠᠭ ᠃ ︽ᠪᠣᠰᠣᠤᠨ ᠲᠠᠢ ᠠᠭᠤᠯᠵᠠᠬᠤ ᠳᠤ ᠤᠷᠢᠳ ᠢᠶᠠᠷ | ᠮᠡᠨᠳᠦᠴᠢᠯᠡᠨ᠎ᠡ ᠂ ᠪᠣᠰᠣᠤᠨ ᠤᠨ ᠬᠠᠪᠰᠤᠷᠤᠯᠭ᠎ᠠ ᠳᠡᠮᠵᠢᠯᠭᠡ ᠶᠢ ᠬᠦᠷᠲᠡᠭᠰᠡᠨ ᠪᠣᠯ ᠪᠠᠶᠠᠷᠯᠠᠵᠤ ᠲᠠᠯᠠᠷᠬᠠᠬᠰᠠᠨ | ᠰᠡᠦᠨᠬᠢᠯᠭᠡ ᠪᠠᠨ ᠢᠯᠡᠦᠨᠬᠡᠬᠦ ᠬᠡᠷᠡᠭᠲᠡᠢ ᠂ ᠪᠣᠰᠣᠤᠨ ᠲᠤ ᠶᠠᠷᠰᠢᠭ ᠲᠥᠪᠡᠭ ᠤᠴᠠᠷᠠᠭᠤᠯᠤᠬᠰᠠᠨ ᠪᠣᠯ ᠪᠤᠷᠤᠭᠤ | ᠬᠦᠯᠢᠶᠡᠬᠦ ᠬᠡᠷᠡᠭᠲᠡᠢ ︾ ᠭᠡᠰᠡᠨ ᠰᠤᠷᠭᠠᠯ ᠦᠭᠡ ᠪᠠᠶᠢᠳᠠᠭ ᠃ ᠡᠶᠢᠨ ᠬᠦ ᠪᠤᠷᠤᠭᠤ ᠬᠦᠯᠢᠶᠡᠬᠦ ᠶᠢ ᠬᠠᠷᠠᠬᠠᠨ | ᠪᠠᠭ᠎ᠠ ᠠᠴᠠ ᠨᠢ ᠰᠤᠷᠭᠠᠬᠤ ᠠᠨᠤ ᠬᠦᠮᠦᠨ ᠪᠣᠯᠣᠨ ᠬᠦᠮᠦᠵᠢᠭᠳᠡᠬᠦ ᠳᠤ ᠲᠤᠩ ᠠᠰᠢᠬᠲᠠᠢ ᠪᠠᠶᠢᠵᠤ ᠲᠠᠭᠠᠷᠠᠨ᠎ᠠ ᠃ | ᠪᠣᠷᠤᠭᠤ ᠬᠦᠯᠢᠶᠡᠬᠦ ᠪᠤᠯᠪᠠᠰᠤᠨ ᠰᠤᠷᠲᠠᠯ ᠢ ᠡᠷᠬᠢᠮᠯᠡᠰᠦᠭᠡᠢ ︕ |