ᠤᠯᠤᠰ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ 5 ᠰᠠᠷ᠎ᠠ ᠶᠢᠨ | 24 ᠤ ᠡᠳᠦᠷ ᠲᠦᠭᠰᠢᠭᠦᠷᠢ ᠶᠢᠨ ᠰᠠᠨᠠᠭᠤᠯᠤᠮᠵᠢ ᠨᠡᠶᠢᠲᠡᠯᠡᠵᠦ ᠬᠡᠯᠡᠬᠦ ᠳᠡᠭᠡᠨ᠂ ᠣᠶᠢᠷ᠎ᠠ ᠳᠤ᠂ ᠮᠡᠬᠡᠯᠡᠯ ᠤᠨ | ᠪᠦᠯᠬᠦᠮ ᠨᠢ ᠵᠢᠭᠡᠯᠡᠯᠭᠡ ᠬᠤᠳᠠᠯᠳᠤᠨ ᠠᠪᠬᠤ ᠳᠤ ︽ᠤᠷᠢᠳᠴᠢᠯᠠᠨ ᠵᠣᠭᠤᠰ ᠲᠤᠰᠢᠶᠠᠬᠤ ᠦᠭᠡᠢ︾ ᠭᠡᠵᠦ ᠬᠤᠳᠠᠯ | ᠬᠠᠭᠤᠷᠮᠠᠭ ᠢᠶᠠᠷ ᠤᠬᠠᠭᠤᠯᠵᠤ᠂ ᠠᠵᠢᠯ ᠡᠷᠢᠭᠰᠡᠳ ᠤᠨ ︽ᠠᠵᠢᠯ ᠣᠯᠬᠤ ᠪᠠᠷ ᠶᠠᠭᠠᠷᠠᠵᠤ ᠪᠠᠶᠢᠬᠤ︾ ᠰᠡᠳᠬᠢᠴᠡ ᠶᠢ | ᠠᠰᠢᠭᠯᠠᠨ᠂ ᠰᠦᠯᠵᠢᠶᠡᠨ ᠳᠡᠭᠡᠷ᠎ᠡ ︽ᠥᠨᠳᠥᠷ ᠴᠠᠯᠢᠩ ᠢᠶᠠᠷ ᠠᠵᠢᠯᠲᠠᠨ ᠡᠯᠰᠡᠬᠦ︾᠂ ︽ᠳᠠᠳᠤᠯᠭ᠎ᠠ ᠬᠢᠬᠦ︾ ᠵᠡᠷᠭᠡ | ᠬᠤᠳᠠᠯ ᠬᠠᠭᠤᠷᠮᠠᠭ ᠮᠡᠳᠡᠭᠡ ᠵᠠᠩᠭᠢ ᠨᠡᠶᠢᠲᠡᠯᠡᠵᠦ ᠪᠠᠶᠢᠨ᠎ᠠ᠂ ᠵᠢᠱᠢᠶᠡᠯᠡᠪᠡᠯ ᠬᠡᠢ ᠬᠤᠭᠤᠰᠤᠨ ᠪᠠᠷᠠᠭ᠎ᠠ ᠲᠡᠭᠡᠭᠡᠪᠦᠷᠢᠯᠡᠬᠦ | ᠺᠣᠮᠫᠠᠨᠢ ᠪᠠᠶᠢᠭᠤᠯᠵᠤ᠂ ᠨᠠᠷᠢᠯᠢᠭ ᠨᠠᠶᠢᠷᠠᠭᠤᠯᠤᠭᠰᠠᠨ ᠦᠭᠡ ᠬᠡᠯᠡ ᠪᠠᠷ ᠵᠢᠯᠣᠭᠤᠴᠢ ᠶᠢ ᠥᠳᠥᠭᠡᠨ ᠵᠢᠭᠡᠯᠡᠯᠭᠡ | ᠭᠤᠶᠤᠴᠢᠯᠠᠵᠤ ᠲᠡᠷᠭᠡ ᠬᠤᠳᠠᠯᠳᠤᠨ ᠠᠪᠤᠭᠤᠯᠬᠤ ᠪᠠᠷ ︽ᠠᠵᠢᠯ ᠳᠤ ᠣᠷᠣᠬᠤ︾ ᠪᠤᠶᠤ ᠬᠤᠯᠪᠣᠭᠠᠨ ᠳᠤ ᠣᠷᠣᠬᠤ | ᠰᠦᠢᠳᠬᠡᠯ ᠲᠤᠰᠢᠶᠠᠯᠭᠠᠵᠤ᠂ ᠤᠷᠢᠭᠳᠠᠬᠤ ᠵᠢᠯᠣᠭᠤᠴᠢ ᠲᠡᠷᠭᠡ ᠪᠠᠨ ᠠᠪᠤᠭᠰᠠᠨ ᠤ ᠳᠠᠷᠠᠭ᠎ᠠ ᠠᠵᠢᠯ ᠣᠯᠬᠤ ᠳᠤ | ᠬᠦᠴᠢᠷᠲᠡᠢ᠂ ᠲᠡᠷᠭᠡ ᠪᠠᠨ ᠪᠤᠴᠠᠭᠠᠬᠤ ᠳᠤ ᠬᠦᠴᠢᠷᠲᠡᠢ᠂ ᠵᠣᠭᠤᠰ ᠢ ᠨᠢ ᠪᠤᠴᠠᠭᠠᠬᠤ ᠳᠤ ᠬᠦᠴᠢᠷᠲᠡᠢ ᠪᠣᠯᠵᠤ᠂ | ᠡᠴᠦᠰ ᠲᠡᠭᠡᠨ ᠵᠢᠱᠢᠭᠰᠡᠨ ᠣᠷᠣᠯᠭ᠎ᠠ ᠪᠠᠨ ᠣᠯᠵᠤ ᠴᠢᠳᠠᠬᠤ ᠦᠭᠡᠢ ᠬᠠᠷᠢᠨ ᠶᠡᠭᠡ ᠲᠣᠭᠠᠨ ᠤ ᠥᠷᠢ ᠥᠭᠴᠡᠭᠡ ᠳᠤ | ᠣᠷᠣᠵᠤ ᠪᠠᠶᠢᠨ᠎ᠠ᠃ ᠡᠶᠢᠮᠦᠷᠬᠦ ᠮᠡᠬᠡᠯᠡᠯ ᠨᠢ ᠪᠠᠰᠠ ᠠᠵᠢᠯᠲᠠᠨ ᠡᠯᠰᠡᠬᠦ ᠨᠡᠷ᠎ᠡ ᠪᠠᠷ ᠠᠵᠢᠯ ᠡᠷᠢᠭᠴᠢ ᠶᠢ ᠮᠡᠬᠡᠯᠡᠨ | ᠲᠡᠳᠡᠨ ᠠᠴᠠ ᠲᠤᠰᠢᠶᠠᠯ ᠤᠨ ᠪᠠᠶᠢᠷᠢ ᠶᠢᠨ ᠬᠡᠷᠡᠭᠴᠡᠭᠡ᠂ ᠪᠣᠯᠪᠠᠰᠤᠷᠠᠯ ᠤᠨ ᠰᠦᠢᠳᠬᠡᠯ᠂ ᠮᠠᠲ᠋ᠧᠷᠢᠶᠠᠯ ᠤᠨ | ᠰᠦᠢᠳᠬᠡᠯ᠂ ᠪᠠᠲᠤᠯᠠᠭ᠎ᠠ ᠶᠢᠨ ᠮᠥᠩᠭᠦ ᠵᠡᠷᠭᠡ ᠡᠯ᠎ᠡ ᠲᠥᠷᠥᠯ ᠤᠨ ᠰᠦᠢᠳᠬᠡᠯ ᠬᠤᠷᠢᠶᠠᠵᠤ᠂ ᠴᠢᠨᠠᠭᠰᠢᠯᠠᠪᠠᠯ ᠠᠵᠢᠯ | ᠡᠷᠢᠭᠴᠢ ᠶᠢ ᠥᠳᠥᠭᠡᠨ ᠵᠢᠭᠡᠯᠡᠯᠭᠡ ᠶᠢᠨ ᠲᠠᠪᠴᠠᠩ ᠤᠨ ᠵᠢᠭᠡᠯᠡᠯᠭᠡ ᠶᠢ ᠵᠢᠭᠡᠯᠡᠭᠦᠯᠦᠨ ᠬᠤᠯᠪᠣᠭᠳᠠᠯ ᠪᠦᠬᠦᠢ | ᠰᠦᠢᠳᠬᠡᠯ ᠢ ᠲᠥᠯᠥᠭᠦᠯᠵᠦ ᠪᠠᠶᠢᠨ᠎ᠠ ᠭᠡᠪᠡ᠃ | |