ᠵᠠᠭᠳᠠᠰᠦ᠋ᠷᠦᠩ᠂ ᠮᠤᠩᠭᠤᠯ ᠦᠨᠳᠦᠰᠦᠲᠡᠨ᠂ ᠠᠯᠳᠠᠷᠲᠤ ᠤᠷᠲᠤ ᠶᠢᠨ ᠳᠠᠭᠤᠴᠢᠨ᠂ ᠤᠯᠤᠰ ᠤᠨ | ᠨᠢᠭᠡᠳᠤᠭᠡᠷ ᠳᠡᠰ ᠤᠨ ᠲᠤᠭᠯᠠᠭᠴᠢ᠂ ᠳᠤᠮᠳᠠᠳᠤ ᠤᠯᠤᠰ ᠤᠨ ᠳᠠᠭᠤᠤ ᠬᠦᠭᠵᠢᠮᠴᠢᠳ ᠤᠨ ᠨᠡᠶᠢᠭᠡᠮᠯᠢᠭ ᠤᠨ | ᠬᠡᠰᠢᠬᠦᠨ᠂ ᠤᠯᠤᠰ ᠤᠨ ᠳᠡᠰ ᠤᠨ ᠤᠷᠲᠤ ᠶᠢᠨ ᠳᠠᠭᠤᠤ ᠶᠢᠨ ᠦᠪᠯᠡᠨ ᠤᠯᠠᠮᠵᠢᠯᠠᠭᠴᠢ᠂ ᠰᠢᠯᠢ ᠶᠢᠨ ᠭᠤᠤᠯ | ᠠᠶᠢᠮᠠᠭ ᠤᠨ ᠰᠦᠨᠢᠳ ᠵᠡᠬᠦᠨ ᠬᠤᠰᠢᠭᠤᠨ ᠤ ᠳᠠᠯᠠᠢ ᠰᠤᠮᠤ ᠶᠢᠨ ᠪᠠᠶ᠋ᠬᠠᠷᠳᠡᠨᠢ ᠭᠠᠴᠠᠭ᠎ᠠ ᠪᠠᠷ ᠨᠤᠲᠤᠭ ᠲᠠᠢ᠃ | ᠵᠠᠭᠳᠠᠰᠦ᠋ᠷᠦᠩ ᠬᠠᠷᠠᠬᠠᠨ ᠪᠠᠭ᠎ᠠ ᠠᠴᠠ ᠪᠠᠨ ᠤᠷᠲᠤ ᠶᠢᠨ ᠳᠠᠭᠤᠤ ᠳᠤ ᠤᠷᠮ᠎ᠠ ᠪᠠᠬ᠎ᠠ ᠲᠠᠢ᠂ ᠲᠤᠮᠤᠴᠤᠤᠯ ᠤᠨ | ᠨᠠᠶᠢᠷᠯᠠᠨ ᠳᠠᠭᠤᠯᠠᠬᠤ ᠶᠢ ᠶᠡᠬᠡᠳᠡ ᠰᠤᠨᠢᠷᠬᠠᠨ᠂ ᠨᠤᠲᠤᠭ ᠤᠨ ᠢᠶᠠᠨ ᠠᠷᠢᠭᠤᠨ ᠰᠤᠶᠤᠯ ᠠᠴᠠ ᠰᠢᠮ᠎ᠡ ᠬᠦᠷᠲᠡᠵᠤ᠂ | 1974 ᠤᠨ ᠳᠤ ᠤᠯᠠᠭᠠᠨᠮᠦ᠋ᠴᠢᠷ ᠤᠨ ᠳᠠᠭᠤᠴᠢᠨ ᠢᠶᠠᠷ ᠡᠯᠰᠡᠭᠳᠡᠭᠰᠡᠨ ᠠᠴᠠ ᠵᠢᠩᠭᠢᠨᠢ ᠪᠠᠷ ᠤᠷᠠᠯᠢᠭ ᠤᠨ ᠵᠠᠨᠮ | ᠢᠶᠠᠨ ᠡᠯᠭᠦᠵᠤ᠂ 1976 ᠤᠨ ᠳᠤ ᠤᠷᠲᠤ ᠶᠢᠨ ᠳᠠᠭᠤᠤ ᠶᠢᠨ ᠳᠠᠷᠬᠠᠨ ᠳᠠᠭᠤᠴᠢᠨ ᠵᠠᠭᠤᠨᠠᠰᠤᠲᠤ᠂ ᠯᠾᠠᠵᠠᠪ | ᠵᠡᠷᠭᠡ ᠪᠠᠭᠰᠢ ᠳᠤ ᠱᠠᠪᠢᠯᠠᠵᠤ᠂ ᠤᠷᠲᠤ ᠶᠢᠨ ᠳᠠᠭᠤᠤ ᠰᠤᠷᠴᠤ ᠡᠬᠢᠯᠡᠪᠡ᠃ 1988 ᠤᠨ ᠳᠤ ︽ᠵᠢᠷᠭᠤᠳᠤᠭᠠᠷ | ᠬᠤᠭᠤᠴᠠᠭᠠᠨ ᠤ ᠤᠮᠠᠷᠠᠲᠤ ᠤᠷᠤᠨ ᠤ ᠤᠷᠠᠯᠢᠭ ᠤᠨ ᠨᠠᠶᠢᠷ ︿ᠬᠠᠢ ᠡᠾᠧ ᠶᠢᠨ ᠬᠠᠪᠤᠷ﹀ ᠤᠨ ᠵᠠᠯᠠᠭᠤᠴᠤᠳ ᠤᠨ | ᠳᠠᠭᠤᠨ ᠤ ᠤᠷᠤᠯᠳᠣᠭᠠᠨ︾ ᠳᠤ ᠦᠨᠳᠦᠰᠦᠲᠡᠨ ᠤ ᠳᠠᠭᠤᠯᠠᠯᠲᠠ ᠶᠢᠨ ᠲᠤᠭᠤᠶᠢᠯᠠᠩ ᠤᠨ ᠬᠤᠶᠠᠳᠤᠭᠠᠷ ᠳᠡᠰ᠂ | 1990 ᠤᠨ ᠤ ︽︿ᠲᠠᠪᠤᠨ ᠲᠢᠪ ᠬᠤᠨᠳᠠᠭᠠᠲᠤ﹀ ᠳᠦᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠵᠠᠯᠠᠭᠤ | ᠳᠠᠭᠤᠴᠢᠳ ᠤᠨ ᠲᠧᠯᠸᠢᠰ ᠱᠠᠩᠨᠠᠯᠲᠤ ᠤᠷᠤᠯᠳᠤᠭᠠᠨ︾ ᠤ ︽ᠴᠡᠬᠡᠨ ᠭᠦᠰᠢᠬᠡᠨ ᠱᠠᠩᠨᠠᠯ︾᠂ 1992 | ᠤᠨ ᠳᠤ ︽ᠪᠦᠬᠦ ᠤᠷᠤᠨ ᠤ ᠬᠤᠶᠠᠳᠤᠭᠠᠷ ᠬᠤᠭᠤᠴᠠᠭᠠᠨ ᠤ ᠮᠤᠩᠭᠤᠯ ᠳᠠᠭᠤᠴᠢᠳ ᠤᠨ ᠲᠧᠯᠸᠢᠰ ᠱᠠᠩᠨᠠᠯᠲᠤ | ᠤᠷᠤᠯᠳᠤᠭᠠᠨ︾ ᠤ ᠤᠷᠲᠤ ᠶᠢᠨ ᠳᠠᠭᠤᠤ ᠶᠢᠨ ᠮᠡᠷᠭᠡᠵᠢᠯ ᠤᠨ ᠳᠤᠭᠤᠶᠢᠯᠠᠩ ᠤᠨ ᠬᠤᠶᠠᠳᠤᠭᠠᠷ ᠨᠡᠷᠡᠰ᠂ 2004 | ᠤᠨ ᠳᠤ ᠲᠦᠪ ᠤᠨ ᠲᠧᠯᠸᠢᠰ ᠬᠤᠷᠢᠶᠠᠨ ᠠᠴᠠ ᠡᠷᠬᠢᠯᠡᠨ ᠶᠠᠪᠤᠭᠳᠠᠭᠤᠯᠤᠭᠰᠠᠨ ︽CCTV ᠪᠠᠷᠠᠭᠤᠨ ᠤᠷᠤᠨ ᠤ | ᠠᠷᠠᠳ ᠤᠨ ᠳᠠᠭᠤᠤ ᠶᠢᠨ ᠲᠧᠯᠸᠢᠰ ᠱᠠᠩᠨᠠᠯᠲᠤ ᠤᠷᠤᠯᠳᠤᠭᠠᠨ︾ ᠤ ︽ᠰᠤᠳᠤᠨ ᠳᠠᠭᠤᠴᠢᠨ ᠤ ᠲᠤᠰᠬᠠᠢ ᠪᠠᠶᠢᠷᠢ | ᠶᠢᠨ ᠱᠠᠩᠨᠠᠯ︾᠂ ︽ᠭᠤᠴᠤᠯᠠᠯ ᠳᠠᠭᠤᠤ ᠶᠢᠨ ᠳᠤᠭᠤᠶᠢᠯᠠᠩ ᠤᠨ ᠠᠯᠲᠠᠨ ᠮᠧᠳᠠᠯ︾ ᠪᠠ ᠢᠵᠠᠭᠤᠷ ᠤᠯᠠᠨ | ᠮᠦᠷᠲᠦ ᠴᠤᠭᠤᠷ ᠤᠨ ᠳᠠᠭᠤᠤ ᠶᠢᠨ ᠠᠯᠲᠠᠨ ᠮᠧᠳᠠᠯ ᠵᠡᠷᠭᠡ ᠤᠷᠤᠨ ᠤᠯᠤᠰ ᠤᠨ ᠬᠡᠪᠴᠢᠶᠡᠨ ᠤ ᠤᠯᠠᠨ ᠰᠠᠶᠢᠬᠠᠨ | ᠱᠠᠩᠨᠠᠯ ᠲᠤᠰᠴᠤ ᠪᠠᠶᠢᠵᠠᠢ᠃ | ᠵᠠᠭᠳᠠᠰᠦ᠋ᠷᠦᠩ ᠭᠤᠸᠠᠢ 1994 ᠤᠨ ᠠᠴᠠ ᠤᠷᠲᠤ ᠶᠢᠨ ᠳᠠᠭᠤᠤ ᠶᠢᠨ ᠵᠢᠭᠠᠨ ᠰᠤᠷᠭᠠᠯᠲᠠ ᠶᠢᠨ | ᠠᠶᠠᠨ ᠢᠶᠠᠨ ᠡᠬᠢᠯᠡᠬᠦᠯᠦᠨ᠂ 2004 ᠤᠨ ᠳᠤ ᠳᠡᠳᠮ᠎ᠠ ᠤᠷᠠᠯᠢᠭ ᠤᠨ ᠰᠤᠷᠭᠠᠭᠤᠯᠢ ᠳᠤ ᠤᠷᠲᠤ ᠶᠢᠨ | ᠳᠠᠭᠤᠤ ᠶᠢᠨ ᠪᠠᠭᠰᠢ ᠪᠠᠷ ᠤᠷᠢᠭᠳᠠᠨ ᠪᠠᠭᠰᠢᠯᠠᠵᠤ᠂ ᠪᠠᠶᠠᠷ᠂ ᠨᠠᠶᠢᠷᠠᠮᠳᠠᠯ᠂ ᠰᠡᠴᠡᠨᠴᠢᠮᠡᠭ᠂ ᠬᠠᠳᠠᠨᠴᠡᠴᠡᠭ᠂ | ᠪᠦᠷᠢᠨᠵᠢᠷᠭᠠᠯ᠂ ᠮᠦᠩᠭᠦᠨᠴᠡᠴᠡᠭ᠂ ᠡᠷᠳᠡᠨᠢᠪᠢᠯᠢᠭ ᠵᠡᠷᠭᠡ ᠤᠷᠠᠯᠢᠭ ᠤᠨ ᠹᠷᠤᠨᠲ ᠤᠨ ᠵᠠᠯᠠᠭᠤ ᠳᠠᠭᠤᠴᠢᠳ ᠢ | ᠬᠦᠮᠦᠵᠢᠬᠦᠯᠦᠨ ᠦᠨᠦᠳᠦᠷ ᠪᠤᠯᠲᠠᠯ᠎ᠠ 200 ᠭᠠᠷᠤᠢ ᠱᠠᠪᠢ ᠲᠠᠢ ᠪᠤᠯᠵᠠᠢ᠃ 2014 ᠤᠨ ᠠᠴᠠ ᠡᠬᠢᠯᠡᠨ ᠦᠪᠦᠷ | ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠳᠡᠭᠡᠳᠤ ᠰᠤᠷᠭᠠᠭᠤᠯᠢ ᠶᠢᠨ ᠰᠢᠯᠢ ᠶᠢᠨ ᠭᠤᠤᠯ ᠤᠨ ᠠᠷᠠᠳ | ᠤᠨ ᠳᠠᠭᠤᠤ ᠶᠢᠨ ᠤᠯᠠᠮᠵᠢᠯᠠᠯ ᠤᠨ ᠠᠩᠭᠢ ᠶᠢᠨ ᠵᠢᠯᠤᠭᠤᠳᠤᠭᠴᠢ ᠪᠠᠭᠰᠢ ᠪᠠᠷ ᠠᠵᠢᠯᠯᠠᠵᠤ᠂ ᠰᠤᠷᠤᠭᠴᠢᠳ ᠲᠤ ᠪᠠᠨ | ᠰᠢᠯᠢ ᠶᠢᠨ ᠭᠤᠤᠯ ᠤᠨ ᠬᠡᠪ ᠨᠠᠮᠪᠠᠭᠠᠲᠤ ᠤᠷᠲᠤ ᠶᠢᠨ ᠳᠠᠭᠤᠤ ᠶᠢ ᠰᠢᠰᠲ᠋ᠧᠮ ᠲᠠᠢ ᠤᠯᠠᠮᠵᠢᠯᠠᠨ ᠵᠢᠭᠠᠭᠰᠠᠨ | ᠮᠦᠷᠲᠡᠬᠡᠨ ᠮᠠᠰᠢ ᠤᠯᠠᠨ ᠨᠢᠭᠡᠨᠲᠡ ᠮᠠᠷᠲᠠᠭᠲᠠᠵᠤ ᠤᠷᠬᠢᠭᠳᠠᠭᠰᠠᠨ ᠤᠷᠲᠤ ᠶᠢᠨ ᠳᠠᠭᠤᠤ ᠨᠤᠭᠤᠳ ᠢ ᠰᠤᠷᠤᠭᠴᠢᠳ | ᠲᠤ ᠪᠠᠨ ᠵᠠᠯᠭᠠᠮᠵᠢᠯᠠᠵᠤ ᠰᠡᠷᠭᠦᠭᠡᠨ ᠳᠠᠭᠤᠯᠠᠭᠤᠯᠵᠤ ᠪᠠᠶᠢᠨ᠎ᠠ᠃ ᠨᠠᠢᠮᠠᠨ ᠮᠤᠵᠢ ᠤᠷᠤᠨ᠂ ᠠᠶᠢᠮᠠᠭ ᠬᠤᠲᠠ ᠶᠢᠨ | ᠤᠷᠲᠤ ᠶᠢᠨ ᠳᠠᠭᠤᠤ ᠶᠢᠨ ᠤᠷᠤᠯᠳᠤᠭᠠᠨ ᠳᠤ ᠮᠠᠰᠢ ᠤᠯᠠᠨ ᠤᠳᠠᠭ᠎ᠠ ᠬᠢᠨᠠᠭᠴᠢ ᠪᠠᠷ ᠠᠵᠢᠯᠯᠠᠵᠤ᠂ ᠵᠠᠯᠠᠭᠤ ᠨᠢᠬᠡ | ᠦᠶ᠎ᠡ ᠶᠢᠨ ᠤᠷᠠᠯᠢᠭᠴᠢᠳ ᠲᠠᠭᠠᠨ ᠰᠠᠨᠠᠯ ᠵᠦᠪᠯᠡᠯᠭᠡ ᠪᠠᠨ ᠦᠭᠴᠦ ᠪᠠᠶᠢᠯ᠎ᠠ᠃ 2006 ᠤᠨ ᠳᠤ ᠳᠤᠮᠳᠠᠳᠤ | ᠤᠯᠤᠰ ᠤᠨ ᠳᠠᠭᠤᠤ ᠬᠦᠭᠵᠢᠮ ᠤᠨ ᠳᠡᠭᠡᠳᠤ ᠰᠤᠷᠭᠠᠭᠤᠯᠢ ᠳᠤ ᠴᠤᠭᠤᠷ ᠤᠨ ᠳᠠᠭᠤᠤ ᠶᠢᠨ ᠲᠤᠰᠬᠠᠢ ᠲᠤᠭᠯᠠᠯᠲᠠ | ᠭᠠᠷᠭᠠᠵᠤ᠂ ᠯᠾᠠᠵᠠᠪ ᠱᠠᠨᠵᠢᠮᠢᠳᠤᠪ ᠨᠠᠷ ᠤᠨ ᠳᠠᠭᠤᠯᠠᠵᠤ ᠰᠢᠩᠭᠡᠭᠡᠭᠰᠡᠨ ᠴᠤᠭᠤᠷ ᠤᠨ ᠳᠠᠭᠤᠤ ᠶᠢ ᠬᠠᠭᠠᠰ ᠵᠠᠭᠤᠨ | ᠤ ᠳᠠᠷᠠᠭ᠎ᠠ ᠠᠩᠬᠠᠳᠤᠭᠠᠷ ᠤᠳᠠᠭ᠎ᠠ ᠤᠷᠠᠯᠢᠭ ᠤᠨ ᠲᠠᠶᠢᠰᠠᠨ᠎ᠠ ᠪᠦᠬᠦᠨ ᠢ ᠰᠡᠷᠭᠦᠭᠡᠨ ᠳᠠᠭᠤᠯᠠᠵᠤ ᠴᠤᠭᠤᠷ ᠳᠠᠭᠤᠤ | ᠶᠢᠨ ᠢᠯᠡᠷᠡᠬᠦᠯᠦᠯᠲᠡ ᠤᠯᠠᠮᠵᠢᠯᠠᠯ ᠬᠢᠭᠡᠳ ᠬᠠᠮᠠᠭᠠᠯᠠᠯᠲᠠ ᠳᠤ ᠠᠯᠤᠰ ᠬᠡᠳᠤ ᠶᠢᠨ ᠬᠤᠪᠢ ᠨᠡᠮᠡᠷᠢ ᠦᠵᠡᠬᠦᠯᠵᠡᠢ᠃ | ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠬᠡᠢ ᠭᠡᠳᠡᠭ ᠢᠶᠠᠷ᠂ ᠰᠢᠨᠲᠠᠷᠠᠰᠢ ᠦᠬᠡᠢ ᠵᠤᠷᠢᠭ ᠰᠢᠷᠭᠠᠭᠤ | ᠴᠢᠷᠮᠠᠶᠢᠯᠭ᠎ᠠ ᠪᠠᠷ ᠢᠶᠠᠨ ᠳᠠᠮᠵᠢᠨ ᠰᠦᠨᠢᠳ ᠠᠷᠠᠳ ᠤᠨ ᠤᠷᠲᠤ ᠶᠢᠨ ᠳᠠᠭᠤᠤ ᠶᠢᠨ ᠢᠷᠠᠭᠤ ᠤᠶᠠᠩᠭᠠᠯᠢᠭ ᠬᠡᠪ | ᠨᠠᠮᠪᠠ᠂ ᠠᠪᠠᠭ᠎ᠠ ᠠᠪᠠᠭ᠋ᠠᠨᠠᠷ ᠤᠨ ᠤᠷᠲᠤ ᠶᠢᠨ ᠳᠠᠭᠤᠤ ᠶᠢᠨ ᠤᠷᠠᠨ ᠨᠠᠷᠢᠯᠢᠭ ᠭᠤᠸ᠎ᠠ ᠡᠷᠬᠢᠮᠰᠦᠭ᠂ ᠦᠵᠮᠦᠴᠢᠨ | ᠠᠷᠠᠳ ᠤᠨ ᠳᠠᠭᠤᠤ ᠶᠢᠨ ᠭᠡᠭᠡᠨᠴᠢᠷ ᠰᠠᠶᠢᠬᠠᠨ ᠠᠭᠤᠵᠢᠮ ᠴᠢᠯᠦᠬᠡᠲᠡᠢ ᠤᠨᠴᠠᠯᠢᠭ ᠢ ᠲᠡᠭᠦᠯᠳᠡᠷ ᠰᠢᠩᠭᠡᠭᠡᠨ᠂ | ᠭᠤᠴᠤ ᠦᠪᠡᠷᠮᠢᠴᠡ ᠳᠠᠭᠤᠯᠠᠯᠲᠠ ᠶᠢᠨ ᠬᠡᠪ ᠨᠠᠮᠪᠠ ᠶᠢ ᠪᠦᠷᠢᠯᠳᠦᠬᠦᠯᠵᠤ᠂ ᠮᠤᠩᠭᠤᠯ ᠦᠨᠳᠦᠰᠦᠲᠡᠨ ᠤ ᠤᠷᠲᠤ | ᠶᠢᠨ ᠳᠠᠭᠤᠤ ᠶᠢᠨ ᠰᠢᠯᠢ ᠶᠢᠨ ᠭᠤᠤᠯ ᠤᠷᠤᠰᠬᠠᠯ ᠪᠦᠯᠦᠭ ᠤᠨ ᠤᠳᠤ ᠦᠶ᠎ᠡ ᠶᠢᠨ ᠬᠠᠮᠤᠭ ᠤᠨ ᠰᠢᠯᠭᠠᠷᠠᠭᠰᠠᠨ | ᠲᠦᠯᠦᠬᠡᠯᠡᠭᠴᠢ ᠶᠢᠨ ᠨᠢᠬᠡ ᠪᠤᠯᠤᠭᠰᠠᠨ ᠮᠦᠷᠲᠡᠬᠡᠨ᠂ ᠬᠤᠶᠠᠷ ᠵᠠᠭᠤ ᠭᠠᠷᠤᠢ ᠮᠤᠩᠭᠤᠯ ᠦᠨᠳᠦᠰᠦᠲᠡᠨ ᠤ ᠤᠷᠲᠤ | ᠶᠢᠨ ᠳᠠᠭᠤᠤ ᠶᠢ ᠦᠪᠯᠡᠨ᠂ ᠵᠠᠯᠠᠭᠤ ᠬᠤᠶᠢᠴᠢᠰ ᠳᠠᠭᠠᠨ ᠤᠯᠠᠮᠵᠢᠯᠠᠨ ᠵᠠᠯᠭᠠᠮᠵᠢᠯᠠᠭᠤᠯᠵᠤ᠂ ᠦᠨᠳᠦᠰᠦᠲᠡᠨ ᠤ | ᠰᠤᠶᠤᠯ ᠤᠨ ᠢᠶᠠᠨ ᠲᠦᠯᠦᠬᠡ ᠵᠢᠳᠬᠦᠵᠤ ᠶᠠᠪᠤᠭ᠎ᠠ ᠭᠠᠷᠮᠠᠭᠠᠢ ᠤᠷᠠᠯᠢᠭᠴᠢᠨ ᠪᠢᠯᠡ᠃ | |