ᠰᠦᠨᠢᠳ ᠵᠡᠬᠦᠨ ᠬᠤᠰᠢᠭᠤᠨ ᠤ ᠪᠠᠶᠠᠨᠨᠠᠭᠤᠷ ᠪᠠᠯᠭᠠᠰᠤᠨ ᠤ ᠪᠠᠶᠠᠨᠰᠢᠭᠤᠢ ᠭᠠᠴᠠᠭᠠᠨ ᠤ ᠠᠳᠤᠭᠤᠨ ᠰᠢᠷ᠎ᠠ ᠶᠢᠨ | ᠡᠯᠢᠬᠡᠨ ᠳᠤ ᠲᠠᠪᠤᠨ ᠬᠤᠰᠢᠭᠤ ᠮᠠᠯ ᠤᠨ ᠬᠡᠰᠢᠭ ᠬᠤᠷᠤᠶᠢᠯᠠᠵᠤ᠂ ᠲᠠᠩᠰᠤᠭ ᠠᠮᠢᠳᠤᠷᠠᠯ ᠢᠶᠠᠨ ᠴᠤᠭᠴᠠᠯᠠᠵᠤ ᠶᠠᠪᠤᠭ᠎ᠠ | ᠮᠠᠯᠴᠢᠨ ᠬᠦᠷᠡᠯ ᠪᠤᠯ ᠤᠳᠤᠮ ᠳᠠᠮᠵᠢᠭᠰᠠᠨ ᠵᠠᠩᠭᠢᠶᠠᠲᠤ ᠪᠦᠬᠡᠴᠢᠨ᠂ ᠤᠷ᠎ᠠ ᠤᠬᠠᠭᠠᠨ ᠦᠪᠯᠡᠭᠰᠡᠨ ᠤᠷᠠᠨ ᠰᠤᠷᠴᠢᠨ | ᠶᠤᠮ᠃ | ᠤᠳᠤᠮ ᠳᠠᠭᠠᠭᠰᠠᠨ ᠪᠦᠬᠡᠴᠢᠨ᠂ ᠤᠶᠠᠭᠠᠴᠢᠨ | ᠬᠦᠷᠡᠯ ᠤᠨ ᠡᠪᠦᠭᠡ ᠠᠪᠤ ᠳᠠᠷᠬᠠᠨ ᠪᠦᠬᠡᠴᠢᠨ ᠪᠤᠶ᠋ᠬᠠᠨᠷᠪᠢᠵᠢᠬᠤ ᠨᠤᠲᠤᠭ ᠤᠰᠤᠨ ᠳᠤ ᠪᠠᠨ ᠨᠡᠷ᠎ᠡ | ᠠᠯᠳᠠᠷᠰᠢᠭᠰᠠᠨ ᠪᠤᠰᠤᠭ᠎ᠠ ᠠᠪᠤᠷᠭᠤ᠂ ᠪᠠᠰᠠ ᠮᠤᠳᠤᠴᠢᠨ᠂ ᠰᠤᠷᠴᠢᠨ᠂ ᠮᠦᠩᠭᠦᠨ ᠳᠠᠷᠬᠠᠨ ᠵᠡᠷᠭᠡ ᠤᠯᠠᠨ | ᠵᠤᠶᠢᠯ ᠳᠤ ᠠᠪᠢᠶᠠᠰ ᠲᠠᠢ ᠬᠦᠮᠦᠨ ᠪᠠᠶᠢᠭᠰᠠᠨ ᠭᠡᠳᠡᠭ᠃ ᠬᠦᠷᠡᠯ ᠬᠠᠷᠠᠬᠠᠨ ᠪᠠᠭ᠎ᠠ ᠠᠴᠠ ᠪᠠᠨ ᠡᠪᠦᠭᠡ | ᠠᠪᠤ ᠶᠢᠨ ᠢᠶᠠᠨ ᠨᠦᠯᠦᠬᠡ ᠪᠠᠷ ᠪᠦᠬᠡ ᠮᠤᠷᠢᠨ ᠳᠤ ᠬᠤᠷᠤᠬᠠᠢ ᠲᠠᠢ ᠪᠤᠯᠵᠤ᠂ ᠨᠤᠲᠤᠭ ᠤᠨ ᠢᠶᠠᠨ ᠨᠠᠶᠢᠷ | ᠨᠠᠭᠠᠳᠤᠮ ᠢᠶᠠᠷ ᠵᠤᠳᠤᠭᠯᠠᠵᠤ᠂ 128 ᠪᠦᠬᠡ᠂ 64 ᠪᠦᠬᠡ ᠲᠠᠢ ᠨᠠᠶᠢᠷ ᠲᠤ ᠠᠷᠪᠠ ᠭᠠᠷᠤᠢ ᠤᠳᠠᠭ᠎ᠠ | ᠲᠡᠷᠢᠬᠦᠨ ᠳᠡᠳ᠋ ᠲᠤ ᠤᠷᠤᠵᠤ᠂ ᠲᠡᠬᠦᠨ ᠤ ᠤᠶᠠᠭᠰᠠᠨ ᠮᠤᠷᠢ ᠨᠢ ᠴᠦ ᠨᠠᠶᠢᠷ ᠨᠠᠭᠠᠳᠤᠮ ᠳᠤ ᠠᠶᠢᠷᠠᠭ ᠤᠨ | ᠲᠠᠪᠤ ᠠᠴᠠ ᠪᠠᠭᠤᠭ᠎ᠠ ᠦᠬᠡᠢ ᠬᠤᠷᠳᠤᠯᠠᠭᠰᠠᠨ ᠲᠡᠤᠬᠡ ᠲᠠᠢ᠃ | ᠭᠠᠷ ᠤᠷᠠᠯᠠᠯ ᠬᠢᠵᠤ ᠤᠷᠤᠯᠭ᠎ᠠ ᠡᠬᠦᠳᠦᠨ᠎ᠡ | ᠬᠦᠷᠡᠯ ᠬᠠᠷᠠᠬᠠᠨ ᠪᠠᠭ᠎ᠠ ᠠᠴᠠ ᠪᠠᠨ ᠠᠵᠢᠭᠴᠢ ᠬᠢᠷᠠᠬᠠᠢ ᠪᠠᠶᠢᠵᠤ᠂ ᠡᠪᠦᠭᠡ ᠠᠪᠤ ᠠᠴᠠ ᠪᠠᠨ ᠭᠠᠷ ᠤᠷᠠᠯᠠᠯ ᠤᠨ | ᠮᠡᠷᠭᠡᠵᠢᠯ ᠰᠤᠷᠴᠤ᠂ ᠦᠪᠡᠷ ᠢᠶᠠᠨ ᠴᠦ ᠳᠤᠷ᠎ᠠ ᠪᠠᠬ᠎ᠠ ᠲᠠᠢ᠂ ᠤᠷᠤᠯᠳᠤᠯᠭ᠎ᠠ ᠲᠠᠢ ᠪᠠᠶᠢᠳᠠᠭ ᠢᠶᠠᠷ ᠠᠷᠪᠠ ᠭᠠᠷᠤᠢ | ᠨᠠᠰᠤᠨ ᠠᠴᠠ ᠪᠠᠨ ᠨᠤᠭᠲᠤ ᠵᠠᠩᠭᠢᠳᠴᠤ ᠴᠢᠳᠤᠷ ᠵᠠᠰᠠᠵᠤ ᠡᠬᠢᠯᠡᠪᠡ᠃ ᠲᠡᠬᠦᠨ ᠤ ᠨᠤᠭᠲᠤ ᠬᠠᠵᠠᠭᠠᠷ᠂ ᠵᠢᠷᠢᠮ᠂ | ᠴᠢᠳᠤᠷ᠂ ᠡᠮᠡᠬᠡᠯ ᠨᠢ ᠤᠨᠴᠠᠯᠢᠭ ᠲᠠᠢ ᠭᠤᠶᠤᠮᠰᠤᠭ ᠰᠠᠶᠢᠬᠠᠨ ᠪᠠᠶᠢᠳᠠᠭ ᠢᠶᠠᠷ ᠢᠶᠠᠨ ᠬᠡᠷᠡᠭᠯᠡᠭᠴᠢᠳ ᠤᠨ ᠬᠠᠯᠠᠭᠤᠨ | ᠬᠦᠷᠢᠶᠡᠯᠡᠯ ᠢ ᠤᠯᠳᠠᠭ᠃ ᠤᠶᠢᠷ᠎ᠠ ᠶᠢᠨ ᠬᠡᠳᠤᠨ ᠵᠢᠯ ᠳᠤ ᠵᠠᠬᠢᠶᠠᠯᠠᠭ᠎ᠠ ᠪᠠᠷ 100 ᠭᠠᠷᠤᠢ ᠡᠮᠡᠬᠡᠯ ᠰᠤᠷᠯᠠᠵᠤ | ᠵᠠᠰᠠᠵᠤ᠂ ᠴᠤᠯ ᠮᠦᠩᠭᠦᠨ ᠡᠮᠡᠬᠡᠯ ᠢ 1 ᠲᠦᠮᠡᠨ ᠲᠦᠬᠦᠷᠢᠭ᠂ ᠶᠠᠩ ᠪᠠᠢ ᠲᠦᠩ ᠡᠮᠡᠬᠡᠯ ᠢ 4000 ᠠᠴᠠ | 5000 ᠲᠦᠬᠦᠷᠢᠭ ᠤᠨ ᠦᠨ᠎ᠡ ᠪᠠᠷ ᠬᠤᠳᠠᠯᠳᠤᠵᠤ᠂ ᠵᠢᠯ ᠤᠨ ᠴᠡᠪᠡᠷ ᠤᠷᠤᠯᠭ᠎ᠠ ᠨᠢ 4 ᠲᠦᠮᠡ ᠭᠠᠷᠤᠢ | ᠲᠦᠭᠦᠷᠢᠭ ᠲᠤ ᠬᠦᠷᠦᠭᠰᠡᠨ ᠪᠠᠶᠢᠨ᠎ᠠ᠃ | | | | | | | | |